ᠠᠭᠤᠯᠠᠰ ᠤᠨ ᠳᠤᠮᠳᠠ ᠪᠠᠨ ᠡᠷᠭᠡ ᠬᠤᠩᠭᠤᠷ
ᠨᠡᠶᠢᠲᠡᠯᠡᠭᠰᠡᠨ ᠴᠠᠭ᠄
2020-07-20
  ᠰᠸ᠊ ·  ᠬᠠᠰᠡᠦ᠋ᠯᠵᠡᠢ〔 ᠤᠯᠠᠭᠠᠨᠬᠠᠳᠠ ᠬᠤᠳᠠ ᠶᠢᠨ ᠪᠠᠷᠠᠭᠤᠨ ᠪᠠᠭᠠᠷᠢᠨ ᠬᠤᠰᠢᠭᠤᠨ ᠤ ᠳ᠋ᠠᠪᠠᠨ ᠤ ᠨᠢᠭᠡᠳᠦᠭᠡᠷ ᠳᠤᠮᠳᠠᠳᠤ ᠰᠤᠷᠭᠠᠭᠤᠯᠢ                      ᠬᠤᠯᠪᠤᠭ᠎ᠠ ᠪᠠᠷᠢᠬᠤ᠄13947362761 〕                                                        ᠠᠭᠤᠯᠠᠰ ᠤᠨ ᠳᠤᠮᠳᠠ ᠪᠠᠨ ᠡᠷᠭᠡ ᠬᠤᠩᠭᠤᠷ ᠠᠭᠤᠯᠠᠰ ᠮᠢᠨᠢ ᠶᠠᠭ ᠯᠠ ᠰᠤᠳᠤᠷ ᠪᠢᠴᠢᠭ ᠤᠨ ᠬᠦᠷᠢᠶᠡᠯᠡᠩ ᠰᠢᠭ ᠶᠤᠮ᠃    ᠦᠩᠭᠡᠷᠡᠭᠰᠡᠨ ᠪᠦᠭᠦᠨ ᠢ ᠠᠯᠤᠰ  ᠤᠨ ᠵᠡᠷᠭᠡᠯᠭᠡᠨ ᠢᠶᠠᠷ ᠲᠣᠰᠤᠭᠤᠯᠤᠨ ᠰᠡᠪᠰᠢᠶ᠎ᠡ ᠰᠠᠯᠬᠢ ᠪᠠᠷ  ᠳᠠᠯᠠᠯᠬᠤ ᠳᠤ ᠲᠡᠷᠡ ᠴᠠᠭ ᠦᠶ᠎ᠡ ᠵᠢᠨ‌ᠦᠯᠢᠭᠡᠷ ᠤᠨ ᠪᠠᠭᠠᠳᠤᠷ᠂ ᠵᠦᠳᠡᠵᠦ ᠵᠣᠪᠠᠭᠰᠠᠨ ᠦᠢᠯᠡ ᠶᠠᠪᠤᠳᠠᠯ᠂ ᠳᠦᠷᠪᠡᠨ ᠤᠯᠠᠷᠢᠯ ᠤᠨ ᠦᠩᠭᠡ ᠳᠦᠷᠬᠦ ᠪᠠᠷ ᠴᠤᠭᠴᠠᠯᠠᠨ ᠵᠢᠷᠤᠭᠯᠠᠭᠰᠠᠨ ᠠᠬᠤᠢ ᠤᠷᠴᠢᠨ ᠨᠢ ᠨᠠᠳᠠ ᠪᠠᠶᠢᠨ ᠪᠠᠶᠢᠨ ᠤᠩᠭᠤᠳ ᠤᠬᠠᠭᠠᠷᠠᠯ ᠢ ᠢᠯᠡᠭᠡᠬᠦ ᠮᠡᠳᠦ᠃ ᠠᠭᠤᠯᠠᠰ  ᠢᠶᠠᠨ ᠪᠢ ᠰᠤᠳᠤᠷ ᠪᠢᠴᠢᠭ ᠬᠡᠵᠦ ᠲᠦᠰᠦᠭᠡᠯᠡᠨ ᠨᠡᠷ᠎ᠡ ᠶᠢ ᠨᠢ ᠨᠠᠷᠠ ᠵᠦᠪ ᠢᠶᠠᠷ ᠲᠠᠷᠠᠭᠠᠯᠠᠨ ᠲᠠᠭᠤᠳᠠᠬᠤ   ᠳᠤ ᠲᠠᠯᠡᠭᠡᠢ ᠶᠢᠨ ᠶᠠᠮᠠᠷ ᠴᠦ ᠲᠤᠮᠤ ᠢᠷᠠᠭᠤ ᠨᠠᠶᠢᠷᠠᠭᠴᠢ ᠶᠢᠨ ᠨᠤᠮ ᠤᠨ ᠭᠠᠷᠴᠠᠭ ᠠᠴᠠ  ᠡᠰᠡ ᠲᠤᠳᠠᠮ᠎ᠠ ᠤᠷᠠᠨ  ᠰᠠᠶᠢᠬᠠᠨ ᠬᠡᠵᠦ ᠪᠠᠷᠳᠠᠮ ᠰᠠᠨᠠᠭᠳᠠᠬᠤ ᠶᠢ  ᠬᠡᠷᠬᠢᠨᠡᠮ  ᠃ ᠴᠢᠳᠠᠭᠴᠢ ᠮᠡᠳᠡᠭᠴᠢ ᠬᠡᠵᠦ ᠪᠠᠶᠢᠯ᠎ᠠ ᠴᠦ  ᠂ ᠪᠦᠬᠦᠨ ᠢ ᠴᠢᠳᠠᠭᠴᠢ ᠪᠦᠬᠦᠨ ᠢ ᠮᠡᠳᠡᠭᠴᠢ ᠭᠡᠵᠦ ᠬᠡᠵᠢᠶ᠎ᠡ ᠬᠠᠮᠢᠭ᠎ᠠ ᠪᠠᠶᠢᠨ᠎ᠠ ᠪᠤᠢ︖ ᠬᠦᠭᠡᠷᠦᠬᠦᠢ ᠪᠢ ᠤᠭᠠᠯᠵᠠᠯᠠᠨ ᠤᠭᠠᠯᠵᠠᠯᠠᠨ ᠤᠷᠤᠰᠤᠭᠰᠠᠨ ᠤᠷᠠᠨ ᠭᠡ ᠳᠤᠬᠤᠢ ᠲᠠᠢ᠂ ᠨᠢᠳᠤᠨ ᠪᠤᠯᠠᠭ ᠲᠠᠢ᠂ ᠳ᠋ᠦᠩ ᠡᠪᠤᠯ ᠤᠨ ᠬᠦᠢᠳᠡᠨ ᠳᠤ ᠠᠭᠤᠷ ᠪᠠᠭᠠᠬᠢᠭᠰᠠᠨ ᠬᠠᠷᠠᠵᠠ ᠲᠠᠢ᠂ ᠲᠡᠭᠷᠢ ᠶᠢᠨ ᠬᠠᠭᠠᠯᠭ᠎ᠠ ᠨᠡᠭᠡᠭᠡᠭᠳᠡᠨ ᠭᠠᠯᠠᠭᠤᠳ ᠢᠷᠡᠬᠦ ᠪᠠᠷ ᠵᠢᠬᠦᠷ ᠠᠮᠠᠷᠠᠨ ᠭᠠᠷᠳᠠᠭ ᠦᠷᠳᠡᠭᠡ  ᠳᠤᠭᠤᠷᠢᠮ ᠲᠠᠢ ᠨᠠᠷᠢᠨ ᠭᠤᠤᠯ ᠤᠨ ᠳᠡᠨᠵᠢᠨ ᠳᠤ  ᠤᠬᠢᠯᠠᠨ ᠲᠠᠭᠤᠯᠠᠨ ᠦᠰᠴᠠᠢ᠃  ᠮᠡᠳᠡᠶ᠎ᠡ ᠴᠢᠳᠠᠶ᠎ᠠ ᠭᠡᠳᠡᠭ ᠲᠤ  ᠭᠦᠳᠦᠯᠦᠭᠳᠡᠭᠦ  ᠬᠦᠳᠡᠭᠡ ᠶᠢᠨ ᠬᠡᠦᠭᠡᠳ  ᠡᠷᠭᠡ ᠨᠢ ᠡᠷᠭᠡ  ᠴᠤ ᠡᠬᠡ ᠪᠠᠶᠢᠭᠠᠯᠢ   ᠳᠠᠭᠠᠨ ᠡᠷᠭᠡ  ᠂ ᠡᠵᠢ ᠠᠪᠤ ᠳᠠᠭᠠᠨ ᠡᠷᠬᠡ᠃  ᠪᠡᠷᠭᠡ ᠨᠢ ᠪᠡᠷᠬᠡ  ᠴᠤ ᠬᠤᠷᠠᠭ᠎ᠠ ᠳᠤᠭᠤᠯ ᠤᠨ ᠬᠤᠶᠢᠨ᠎ᠠ ᠠᠴᠠ  ᠭᠦᠶᠦᠬᠦ  ᠠᠵᠢᠨ ᠳᠠᠭᠠᠨ ᠪᠡᠷᠭᠡ᠃   ᠨᠠᠷᠠ ᠵᠢᠪᠠᠷ ᠲᠤ ᠭᠦᠳᠡᠷᠰᠢᠬᠦ ᠬᠦᠳᠡᠭᠡ ᠬᠡᠤᠭᠡᠳ   ᠤᠨ ᠴᠢᠷᠠᠢ  ᠳᠠᠩᠳᠠ  ᠶᠡᠭᠡ ᠣᠰᠬᠤᠷᠳᠤᠨ᠎ᠠ  ᠃  ᠡᠳᠦᠷᠵᠢᠨ ᠬᠤᠷᠠᠭ᠎ᠠ ᠲᠤᠭᠤᠯ ᠡᠷᠬᠢᠬᠦᠯᠦᠨ ᠰᠠᠯᠬᠢ ᠲᠠᠳᠠᠳᠠᠯ᠎ᠠ  ᠳᠠᠪᠬᠢᠭᠠᠳ ᠤᠰᠬᠤᠷᠳᠤᠨ᠎ᠠ᠃ ᠱᠠᠩ ᠤᠨ ᠠᠭᠠᠷᠤᠤᠯ ᠭᠡᠵᠦ ᠪᠢᠴᠢᠬᠠᠨ ᠠᠯᠠᠭᠠᠨ ᠳᠤ ᠪᠠᠨ ᠡᠵᠢ ᠠᠴᠠ ᠪᠠᠨ ᠬᠠᠶᠢᠷ᠎ᠠ ᠬᠡᠰᠢᠭ ᠬᠦᠷᠳᠡᠨ᠎ᠡ᠃ ᠲᠤᠮᠤᠴᠤᠤᠯ ᠢ ᠲᠠᠭᠠᠨ ᠠᠷᠤᠭ ᠰᠠᠪᠠᠷ ᠪᠠᠵᠠᠭᠠᠨ ᠡᠷᠳᠡ  ᠳᠤᠰᠠ ᠳᠤ ᠤᠷᠤᠨ᠎ᠠ᠃ ᠡᠨᠡ ᠪᠦᠬᠦᠨ ᠪᠠᠭ᠎ᠠ ᠨᠠᠰᠤ ᠶᠢ ᠮᠢᠨᠢ ᠬᠠᠷᠠᠨᠳᠠ ᠪᠠᠷ ᠲᠠᠳᠠᠯᠠᠨ ᠲᠠᠨᠵᠢ ᠶᠢᠨ ᠨᠢᠯᠬᠠᠬᠠᠨ ᠨᠠᠷᠠ ᠲᠠᠢ ᠴᠤᠭ ᠲᠤᠷᠤᠨ᠎ᠠ ᠶᠢᠨ ᠴᠡᠩᠭᠡᠷ ᠠᠭᠤᠯᠠᠰ ᠤᠨ ᠨᠦᠮᠦᠷᠢ ᠬᠠᠵᠠᠭᠤᠳᠠᠬᠤ ᠪᠠᠷ᠎ᠠ ᠳᠤ ᠲᠡᠭᠳᠡᠵᠦ ᠲᠡᠷᠪᠡᠬᠦᠯᠵᠦ ᠲᠠᠯᠪᠢᠵᠠᠢ᠃ ᠬᠦᠮᠦᠨ ᠪᠤᠯᠤᠨ᠎ᠠ ᠭᠡᠭᠴᠢ ᠬᠤᠭᠤᠷ ᠡᠬᠢᠯᠡᠨ ᠰᠤᠷᠳᠠᠭ ᠦᠯᠢᠭᠡᠷᠴᠢ ᠰᠢᠭ ᠪᠠᠶᠢᠳᠠᠭ᠃  ᠳᠡᠭᠡᠭᠦ   ᠳᠤ ᠬᠤᠭᠤᠷ ᠬᠤᠷᠤᠭᠤ ᠬᠤᠶᠠᠷ   ᠨᠢ ᠳᠠᠰᠴᠤ ᠦᠭᠬᠦᠯ ᠦᠭᠡᠢ ᠤᠳᠠᠨ᠎ᠠ᠃  ᠠᠭᠠᠵᠢᠮ ᠠᠭᠠᠵᠢᠮ   ᠳᠤ ᠪᠠᠨ ᠳᠦᠳᠡᠷᠭᠡᠭᠰᠡᠭᠡᠷ ᠤᠶᠢᠷᠠᠳᠤᠨ᠎ᠠ᠃  ᠬᠤᠵᠢᠮ ᠨᠢ ᠢᠨᠠᠭᠤᠨ ᠳᠤᠳᠤᠨᠤ ᠢᠵᠢᠯᠢᠳᠦᠨ᠎ᠡ᠃ ᠡᠨᠡ ᠦᠶ᠎ᠡ ᠳᠤ ᠦᠯᠢᠭᠡᠷ ᠨᠢ ᠲᠦᠷᠢ ᠶᠢᠨ ᠭᠤᠭᠴᠤᠭ᠎ᠠ ᠪᠠᠷ ᠬᠤᠶᠠᠭ ᠴᠡᠷᠢᠭ ᠂ ᠬᠦᠨᠡᠰᠦ ᠵᠡᠪᠰᠡᠭ᠂ ᠬᠦᠯᠦᠭ ᠮᠤᠷᠢ ᠲᠠᠢ ᠪᠠᠨ ᠬᠤᠭᠤᠷᠴᠢ ᠶᠢᠨ ᠴᠡᠭᠡᠵᠢᠨ ᠳᠤ ᠠᠮᠢᠯᠠᠨ᠎ᠠ᠃ ᠠᠮᠢᠯᠠᠭᠰᠠᠨ ᠵᠠᠩᠵᠤᠨ ᠴᠡᠷᠢᠭ ᠨᠢ ᠬᠤᠯᠠ ᠮᠤᠷᠳᠠᠬᠤ ᠪᠣᠯᠤᠨ᠎ᠠ᠃ ᠬᠤᠷᠳᠤᠨ ᠮᠤᠷᠢᠨ ᠳᠤ ᠲᠠᠰᠢᠭᠤᠷ ᠲᠠᠯᠪᠢᠨ ᠠᠯᠤᠰ ᠲᠤ ᠭᠠᠷᠤᠨ᠎ᠠ᠃   ᠪᠤᠭᠤᠮᠳᠠ ᠴᠠᠶᠢᠵᠠ ᠪᠦᠷᠳᠦᠯᠵᠡᠨ ᠬᠠᠷᠠᠭᠳᠠᠨ᠎ᠠ᠃ ᠠᠯᠬᠢᠨᠴᠢ ᠲᠤᠷᠰᠢᠭᠤᠯ  ᠬᠤᠰᠢᠭᠤᠴᠢᠯᠠᠨ ᠳᠠᠪᠬᠢᠭᠤᠯᠤᠨ᠎ᠠ᠃ ᠬᠠᠶᠢᠰᠠᠩ ᠬᠠᠭᠠᠯᠭ᠎ᠠ ᠤᠶᠢᠷᠠᠳᠤᠭᠠᠳ ᠦᠳᠦᠭᠡᠨ ᠪᠠᠶᠢᠯᠳᠤᠬᠤ ᠪᠠᠷ ᠡᠨᠡ ᠪᠦᠯᠦᠭ ᠨᠢ ᠳᠡᠭᠦᠰᠦᠨ᠎ᠡ᠃  ᠳᠠᠷᠠᠭ᠎ᠠ ᠪᠦᠯᠦᠭ ᠨᠢ ᠬᠦᠯᠢᠶᠡᠯᠭᠡᠨ᠎ᠡ᠃  ᠮᠦᠷᠦᠭᠡᠳᠤᠯ ᠭᠡᠳᠡᠭ ᠶᠠᠭᠤᠮ᠎ᠠ ᠶᠠᠭ ᠯᠠ ᠬᠡᠤᠭᠡᠳ ᠨᠠᠰᠤᠨ   ᠤ ᠵᠡᠬᠦᠳᠤᠨ ᠳᠤ ᠦᠷᠭᠦᠯᠵᠢᠯᠡᠭᠰᠡᠨ  ᠪᠧᠨᠰᠡᠨ ᠦᠯᠢᠭᠡᠷ ᠰᠠᠨᠵᠠᠢ᠃ ᠪᠧᠨᠰᠡᠨ ᠦᠯᠢᠭᠡᠷ ᠪᠤᠯ ᠵᠤᠪᠠᠭ᠋ᠤ ᠵᠢᠷᠭᠠᠬᠤ᠂ ᠵᠢᠷᠭᠠᠬᠤ ᠵᠤᠪᠠᠭ᠋ᠤ ᠪᠠᠷ ᠲᠡᠭᠦᠰᠴᠦ ᠪᠤᠯᠳᠠᠭ᠃ ᠮᠠᠨ ᠤ ᠨᠤᠳᠤᠭ ᠤᠨ ᠬᠤᠭᠤᠷᠴᠢ ᠨᠠᠷ ᠵᠣᠪᠠᠭᠰᠠᠨ ᠪᠦᠬᠦᠨ ᠢ ᠡᠷᠬᠢᠬᠦᠯᠦᠭᠡᠳ ᠵᠢᠷᠭᠠᠭᠤᠯᠤᠨ ᠲᠡᠬᠦᠰᠭᠡᠳᠡᠭ ᠡᠷᠳᠡᠮ ᠲᠠᠢ᠃ ᠣᠳᠤ ᠪᠤᠳᠤᠭᠠᠳ ᠦᠵᠡᠪᠠᠯ ᠵᠢᠷᠭᠠᠭᠤᠯᠤᠨ ᠲᠡᠬᠦᠰᠭᠡᠬᠦ ᠨᠢ ᠪᠤᠷᠬᠠᠨ ᠤ ᠤᠷᠤᠨ ᠳᠤ ᠡᠷᠲᠡ ᠬᠦᠷᠦᠭᠰᠡᠨ ᠡᠪᠤᠭᠡᠳ ᠰᠠᠮᠠᠭᠠᠳ ᠤᠨ ᠮᠠᠨᠢ ᠰᠡᠳᠬᠢᠯ ᠵᠦᠢ ᠶᠢ ᠪᠠᠷᠢᠵᠦ ᠵᠣᠪᠠᠭᠰᠠᠨ ᠤ ᠰᠡᠬᠦᠯ ᠳᠤ ᠨᠢ ᠵᠢᠷᠭᠠᠭᠤᠯᠵᠦ ᠴᠢᠳᠠᠳᠠᠭ ᠰᠡᠳᠬᠢᠴᠡ ᠶᠢᠨ ᠤᠬᠠᠭᠠᠨᠳᠠᠨ ᠨᠠᠷ ᠴᠢᠨᠢ ᠬᠤᠭᠤᠷᠴᠢ ᠪᠠᠶᠢᠭᠰᠠᠨ ᠠᠵᠢ᠃ ᠪᠧᠨᠰᠡᠨ ᠦᠯᠢᠭᠡᠷ ᠢ ᠠᠮ ᠰᠠᠮ ᠳᠤ ᠪᠠᠨ ᠵᠢᠷᠭᠠᠭᠠᠵᠦ ᠶᠠᠪᠠᠭᠠᠨ ᠦᠯᠢᠭᠡᠷ ᠪᠣᠯᠭᠠᠬᠤ ᠪᠤᠯ ᠤᠷᠠᠨ ᠵᠣᠬᠢᠶᠠᠯ ᠤᠨ ᠳᠡᠭᠡᠳᠤ ᠪᠣᠯᠪᠠᠰᠤᠷᠠᠭᠤᠯᠤᠯᠳᠠ ᠶᠤᠮ᠃ ᠰᠦᠨᠢ ᠦᠯᠢᠭᠡᠷ ᠰᠤᠨᠤᠰᠤᠨ ᠡᠳᠤᠷ ᠬᠠᠯᠢᠭᠤᠷᠠᠭᠰᠠᠨ ᠲᠡᠷᠡᠰᠦ᠂ ᠬᠢᠯᠭᠠᠨ᠎ᠠ ᠶᠢᠨ ᠨᠠᠮᠠᠭ᠎ᠠ ᠪᠠᠷ ᠰᠢᠯᠪᠢᠬᠦᠷ ᠪᠠᠷᠢᠨ ᠬᠠᠶᠠ ᠳ᠋ᠠᠭᠠᠨ‌ᠵᠠᠶᠢᠳᠠᠩ ᠮᠣᠷᠢ ᠪᠠᠷ ᠳᠠᠪᠬᠢᠭᠤᠯᠬᠤ ᠭᠡᠭᠴᠢ ᠵᠢᠷᠭᠠᠯ ᠶᠤᠮ ᠳ᠋ᠠ᠃     ᠬᠡᠷᠪᠡ ᠬᠡᠦᠬᠡᠳ ᠨᠠᠰᠤᠨ ᠤ ᠤᠢ ᠲᠤᠢ ᠳᠠᠬᠢ ᠪᠦᠬᠦ ᠶᠠᠭᠤᠮ᠎ᠠ  ᠪᠠᠨ ᠬᠦᠮᠦᠷᠭᠡᠯᠡᠵᠦ ᠬᠠᠳᠠᠭᠠᠯᠠᠭᠰᠠᠨ ᠠᠪᠠᠰᠤ ᠥᠨᠦ ᠪᠦᠬᠦᠨ ᠢ ᠨᠢᠭᠡ ᠨᠡᠭᠡᠭᠡᠵᠦ   ᠦᠵᠡᠪᠡᠯ   ᠶᠠᠮᠠᠷ   ᠭᠤᠶᠢᠳᠠ ᠠᠵᠢ᠃   ᠬᠡᠤᠭᠡᠳ ᠪᠠᠭ᠎ᠠ ᠨᠠᠰᠤᠨ ᠤ ᠪᠤᠳᠤᠭᠰᠠᠨ ᠰᠠᠨᠠᠭᠰᠠᠨ ᠶᠠᠭᠤᠮ᠎ᠠ   ᠬᠡᠵᠢᠶ᠎ᠡ ᠬᠤᠵᠢᠮ  ᠴᠤ ᠭᠡᠰᠡᠨ ᠬᠠᠩᠭᠠᠯᠳᠠ ᠲᠠᠢ  ᠲᠡᠯᠭᠡᠭᠳᠡᠳᠡᠭ ᠦᠭᠡᠢ   ᠪᠢᠯᠡ᠃ ᠶᠠᠭᠠᠬᠢᠭᠠᠳ ᠭᠡᠪᠠᠯ ᠮᠠᠷᠳᠠᠯ ᠲᠡᠬᠦᠨ ᠢ ᠮᠡᠷᠡᠵᠦ ᠡᠮᠳᠡᠯᠡᠵᠦ ᠳᠦᠷᠪᠡᠨ ᠦᠨᠴᠦᠭ ᠠᠴᠠ ᠨᠢ ᠬᠤᠯᠤᠭᠠᠨ᠎ᠠ ᠰᠢᠭ᠋ ᠭᠤᠪᠤᠷ ᠭᠤᠪᠤᠷ ᠭᠤᠤᠴᠢᠯᠠᠭᠰᠠᠨ ᠶᠤᠮ ᠪᠠᠶᠢᠨ᠎ᠠ᠃ ᠳᠤᠷᠠᠰᠤᠯ ᠤᠨ ᠭᠦᠨ ᠳᠤ ᠮᠦᠩᠭᠡᠵᠢᠨ ᠳᠤᠭᠳᠠᠭᠰᠠᠨ ᠠᠴᠠ ᠨᠢ  ᠬᠠᠶᠠ ᠬᠡᠳᠦ ᠶᠢ  ᠡᠷᠬᠢᠨ ᠰᠠᠨᠠᠪᠠᠯ᠂ ᠬᠥᠬᠡ ᠮᠦᠩᠬᠦᠨ ᠲᠡᠭᠷᠢ ᠪᠣᠯ ᠦᠨᠳᠤᠷ ᠤᠨ ᠦᠨᠳᠤᠷ ᠠᠳᠠᠭᠠᠷ᠃ ᠠᠶᠤᠩᠭ᠎ᠠ ᠲᠤᠤᠭᠠᠷᠤᠨ ᠭᠢᠯᠪᠢᠭᠡᠨ ᠴᠠᠬᠢᠬᠤ  ᠨᠢ ᠬᠡᠨ ᠨᠢᠭᠡᠨ ᠤ ᠬᠢᠨᠢ ᠠᠭᠤᠷ ᠲᠠᠢ ᠡᠵᠢ ᠳᠤᠭᠰᠢᠷᠠᠬᠤ ᠳᠤ ᠪᠠᠨ ᠡᠨᠡ ᠠᠳᠠᠭᠠᠷ ᠢ  ᠨᠠᠷᠢᠨ ᠰᠤᠷ ᠢᠶᠠᠷ ᠤᠷᠢᠶᠠᠯᠭᠠᠵᠦ ᠪᠠᠶᠢᠭ᠎ᠠ ᠨᠢ ᠲᠡᠷᠡ᠃ ᠡᠬᠦᠯᠡᠰ ᠴᠦ  ᠲᠡᠭᠷᠢ ᠳᠦᠬᠦᠷᠳᠡᠯ᠎ᠠ ᠤᠬᠢᠯᠠᠩᠨᠠᠨ ᠬᠦᠭᠯᠡᠷᠡᠨ᠎ᠡ᠃ ᠠᠶᠢᠯ ᠤᠨ ᠭᠡᠳᠤᠨ ᠡᠮᠧ ᠶᠢᠨ ᠰᠠᠪᠠᠭᠰᠠᠨ ᠬᠤᠨᠢᠨ ᠤᠩᠭᠠᠰᠦ ᠲᠠᠢ ᠠᠪ ᠠᠳᠠᠯᠢ ᠬᠦᠭᠯᠡᠷᠡᠨ᠎ᠡ᠃ ᠲᠡᠭᠷᠢ ᠲᠡᠭᠡᠷ᠎ᠠ ᠪᠠᠰᠠ ᠠᠶᠢᠯ ᠤᠨ ᠡᠮᠧ ᠨᠠᠷ ᠪᠠᠶᠢᠨ᠎ᠠ᠃ ᠡᠭᠦᠯᠡ ᠪᠣᠯ ᠨᠤᠤᠰᠤ ᠤᠩᠭᠠᠰᠤ ᠶᠠᠭ ᠮᠦᠨ ᠡ᠃ ᠪᠤᠷᠤᠭ᠎ᠠ ᠵᠤᠭᠰᠤᠨ᠎ᠠ᠃ ᠪᠣᠷᠤᠭᠠᠨ ᠤ ᠳᠠᠷᠠᠭ᠎ᠠ ᠮᠢᠷᠠᠯᠵᠠᠨ ᠨᠤᠮᠤᠳᠠᠭᠰᠠᠨ ᠰᠣᠯᠣᠩᠭ᠎ᠠ ᠠᠴᠠ ᠰᠠᠶᠢᠬᠠᠨ ᠶᠠᠭᠤᠮ᠎ᠠ  ᠬᠤᠷᠸ᠎ᠠ ᠳᠤ ᠠᠯᠠᠭ᠎ᠠ᠃ ᠰᠣᠯᠤᠩᠭ᠎ᠠ ᠪᠤᠯᠠᠭ ᠤᠨ ᠲᠤᠬᠤᠢ ᠠᠴᠠ ᠵᠡᠬᠦᠨ ᠡᠮᠤᠨᠡᠰᠢ ᠦᠨᠡᠭᠡᠨᠳᠤ ᠶᠢᠨ ᠤᠷᠤᠢ ᠬᠦᠷᠳᠡᠯ᠎ᠠ ᠬᠤᠯᠠ ᠨᠤᠮᠤᠳᠠᠨ᠎ᠠ᠃   ᠪᠤᠯᠠᠭ ᠤᠨ ᠲᠤᠬᠤᠢ ᠠᠴᠠ ᠮᠠᠨᠳᠤᠭᠰᠠᠨ ᠰᠣᠯᠤᠩᠭ᠎ᠠ ᠶᠢ ᠤᠯᠵᠦ ᠪᠠᠷᠢᠶ᠎ᠠ᠂   ᠮᠢᠷᠠᠯᠵᠠᠬᠤ ᠰᠣᠯᠤᠩᠭ᠎ᠠ ᠶᠢᠨ ᠲᠤᠳᠤᠷ᠎ᠠ ᠤᠷᠤᠵᠦ  ᠭᠤᠶᠤᠯᠠᠶ᠎ᠠ  ᠭᠡᠳ ᠵᠦᠯᠭᠡᠨ ᠳᠡᠭᠡᠭᠦᠷ ᠳᠠᠪᠬᠢᠭᠰᠡᠨ ᠢᠶᠠᠨ ᠪᠣᠳᠤᠵᠦ ᠤᠯᠵᠦ ᠪᠠᠶᠢᠨ᠎ᠠ᠃ ᠰᠣᠯᠤᠩᠭ᠎ᠠ ᠠᠷᠤ ᠶᠢᠨ ᠬᠠᠰᠢᠶ᠎ᠠ ᠠᠴᠠ ᠪᠠᠷᠠᠭᠤᠨ ᠬᠤᠶᠢᠰᠢ ᠠᠪᠳᠠᠷᠠᠨᠳᠠᠢ ᠬᠠᠨ ᠬᠦᠷᠳᠡᠯ᠎ᠠ ᠠᠯᠤᠰ ᠨᠤᠮᠤᠳᠠᠨ᠎ᠠ᠃ ᠠᠪᠳᠠᠷᠠᠨᠳᠠᠢ ᠬᠠᠨ ᠴᠠᠪ ᠴᠡᠩᠭᠡᠷ   ᠢᠶᠠᠷ ᠵᠶ᠋ᠠᠨ‌‍ᠲ᠋ᠡᠭᠷᠢ ᠶᠢᠨ ᠦᠩᠭᠡ ᠲᠠᠢ   ᠢᠵᠢᠯᠢ᠃ ᠠᠪᠳᠠᠷᠠᠨᠳᠠᠢ ᠬᠠᠨ ᠳᠡᠭᠷᠢ ᠬᠤᠶᠠᠭᠤᠯᠠ ᠶᠠᠭᠤ ᠨᠢᠭᠡ ᠬᠤᠯᠪᠤᠭ᠎ᠠ ᠲᠠᠢ   ᠴᠤ ᠶᠤᠮ ᠤᠤ  ︖ ᠠᠪᠳᠠᠷ᠎ᠠ ᠰᠢᠭ᠋ ᠲᠡᠪ ᠲᠡᠭᠰᠢ ᠤᠷᠬᠢᠯ ᠲᠠᠢ ᠬᠠᠶᠢᠷᠬᠠᠨ ᠪᠠᠭᠠᠷᠢᠨ ᠳᠤ ᠠᠪᠳᠠᠷᠠᠨᠳᠠᠢ ᠬᠠᠨ ᠠᠴᠠ ᠦᠭᠡᠷ᠎ᠠ ᠦᠭᠡᠢ᠂ ᠨᠠᠭᠠᠳᠤ ᠵᠠᠬ᠎ᠠ ᠳᠤ ᠪᠠᠨ ᠮᠢᠨᠦ ᠬᠠᠷᠠᠭᠠᠨ ᠳᠤ ᠦᠷᠳᠦᠬᠦ ᠵᠠᠢ ᠳᠤ  ᠳᠡᠶᠢᠮᠦ ᠬᠠᠶᠢᠷᠬᠠᠨ ᠤᠭᠳᠤ ᠠᠯᠠᠭ᠎ᠠ᠃   ᠵᠠᠬ᠎ᠠ ᠶᠢᠨ ᠮᠢᠩᠭᠠᠨ‌ᠠᠭᠤᠯᠠᠰ ᠤᠨ ᠤᠷᠬᠢᠯ ᠬᠡᠵᠦ   ᠳᠠᠩᠳᠠ ᠱᠤᠪᠬᠤ᠂ ᠵᠠᠯᠪᠠᠷᠢᠭᠰᠠᠨ᠂ ᠳᠠᠯᠠᠩᠨᠠᠭᠰᠠᠨ᠂ ᠰᠡᠷᠳᠡᠩ᠂ ᠰᠡᠵᠢᠬᠦᠷ ᠶᠠᠩᠵᠦ ᠶᠢᠨ ᠪᠠᠶᠢᠳᠠᠭ ᠴᠦ ᠪᠦᠷ ᠯᠠ ᠡᠭᠴᠠ ᠬᠢᠩᠭ᠎ᠠ ᠶᠢᠨ ᠲᠣᠶᠢᠮᠦ ᠲᠦᠷᠰᠦ᠂ ᠪᠠᠶᠢᠴᠠ ᠬᠡᠪ  ‍ᠤᠳ‌ᠡ︕ ᠭᠠᠭᠴᠠ ᠠᠪᠳᠠᠷᠠᠨᠳᠠᠢ ᠬᠠᠨ   ᠤ ᠤᠷᠬᠢᠯ ᠨᠢ ᠦᠷᠭᠡᠨ ᠡᠯᠪᠡᠭ᠂ ᠠᠭᠤᠵᠢᠭᠤ ᠲᠡᠯᠪᠡᠭ ᠢᠶᠠᠷ ᠢᠶᠠᠨ  ᠠᠭᠤᠯᠠ ᠠᠭᠤᠯᠠ ᠶᠢᠨ ᠲᠤᠮᠳᠠ ᠠᠴᠠ ᠢᠯᠭᠠᠷᠠᠨᠠᠮ᠃ᠠᠪᠳᠠᠷᠠᠨᠳᠠᠢ ᠬᠠᠨ   ᠢ ᠪᠠᠭᠠᠷᠢᠨ ᠤ ᠡᠯᠳᠡᠩ ᠪᠠᠶᠠᠨ ᠤ ᠰᠠᠩ ᠭᠡᠵᠦ   ᠪᠤᠭᠤᠷᠤᠯᠴᠤᠤᠯ ᠶᠠᠷᠢᠳᠠᠭ  ᠃ ᠦᠨᠦ ᠪᠤᠳᠤᠪᠠᠯ ᠠᠮᠠᠨ ᠤᠯᠠᠮᠵᠢᠯᠠᠯ ᠭᠡᠭᠴᠢ ᠡᠶᠢᠮᠦᠷᠬᠦ ᠤᠷᠴᠢᠯ ᠬᠡᠯᠪᠡᠷᠢ ᠪᠠᠷ ᠡᠷᠬᠢᠳᠡᠭ ᠪᠢᠵᠠ᠃ ᠠᠪᠳᠠᠷᠠᠨᠳᠠᠢ ᠬᠠᠨ ᠲᠠᠢ ᠬᠠᠷᠢᠴᠠᠭᠤᠯᠤᠭᠠᠳ ᠰᠢᠨᠵᠢᠪᠡᠯ ᠨᠠᠷᠠᠨ ᠮᠠᠨᠳᠤᠬᠤ ᠵᠦᠭ ᠲᠤ ᠦᠨᠡᠭᠡᠨᠳᠤ ᠶᠢᠨ ᠠᠭᠤᠯᠠ ᠤᠪᠤᠭ᠎ᠠ ᠲᠠᠢ ᠠᠷᠭᠠᠯ ᠰᠠᠯᠬᠢᠨ ᠳᠤ ᠬᠡᠶᠢᠰᠦᠭᠰᠡᠨ ᠰᠢᠭ ᠤᠷᠤᠭᠰᠢ ᠪᠠᠨ ᠰᠤᠨᠵᠢᠷᠠᠵᠠᠢ᠃   ᠪᠢᠶᠠᠨ ᠢᠩᠳᠤ᠂ ᠴᠠᠭᠠᠨ ᠴᠢᠯᠠᠭᠤᠳᠤ ᠨᠠᠮᠬᠠᠨ ᠮᠤᠬᠤᠶᠢᠭᠠᠳ ᠲᠤᠪ ᠲᠤᠮᠪᠤᠭᠤᠷ  ᠃ ᠪᠠᠷᠠᠭᠤᠨᠰᠢ ᠪᠠᠨ ᠵᠠᠯᠭᠠᠭᠠᠳ ᠢᠳᠠᠭᠤᠳᠤ ᠬᠠᠨ ︵ᠪᠠᠰᠠ ᠠᠴᠢ ᠲᠤᠰᠠᠳᠤ ᠬᠠᠨ︶ ᠵᠠᠯᠪᠠᠷᠢᠭᠰᠠᠨ ᠶᠠᠩᠵᠦ ᠪᠠᠶᠢᠴᠠ ᠪᠠᠷ ᠲᠤᠭᠤᠷᠢᠨ ᠤ ᠠᠭᠤᠯᠠᠰ   ᠤᠨ ᠢᠶᠠᠨ ᠳᠡᠭᠡᠭᠦᠷ ᠦᠩᠭᠡᠶᠢᠨ ᠲᠦᠩᠬᠦᠶᠢᠵᠠᠢ᠃ ᠬᠤᠷᠭᠤ ᠤᠯᠠᠭᠠᠨ ᠬᠠᠳᠠ ᠰᠡᠷᠳᠡᠩ ᠤᠷᠬᠢᠯ ᠢᠶᠠᠷ ᠢᠶᠠᠨ   ᠰᠢᠳᠠᠷ ᠬᠢᠩᠭ᠎ᠠ ᠠᠴᠠ ᠪᠠᠨ ᠪᠠᠷᠠᠳᠠᠭᠤ  ᠃ ᠪᠠᠶᠠᠨ ᠴᠠᠭᠠᠨ ᠠᠭᠤᠯᠠ ᠲᠠᠯᠠᠩᠨᠠᠨ ᠤᠷᠳᠤᠯᠠᠭᠰᠠᠨ ᠢᠶᠠᠷ ᠢᠶᠠᠨ ᠪᠤᠰᠤ ᠲᠤᠯᠤᠭᠠᠳ ᠠᠴᠠ ᠪᠦᠷ ᠴᠦ  ᠵᠠᠶᠢᠳᠠᠭᠤ  ᠃ ᠤᠩᠭᠤᠨ ᠬᠠᠶᠢᠷᠬᠠᠨ ᠰᠡᠷᠳᠡᠩ ᠰᠡᠵᠢᠬᠦᠷ ᠤᠷᠤᠢ ᠪᠠᠷ ᠢᠶᠠᠨ ᠲᠠᠩᠳᠠ ᠡᠬᠦᠯᠡ ᠡᠭᠡᠯᠳᠦᠷᠭᠡᠯᠡᠵᠦ ᠪᠠᠶᠢᠳᠠᠭ ᠢᠶᠠᠷ  ᠢᠶᠠᠨ  ᠶᠡᠭᠡᠮᠰᠦᠭ᠃ ᠮᠦᠭᠡᠷᠤᠤ ᠱᠤᠷᠤᠩ ᠠᠭᠤᠯᠠ ᠶᠢᠨ   ᠬᠡᠦᠬᠡᠨ   ᠤᠷᠭᠢᠯ ᠨᠢ  ᠬᠡᠤᠰᠢ ᠪᠠᠨ ᠲᠠᠭᠠᠨ ᠮᠦᠭᠡᠷᠤᠤ ᠪᠠᠶᠢᠴᠠᠯᠠᠭᠰᠠᠨ ᠢᠶᠠᠷ ᠢᠶᠠᠨ ᠨᠤᠭᠤᠭᠠᠨ ᠲᠠᠯ᠎ᠠ ᠰᠢᠷᠭᠠᠯ ᠡᠯᠡᠰᠤᠨ ᠤ ᠳᠤᠮᠳᠠ ᠪᠠᠨ    ᠡᠷᠬᠢᠮᠰᠦᠭ᠂᠂᠂᠂ ᠬᠦᠷᠢᠶ᠎ᠡ ᠡᠩ ᠤᠨ ᠠᠭᠤᠯᠠᠰ ᠤᠨ ᠳᠤᠮᠳᠠ ᠮᠢᠨᠦ ᠬᠡᠤᠭᠡᠳ ᠨᠠᠰᠤᠨ ᠲᠣᠮᠤᠭᠠᠵᠢᠵᠦ ᠪᠠᠶᠢᠭᠰᠠᠨᠵᠠᠢ᠃ ᠦᠪᠡᠷ ᠢ ᠪᠠᠨ ᠪᠢ ᠭᠤᠷᠳᠢᠭ ᠤᠨ ᠲᠣᠭᠳᠠᠬᠤ ᠬᠦᠯ᠂ ᠡᠷᠡᠮᠠᠯᠵᠡᠯ ᠮᠦᠷᠦᠭᠡᠳᠤᠯ ᠢᠶᠠᠨ ᠭᠤᠷᠳᠢᠭ ᠤᠨ ᠵᠢᠷᠤᠵᠦ  ᠡᠷᠬᠢᠬᠦ ᠪᠢᠷ ᠭᠡᠪᠠᠯ᠂ ᠲᠡᠷᠡ ᠪᠢᠷ ᠤᠨ   ᠳᠦᠭᠦᠷᠢᠭᠯᠡᠨ ᠵᠢᠷᠤᠬᠤ ᠬᠦᠷᠢᠶ᠎ᠡ ᠲᠤᠭᠤᠷᠢᠭ   ᠨᠢ ᠪᠦᠷ ᠮᠢᠨᠦ ᠳᠠᠭᠤᠳᠤ ᠬᠦᠭᠡ ᠠᠭᠤᠯᠠᠰ ᠡ︕ ᠪᠤᠭᠤᠷᠤᠯ ᠤᠨ ᠪᠤᠭᠤᠷᠤᠯ ᠠᠭᠤᠯᠠᠰ ᠢᠶᠠᠨ ᠨᠡᠷ᠎ᠠ ᠭᠠᠷᠴᠠᠭ ᠬᠡᠮᠡᠭᠡᠳ ᠨᠠᠶᠢᠷᠠᠭ ᠰᠢᠯᠦᠭ ᠤᠨ ᠤᠩᠭᠤᠨ ᠲᠠᠭᠤᠳᠠᠬᠤ  ᠳᠤ ᠪᠤᠳᠢ ᠪᠤᠳᠢ ᠨᠤᠮ ᠠᠵᠢᠮ᠃ ᠦᠨᠡᠭᠡᠨᠳᠤ  ︵︽ᠦᠨᠡᠭᠡᠨ+ ᠳᠤ︾  ︶  ᠂ ᠠᠪᠳᠠᠷᠠᠨᠳᠠᠢ  ︵︽ᠠᠪᠳᠠᠷᠠᠨ+ ᠳ᠋ᠠᠢ︾  ︶  ᠠᠭᠤᠯᠠᠰ ᠢᠶᠠᠨ ᠠᠳᠤᠭᠤ ᠮᠠᠯ᠂ ᠠᠪᠠ ᠰᠢᠪᠠᠭᠤ ᠲᠠᠢ ᠪᠠᠨ ᠬᠠᠳᠠᠭᠠᠯᠠᠨ ᠨᠦᠭᠡᠭᠰᠡᠨ ᠲᠡᠭᠡᠳᠤᠰ ᠤᠨ ᠮᠠᠨᠢ ᠤᠬᠠᠭᠠᠨ ᠪᠢᠯᠢᠭ ᠲᠤ ᠦᠨᠡᠭᠡᠷ ᠴᠦ ᠰᠦᠵᠢᠭ ᠲᠦᠷᠦᠭᠡᠳ ᠪᠠᠶᠢᠬᠤ ᠶᠤᠮ᠃ ᠪᠦᠳᠦᠭᠡᠬᠦ  ᠂ ᠡᠪᠳᠡᠬᠦ ᠴᠠᠭ ᠦᠶ᠎ᠡ ᠶᠢ ᠬᠦᠮᠦᠨ ᠯᠠ ᠴᠢᠳᠠᠳᠠᠭ᠃ ᠬᠠᠷᠠᠬᠤ ᠶᠠᠭᠤᠮ᠎ᠠ ᠶᠢᠨ ᠬᠡᠯᠪᠡᠷᠢ ᠬᠢᠴᠡ ᠶᠢ ᠪᠠᠶᠢᠭᠠᠯᠢ ᠡᠬᠢᠯᠡᠨ ᠲᠤᠭᠳᠠᠭᠠᠳᠠᠭ ᠃ ᠠᠪᠤᠷᠭᠤ ᠶᠡᠭᠡ ᠪᠠᠶᠢᠭᠠᠯᠢ ᠶᠢᠨ ᠠᠯᠠᠭᠠᠨ ᠳᠤ ᠬᠦᠮᠦᠨ ᠲᠦᠷᠦᠯᠬᠢᠳᠡᠨ ᠮᠠᠨᠢ ᠬᠦᠪ ᠬᠦᠭᠡᠷᠤᠬᠦᠨ᠂ ᠶᠠᠭᠠᠬᠢᠬᠤ ᠠᠷᠭ᠎ᠠ ᠦᠭᠡᠢ ᠵᠢᠭ᠍ᠵᠢᠤᠭᠡᠢ ᠬᠦᠭᠡᠷᠦᠬᠦᠨ  ︕ ᠦᠨᠡᠭᠡᠷ ᠴᠦ ᠠᠨᠳᠧᠷᠰᠧᠨ ᠤ ᠲᠤᠮᠤᠭ ᠲᠤ ᠪᠤᠢ ᠪᠤᠷᠴᠠᠭ ᠳᠡᠭᠡᠷ᠎ᠡ ᠤᠨᠳᠠᠭᠰᠠᠨ ᠬᠦᠩᠵᠦ ᠮᠡᠳᠤ ᠡ︕ ᠬᠡᠬᠦ ᠳᠤ ᠪᠠᠨ ᠶᠠᠭᠠᠬᠢᠨ᠎ᠠ︖ ᠲᠡᠮᠡᠴᠡᠯ ᠭᠡᠬᠦ ᠢᠰᠬᠦᠴᠢᠬᠦ ᠲᠡᠶᠢᠷᠬᠦ᠂ ᠲᠠᠯᠠᠬᠤ ᠲᠡᠭᠰᠢᠯᠡᠬᠦ᠂ ᠣᠪᠤᠭᠠᠯᠠᠬᠤ ᠤᠩᠭᠤᠶᠢᠯᠭᠠᠬᠤ᠂ ᠲᠡᠯᠪᠡᠴᠢᠬᠦ ᠪᠠᠯᠪᠠᠴᠢᠬᠤ ᠶᠢ ᠪᠦᠷ ᠴᠢᠳᠠᠳᠠᠭ ᠢᠶᠠᠷ ᠢᠶᠠᠨ ᠬᠠᠮᠤᠭ ᠠᠮᠢᠳᠠᠨ ᠵᠢᠷᠭᠤᠭᠠᠨ ᠵᠦᠢᠯ ᠤᠨ ᠲᠤᠮᠳᠠ ᠵᠦᠪᠭᠡᠨ ᠬᠦᠮᠦᠨ ᠲᠦᠷᠦᠯᠬᠢᠳᠡᠨ ᠲᠡᠮᠡᠴᠠᠯ ᠢᠶᠠᠷ ᠢᠶᠠᠨ ᠮᠠᠷᠵᠠᠩ︕ ᠪᠠᠰᠠ ᠬᠠᠴᠢᠬᠠᠨ︕ ᠬᠦᠮᠦᠨ ᠤ ᠪᠠᠭ᠎ᠠ ᠨᠠᠰᠤ ᠪᠠᠯᠴᠢᠷ ᠦᠶ᠎ᠡ ᠭᠡᠭᠴᠢ ᠲᠤᠮᠤᠴᠤᠤᠯ ᠤᠨ ᠶᠢᠷᠳᠢᠨᠴᠦ ᠠᠴᠠ ᠠᠩᠬᠢᠳᠠ   ᠦᠭᠡᠷ᠎ᠡ  ᠶᠤᠮᠰᠠᠨ᠃ ᠦᠰᠬᠦ ᠨᠠᠰᠤᠨ ᠳᠤ ᠦᠵᠡᠭᠰᠡᠨ ᠮᠡᠳᠡᠷᠡᠭᠰᠡᠨ ᠪᠠᠶᠡᠴᠢ ᠪᠦᠬᠦᠨ ᠯᠠ ᠡᠨᠡ ᠬᠤᠷᠸ᠎ᠠ ᠶᠢᠨ ᠲᠤᠬᠠᠢ ᠠᠩᠬᠠᠳᠠᠭᠴᠢ ᠲᠠᠶᠢᠯᠤᠨ ᠲᠤᠳᠤᠷᠬᠠᠶᠢᠯᠠᠯᠳᠠ ᠪᠣᠯᠤᠨ᠎ᠠ᠃ ᠬᠠᠷᠠᠭ᠎ᠠ ᠪᠡᠷ᠎ᠡ ᠶᠢᠨ ᠵᠠᠢ ᠳᠤ ᠲᠡᠷᠡ ᠲᠠᠶᠢᠯᠤᠨ ᠲᠤᠳᠤᠷᠬᠠᠶᠢᠯᠠᠯᠳᠠ ᠶᠢ ᠪᠠᠬᠢ ᠬᠠᠳᠠᠨ ᠴᠡᠭᠡᠵᠢᠯᠡᠬᠦ ᠳᠤ ᠰᠢᠯᠵᠢᠳᠡᠭ ᠦᠭᠡᠢ ᠪᠠᠷ ᠢᠶᠠᠨ ᠠᠭᠤᠯᠠᠰ ᠬᠦᠭᠡᠷᠡᠨ᠎ᠡ᠃ ᠰᠢᠨ᠎ᠡ ᠵᠢᠮ ᠮᠦᠷ ᠬᠠᠶᠢᠳᠠᠭ ᠦᠭᠡᠢ   ᠪᠠᠷ ᠢᠶᠠᠨ ᠯᠡ ᠨᠠᠷᠠ ᠰᠠᠷᠠ ᠲᠠᠬᠢᠨ   ᠳᠠᠪᠳᠠᠨ ᠡᠷᠭᠢᠨ᠎ᠡ᠃ ᠬᠦᠮᠦᠨ ᠠᠭᠤᠯᠠᠰ ᠲᠠᠢ ᠪᠠᠨ ᠮᠠᠷᠵᠠᠩᠨᠠᠳᠠᠭ   ᠢ ᠪᠢ  ᠪᠢᠰᠢᠭᠦᠢ ᠬᠠᠷᠠᠭᠰᠠᠨ ᠡ᠃ ᠲᠠᠯ᠎ᠠ ᠶᠢᠨ ᠪᠡᠯᠴᠢᠭᠡᠷ   ᠵᠦᠰᠦᠨ ᠲᠠᠷᠢᠶ᠎ᠠ ᠠᠮᠤ ᠲᠠᠷᠢᠬᠤ ᠭᠡᠵᠦ ᠬᠠᠳᠠ ᠬᠠᠭᠠᠯᠵᠦ ᠭᠡᠷᠡᠮ ᠪᠠᠷᠢᠳᠠᠭ ᠢ᠂ ᠭᠤᠤᠯ ᠲᠠᠰᠤᠯᠤᠨ ᠭᠤᠯᠳᠤᠷᠢᠯ ᠪᠦᠭᠯᠡᠨ ᠴᠦᠬᠦᠷᠦᠮ ᠬᠠᠰᠢᠳᠠᠭ ᠢ᠂ ᠬᠡᠭᠡᠷ᠎ᠡ ᠶᠢᠨ ᠭᠡᠰᠢᠭ ᠬᠠᠷᠭᠠᠨ᠎ᠠ ᠶᠠᠰᠢᠯ ᠢ ᠣᠭᠳᠤᠯᠤᠨ ᠵᠤᠤᠬᠠᠨ ᠳᠤ ᠲᠦᠯᠡᠰᠢ ᠪᠠᠷ ᠵᠠᠷᠤᠳᠠᠭ ᠢ ᠪᠠᠭ᠎ᠠ ᠳᠤ ᠪᠠᠨ ᠪᠦᠷ ᠦᠵᠡᠭᠰᠡᠨ ᠡ᠃ ᠲᠤᠮᠤᠴᠤᠤᠯ ᠮᠠᠨᠢ ᠡᠨᠡ ᠠᠵᠠ ᠶᠢ   ᠭᠦᠢᠴᠡᠳᠭᠡᠨ ᠠᠭᠤᠯᠠᠰ  ᠢᠶᠠᠨ ᠮᠠᠨ ᠳᠤ ᠦᠪᠯᠡᠭᠰᠡᠨ᠂ ᠤᠰᠤ ᠪᠠᠨ ᠮᠠᠨ ᠳᠤ ᠦᠪᠯᠡᠭᠰᠡᠨ᠂ ᠲᠠᠯ᠎ᠠ ᠪᠠᠨ ᠮᠠᠨ ᠳᠤ ᠦᠪᠯᠡᠭᠰᠡᠨ᠂ ᠴᠠᠭ ᠦᠶ᠎ᠡ  ᠶᠢᠨ ᠲᠠᠮᠠᠭ᠎ᠠ ᠪᠠᠨ ᠲᠤᠷᠠᠶᠢᠳᠠᠯ᠎ᠠ ᠲᠠᠷᠤᠭᠠᠳ ᠦᠭᠬᠦᠭᠰᠡᠨ᠃ ᠲᠡᠮᠡᠴᠠᠯ ᠤᠨ ᠬᠤᠷᠠᠯ ᠭᠡᠵᠦ ᠰᠦᠨᠢᠵᠢᠨ ᠪᠠᠷᠢᠭᠠᠳᠠ  ᠶᠢᠨ ᠰᠢᠪᠠᠷ ᠬᠠᠨ᠎ᠠ ᠲᠠᠢ᠂ ᠰᠤᠨᠢᠨ ᠢᠶᠠᠷ ᠨᠠᠭᠠᠭᠰᠠᠨ ᠭᠡᠷ ᠲᠤ ᠵᠢᠰᠦ ᠪᠤᠷᠤᠭᠤ ᠡᠳᠡᠭᠡᠳ᠂ ᠬᠦᠷᠦᠩᠭᠡᠳᠤ ᠶᠤᠰᠤᠨ ᠤ ᠵᠠᠮ ᠢᠶᠠᠷ ᠶᠠᠪᠤᠭᠴᠢ᠂ ᠵᠠᠰᠠᠪᠤᠷᠢᠯᠠᠬᠤ ᠦᠵᠡᠯᠳᠡᠨ ᠭᠡᠬᠦ ᠰᠦᠷᠡᠭᠡᠢ ᠠᠷᠪᠢᠨ ᠲᠤᠳᠤᠳᠬᠠᠯ ᠲᠠᠢ ᠠᠩᠬᠢ ᠶᠢᠨ ᠲᠠᠶᠢᠰᠤᠨ   ᠨᠤᠭᠤᠳ ᠢ ᠠᠶᠢᠯ ᠠᠶᠢᠮᠠᠭ ᠠᠴᠠ ᠪᠠᠨ ᠰᠢᠯᠢᠵᠦ ᠰᠤᠩᠭᠤᠭᠠᠳ ᠲᠡᠮᠡᠴᠡᠳᠡᠭ ᠲᠡᠭᠡᠷ᠎ᠠ ᠵᠠᠭᠤᠨ ᠤ ᠵᠢᠷᠠ ᠲᠠᠯᠠᠭᠠᠳ ᠤᠨ ᠤ ᠡᠬᠢᠨ ᠳᠠᠬᠢ ᠪᠤᠷᠤ ᠡᠳᠤᠷ ᠰᠢᠷ᠎ᠡ ᠬᠤᠨᠤᠭ ᠮᠢᠨᠦ ᠤᠢ ᠤᠶᠤᠨ ᠳᠤ ᠠᠷᠢᠯᠤᠰᠢ ᠦᠭᠡᠢ ᠬᠠᠯᠳᠠᠷ ᠵᠢᠷᠤᠭ ᠢ  ᠨᠠᠭᠠᠭᠰᠠᠨ ᠡ᠃ ᠤᠯᠤᠭᠰᠠᠨ ᠬᠦᠷᠳᠡᠭᠰᠡᠨ ᠢᠶᠠᠨ ᠦᠨᠦ ᠳᠤᠷᠠᠰᠤᠨ ᠲᠦᠷᠦᠭᠰᠡᠨ ᠨᠤᠳᠤᠭ ᠤᠨ ᠢᠶᠠᠨ ᠪᠠᠭᠤᠷᠢ ᠳᠤ ᠬᠦᠷᠦᠨ ᠲᠤᠭᠤᠷᠢᠨ ᠤ ᠲᠦᠮᠡᠨ ᠠᠭᠤᠯᠠᠰ ᠢᠶᠠᠨ ᠨᠡᠷ᠎ᠡ ᠪᠠᠷ ᠨᠢ ᠲᠠᠭᠤᠳᠠᠬᠤ ᠳᠤ ᠨᠠᠳᠠ ᠰᠤᠨᠤᠰᠳᠠᠬᠤ ᠴᠤᠤᠷᠢᠶ᠎ᠠ ᠮᠢᠨᠦ ᠦᠶ᠎ᠡ ᠶᠢᠨ ᠬᠢᠨ ᠤ ᠤᠶᠤᠨ ᠰᠦᠨᠡᠰᠦ ᠶᠢ ᠴᠠᠭ ᠢᠮᠠᠭᠳᠠ ᠲᠠᠭᠤᠳᠠᠮ ᠰᠡᠷᠢᠭᠡᠨᠡᠮ᠃ ᠠᠭᠤᠯᠠᠰ ᠮᠢᠨᠢ ᠶᠠᠭ ᠯᠠ ᠰᠤᠳᠤᠷ ᠪᠢᠴᠢᠭ ᠤᠨ ᠬᠦᠷᠢᠶᠡᠯᠡᠩ ᠰᠢᠭ ᠶᠤᠮ᠃ ᠴᠠᠭ ᠦᠶ᠎ᠡ ᠮᠢᠨᠢ ᠬᠤᠭᠤᠷ ᠴᠤᠭᠤᠷ ᠰᠢᠭ᠋᠂ ᠪᠢᠳᠡ ᠦᠯᠢᠭᠡᠷ ᠤᠨ ᠪᠠᠭᠠᠳᠤᠷ ᠴᠦ ᠶᠤᠮ ᠤᠤ︖   ᠴᠠᠭ ᠬᠤᠭᠤᠴᠠᠭ᠎ᠠ ᠭᠡᠳᠡᠭ ᠠᠭᠤᠤ ᠲᠤᠤᠯᠢᠴᠢ ᠨᠠᠷ ᠬᠤᠭᠤᠷ ᠴᠤᠭᠤᠷ ᠲᠠᠳᠠᠨ ᠵᠠᠩᠵᠤᠨ ᠬᠤᠶᠠᠭᠯᠠᠵᠦ ᠴᠡᠷᠢᠭ ᠮᠤᠷᠳᠠᠭᠤᠯᠳᠠᠭ ᠠᠵᠢᠮ᠃ ᠲᠠᠶᠢᠮᠦ ᠳ᠋ᠠ︕ ᠰᠤᠳᠤᠷ ᠪᠢᠴᠢᠭ ᠤᠨ ᠬᠦᠷᠢᠶᠡᠯᠡᠩ ᠰᠢᠭ ᠲᠠᠪᠬᠤᠷᠯᠠᠨ ᠲᠠᠪᠬᠤᠷᠯᠠᠨ ᠬᠦᠳᠡᠩᠳᠡᠬᠦ ᠨᠤᠶᠠᠨ ᠴᠡᠩᠭᠡᠷ ᠠᠭᠤᠯᠠᠰ ᠮᠢᠨᠦ︕ ᠪᠠᠭ᠎ᠠ ᠨᠠᠰᠤ ᠮᠢᠨᠢ ᠦᠨᠡᠭᠡᠷ ᠴᠦ ᠠᠭᠤᠯᠠᠰ ᠤᠨ ᠲᠤᠮᠳᠠ ᠪᠠᠨ ᠡᠷᠭᠡ ᠬᠤᠩᠭᠤᠷ ᠪᠦᠯᠦᠭᠡ᠃                                〔  2017  ᠂ 12  ᠂ 28〕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号