ᠰᠤᠷᠭᠠᠭᠤᠯᠢ ᠶᠢᠨ ᠬᠦᠷᠢᠶᠡᠨ ᠤ ᠨᠠᠷᠭᠢᠶᠠᠨ ᠱᠤᠤᠭᠢᠶᠠᠨ
ᠨᠡᠶᠢᠲᠡᠯᠡᠭᠰᠡᠨ ᠴᠠᠭ᠄
2020-07-28
    ᠰᠡᠴᠡᠨ ᠤᠷᠢᠬᠠᠨ ᠬᠠᠪᠤᠷ ᠤᠨ ᠲᠤᠯᠠᠭᠠᠨ ᠴᠠᠭ ᠲᠤ ᠤᠳᠠᠨ ᠮᠦᠴᠢᠷ ᠰᠠᠯᠬᠢᠨ᠎ᠠ ᠨᠠᠶᠢᠭᠤᠬᠤ ᠮᠡᠳᠤ ᠤᠶᠤᠨ ᠢ ᠬᠦᠷᠳᠡᠭᠴᠢ ᠭᠦᠭᠡᠷᠦᠭᠦᠨ ᠰᠤᠷᠤᠭᠴᠢᠳ ᠤᠷᠭᠤᠬᠤ ᠨᠠᠷᠠᠨ ᠢᠶᠠᠷ ᠪᠢᠳᠡᠨ ᠢ ᠤᠭᠳᠤᠨᠠᠮ ᠠᠭᠠᠬᠢᠮ᠎ᠠ ᠵᠤᠨ ᠤ ᠬᠠᠯᠠᠭᠤᠨ ᠴᠠᠭ ᠲᠤ ᠠᠭᠠᠷ ᠲᠡᠭᠷᠢ ᠠᠴᠠ ᠠᠰᠬᠠᠷᠠᠬᠤ ᠬᠤᠷ᠎ᠠ ᠰᠢᠭ᠋ ᠠᠩᠭ᠎ᠠ ᠰᠤᠷᠤᠭᠴᠢᠳ ᠤᠨ ᠨᠠᠷᠬᠢᠶᠠᠨ ᠱᠤᠤᠭᠢᠶᠠᠨ ᠠᠷᠠᠳ ᠤᠨ ᠪᠠᠭᠰᠢ ᠶᠢᠨ ᠰᠡᠳᠬᠢᠯ ᠤᠨ ᠨᠠᠮᠢᠷᠠᠭ᠎ᠠ ᠠᠯᠳᠠᠨ ᠰᠢᠷᠭᠠᠯ ᠲᠠᠩᠰᠤᠭ ᠨᠠᠮᠤᠷ ᠢᠶᠠᠷ ᠠᠷᠪᠢᠨ ᠡᠷᠳᠡᠮ ᠤᠨ ᠰᠢᠮ᠎ᠡ ᠶᠢ ᠬᠦᠷᠳᠡᠭᠡᠳ ᠠᠬᠢᠵᠤ ᠲᠠᠪᠰᠢᠬᠤ ᠲᠠᠭᠤᠤ ᠪᠠᠨ ᠬᠠᠩᠨᠠᠭᠤᠯᠵᠤ ᠠᠰᠢᠳᠠ ᠶᠢᠨ ᠪᠠᠶᠠᠷ ᠢᠶᠠᠷ ᠨᠠᠷᠭᠢᠬᠤ ᠱᠤᠤᠭᠢᠶᠠᠨ ᠠᠷᠪᠠᠨ ᠰᠠᠷ᠎ᠠ ᠶᠢᠨ ᠠᠩᠬᠠᠨ ᠤ ᠴᠠᠰᠤᠨ ᠠᠭᠠᠷ ᠠᠴᠠ ᠪᠠᠭᠤᠬᠤ ᠬᠠᠰ ᠤᠨ ᠬᠡᠮᠭᠡᠳᠡᠭ ᠠᠯᠢᠶ᠎ᠠ ᠬᠦᠭᠡᠷᠦᠭᠦᠨ ᠰᠤᠷᠤᠭᠴᠢᠳ ᠤᠨ ᠱᠤᠤᠭᠢᠶᠠᠨ ᠠᠷᠠᠳ ᠤᠨ ᠪᠠᠭᠰᠢ ᠮᠢᠨᠤ ᠰᠡᠳᠬᠢᠯ ᠤᠨ ᠭᠡᠭᠡ ᠡᠭᠡᠰᠢᠭ ᠲᠤᠯᠤᠭᠠᠨ ᠦᠰᠦᠭ ᠤᠶᠠᠩᠭᠠᠯᠠᠬᠤ ᠡᠪᠡᠢ ᠬᠡᠤᠬᠡᠳ ᠤᠨ ᠤᠶᠤᠨ ᠤ ᠲᠡᠭᠡᠵᠢ ᠤᠨ ᠤᠨ ᠢᠶᠠᠷ ᠲᠡᠭᠳᠡᠷᠯᠡᠨ ᠲᠠᠪᠰᠢᠬᠤ ᠤᠶᠤᠨ ᠤ ᠲᠦᠯᠬᠢᠭᠦᠷ ᠠᠳᠬᠤᠬᠤ ᠰᠤᠷᠤᠭᠴᠢ ᠶᠢᠨ ᠨᠠᠷᠬᠢᠶᠠᠨ ᠲᠠᠭᠤᠨ ᠤ ᠨᠤᠲ ᠰᠢᠭ ᠰᠤᠷᠤᠭᠴᠢ ᠶᠢᠨ ᠨᠠᠷᠭᠢᠶᠠᠨ ᠲᠤᠯᠤᠭᠠᠨ ᠠᠶᠠᠯᠭᠤ ᠰᠤᠷᠭᠠᠭᠤᠯᠢ ᠶᠢᠨ ᠬᠦᠭᠵᠢᠮ ᠲᠠᠪᠰᠢᠨ ᠰᠤᠷᠬᠤ ᠬᠡᠤᠬᠡᠳ ᠤᠨ ᠨᠠᠷᠭᠢᠶᠠᠨ ᠲᠠᠷᠠᠭ᠎ᠠ ᠵᠠᠭᠤᠨ ᠤ ᠵᠢᠩᠬᠢᠨᠢ ᠡᠵᠡᠳ ᠭᠤᠭᠤᠰᠤᠳᠠᠢ ᠬᠠᠶᠢᠷᠬᠠᠨ ᠭᠤᠷᠪᠠᠨ ᠭᠤᠤᠯ ᠭᠤᠸ᠎ᠠ ᠰᠠᠶᠢᠬᠠᠨ ᠤ ᠢᠷᠦᠭᠡᠯ ᠴᠢᠪᠬᠠᠳᠠᠬᠤᠯᠠᠷ ᠭᠤᠶᠠᠴᠢ ᠦᠭᠡᠢ ᠰᠡᠳᠬᠢᠯ ᠲᠠᠢ ᠰᠤᠷᠤᠭᠴᠢ ᠶᠢᠨ ᠨᠠᠷᠭᠢᠶᠠᠨ ᠭᠤᠯᠤᠮᠳᠠ ᠪᠠᠨ ᠪᠠᠳᠠᠷᠠᠭᠠᠬᠤ ᠰᠢᠳᠢᠳᠤ ᠬᠡᠶᠢᠮᠤᠷᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号