ᠭᠤᠷᠪᠠ  ᠶᠢᠰᠦ  ᠡᠴᠡ ᠢᠷᠡᠭᠰᠡᠨ ᠴᠢᠮᠡᠭᠡ
ᠨᠡᠶᠢᠲᠡᠯᠡᠭᠰᠡᠨ ᠴᠠᠭ᠄
2020-07-20
  ᠭᠤᠷᠪᠠ ᠶᠢᠰᠦ ᠠᠴᠠ ᠢᠷᠡᠭᠰᠡᠨ ᠴᠢᠮᠡᠭᠡ                           — — ᠮ᠊᠂ ᠬᠠᠰᠪᠠᠭᠠᠳᠤᠷ ᠵᠡᠭᠦᠨ ᠨᠠᠭᠤᠷ ᠤᠨ ᠨᠠᠷᠠᠨ ᠪᠠᠷᠠᠭᠤᠨ ᠠᠭᠤᠯᠠ ᠶᠢᠨ ᠰᠠᠷᠠᠨ ᠶᠢᠷᠳᠢᠨᠴᠦ ᠶᠢᠨ ᠭᠡᠭᠡᠨ ᠬᠤᠨᠤᠭ ᠤᠳ ᠢ ᠲᠤᠪᠴᠢᠯᠠᠨ ᠡᠪᠬᠡᠨ᠎ᠡ ᠰᠠᠷ᠎ᠠ ᠡᠳᠦᠷ ᠢ ᠬᠤᠭᠤᠴᠠᠭᠰᠠᠨ ᠠᠮᠢᠰᠬᠤᠭ᠎ᠠ ᠠᠨᠢᠷ ᠦᠭᠡᠢ ᠲᠤᠮᠳᠠ ᠠᠴᠠ ᠴᠠᠯᠭᠢᠨ᠎ᠠ  ᠁ ᠬᠠᠶᠢᠷ᠎ᠠ ᠠᠰᠬᠠᠷᠠᠭᠰᠠᠨ ᠴᠠᠮᠬᠠᠬᠳᠤ ᠦᠥᠷ ᠬᠢᠭᠡᠳ ᠪᠦᠷᠦᠢ ᠠᠯᠳᠠᠩᠬᠠᠨ ᠴᠡᠭᠡᠵᠢᠨ ᠠᠴᠠ ᠠᠷᠪᠠᠨ ᠬᠤᠷᠤᠭᠤᠨ ᠤ ᠮᠢᠨᠢ ᠦᠨᠳᠡᠭᠡᠨ ᠲᠡᠭᠡᠷ᠎ᠡ ᠠᠮᠠᠷᠠᠭ ᠬᠠᠯᠠᠭᠤᠨ ᠦᠨᠦᠰᠦᠯ ᠮᠡᠳᠦ ᠡᠩᠬᠦᠷᠡᠢ ᠢᠯᠳᠠᠮᠬᠠᠨ ᠠᠩᠭᠢᠷ ᠭᠤᠭᠴᠤᠭ᠎ᠠ ᠵᠠᠳᠠᠯᠤᠨ᠎ᠠ ᠨᠠᠭᠠᠰᠢ ᠪᠠᠨ ᠬᠠᠨᠳᠤᠵᠤ ᠢᠨᠢᠶᠡᠮᠰᠦᠭᠯᠡᠬᠦ ᠨᠢ ᠠᠯᠳᠠᠷᠠᠶᠢᠬᠠᠨ ᠬᠠᠪᠤᠷ ᠤᠨ ᠤᠶᠠᠮᠰᠤᠭ ᠯᠠ︕ ᠨᠠᠪᠴᠢᠨ ᠠᠴᠠ ᠨᠠᠪᠴᠢᠨ ᠤᠷᠭᠤᠬᠤ ᠶᠢᠨ ᠬᠦᠰᠡᠯ ᠮᠦᠷᠦᠭᠡᠳᠦᠯ ᠲᠤᠮᠳᠠ ᠨᠠᠷᠠᠳᠤ ᠶᠢᠨ ᠰᠠᠶᠢᠬᠠᠨ ᠭᠡᠭᠡ  ᠬᠡᠵᠢᠶᠡᠳᠡ ᠮᠦᠩᠬᠡ ᠤᠷᠳᠤᠰᠤᠨ᠎ᠠ ᠤᠷᠴᠢᠯᠠᠩ ᠤᠨ ᠨᠡᠯᠦᠭᠡᠷ ᠠᠭᠤᠳᠠᠮ ᠲᠠᠢ ᠲᠤᠬᠤᠢ ᠬᠤᠯᠪᠤᠭᠰᠠᠨ ᠦᠨᠢ ᠮᠦᠩᠭᠡ   ᠶᠢᠨ ᠲᠤᠥᠨᠢᠯ ᠤᠷᠴᠢᠨ ᠤᠯᠠᠷᠢᠬᠤ ᠶᠢᠨ ᠭᠠᠩᠭᠠᠩ ᠰᠠᠶᠢᠬᠠᠨ ᠢ ᠱᠠᠭᠰᠢᠭᠤᠯᠤᠨ᠎ᠠ ᠰᠡᠷᠡᠯ ᠰᠡᠳᠬᠢᠬᠦᠢ᠂ ᠬᠦᠰᠡᠨ ᠮᠦᠷᠦᠭᠡᠳᠦᠬᠦᠢ ᠶᠢᠨ ᠠᠭᠯᠠᠭ ᠲᠤ ᠬᠦᠭᠵᠢᠮᠯᠢᠭ ᠬᠤᠷᠸ᠎ᠠ ᠨᠤᠲ  ᠰᠢᠨᠡᠳᠦᠵᠤ ᠭᠠᠩᠬᠤᠨ᠎ᠠ ᠲᠦᠷᠪᠡᠨ ᠤᠯᠠᠷᠢᠯ ᠡᠪᠦᠯ   ᠤᠨ ᠵᠢᠰᠦ ᠯᠠ ᠪᠢᠰᠢ ᠳ᠋ᠧ︕ ᠠᠷᠤ ᠭᠠᠵᠠᠷ ᠤᠨ ᠴᠠᠰᠤᠨ ᠡᠮᠦᠨ᠎ᠡ ᠤᠷᠤᠨ ᠤ ᠴᠡᠴᠡᠭᠡᠰ ᠰᠠᠨᠠᠭᠰᠠᠨ ᠪᠦᠬᠦᠨ ᠢ ᠮᠢᠨᠢ ᠵᠢᠭᠦᠷᠯᠡᠨ ᠲᠡᠯᠮᠡᠭᠦᠯᠦᠨ᠎ᠡ ᠬᠦᠢ ᠠᠭᠠᠭ ᠲᠠᠢ ᠴᠠᠭ ᠤᠨ ᠬᠦᠷᠳᠦᠨ ᠴᠡᠴᠡᠭᠯᠡᠬᠦ ᠢᠷᠭᠤᠢ ᠮᠡᠳᠦ ᠁ ᠮᠦᠩᠬᠡ ᠶᠢᠨ ᠷᠠᠰᠢᠶᠠᠨ ᠡᠩᠬᠡ ᠶᠢᠨ ᠤᠰᠤᠨ ᠲᠠᠬᠢᠨ ᠲᠠᠬᠢᠨ ᠤᠨᠳᠤᠷᠴᠤ ᠦᠨᠢ ᠢᠷᠡᠭᠡᠳᠦᠢ ᠬᠠᠪᠤ ᠵᠢᠷᠭᠠᠯ ᠶᠢᠷᠳᠢᠨᠴᠦ ᠶᠢᠨ ᠠᠯᠠᠭᠠᠨ ᠠᠴᠠ ᠲᠡᠯᠭᠡᠭᠳᠡᠨ᠎ᠡ ᠭᠤᠷᠪᠠ ᠶᠢᠰᠦ ᠶᠢᠨ ᠭᠤᠷᠪᠠᠳᠤᠭᠠᠷ ᠡᠳᠦᠷ ᠢᠳᠡ ᠡᠷᠴᠢ ᠪᠠᠨ ᠭᠠᠶᠢᠬᠠᠭᠤᠯᠤᠨ᠎ᠠ ᠬᠦᠢᠳᠡᠨ ᠠᠴᠠ ᠲᠤᠯᠠᠭᠠᠨ ᠲᠡᠰᠢ ᠶᠠᠪᠤᠵᠤ᠂ ᠲᠤᠯᠠᠭᠠᠨ ᠠᠴᠠ ᠬᠦᠢᠳᠡᠨ ᠵᠦᠭ ᠡᠷᠭᠢᠬᠦ ᠬᠤᠶᠠᠷ ᠲᠤᠶᠢᠯ ᠤᠨ ᠤᠷᠴᠢᠯ ᠤᠨ ᠪᠠᠳᠤ ᠤᠨᠤᠯ ᠬᠠᠭᠠᠰ ᠵᠠᠭᠤᠨ ᠤ ᠡᠮᠦᠨᠡᠬᠢ ᠨᠠᠮ᠎ᠠ ᠶᠢ ᠪᠤᠷᠭᠠᠰᠤᠨ ᠮᠤᠷᠢᠳᠠᠢ ᠪᠠᠶᠢᠬᠤ ᠳᠤ ᠨᠠᠭᠠᠴᠤ ᠡᠮᠡᠭᠡ ᠶᠢᠨ ᠮᠢᠨᠢ ᠬᠡᠯᠡᠭᠰᠡᠨ ᠦᠭᠡ — — ᠮᠤᠳᠤᠨ ᠨᠠᠮᠠᠭᠠᠨ᠎ᠠ ᠴᠡᠴᠡᠭᠯᠡᠨ᠎ᠡ︕ ᠪᠤᠷᠤᠯᠠᠨ ᠲᠤᠮᠤᠷᠠᠭᠰᠠᠨ ᠬᠤᠨᠳᠤᠷ ᠮᠤᠳᠤᠳ ᠤᠨ ᠰᠠᠯᠠᠭ᠎ᠠ ᠨᠠᠮᠠᠭ᠎ᠠ ᠪᠦᠬᠦᠨ ᠳᠤ ᠠᠯᠳᠠ ᠡᠷᠳᠡᠨᠢ ᠶᠢᠨ ᠭᠡᠷᠡᠯ ᠭᠢᠯᠪᠠᠭ᠎ᠠ ᠠᠴᠠ ᠲᠠᠪᠠᠵᠤ ᠠᠮᠢ ᠠᠮᠢᠵᠢᠷᠠᠯ ᠤᠨ ᠢᠯᠪᠢ ᠰᠢᠳᠢ ᠲᠦᠷᠡᠯᠵᠡᠨ᠎ᠡ ᠠᠯᠬᠤᠯᠠᠨ ᠵᠤᠭᠤᠭᠳᠠᠬᠤ ᠠᠬᠢᠮᠠᠭ ᠨᠠᠶᠢᠵᠠ ᠶᠢᠨ ᠴᠠᠭᠠᠨ ᠮᠦᠩᠭᠦᠨ ᠰᠤᠷᠮᠤᠥᠰᠤ ᠠᠬᠢᠭᠠᠳ ᠵᠠᠯᠠᠭᠤ ᠳᠠᠭᠠᠨ ᠪᠤᠴᠠᠵᠤ ᠦᠵᠦᠭᠦᠷ ᠠᠴᠠ ᠪᠠᠨ ᠬᠠᠷᠠᠯᠠᠵᠤ ᠭᠡᠷᠡᠯᠳᠦᠬᠦ ᠨᠢ ᠮᠡᠳᠡᠭᠳᠡᠨ᠎ᠡ ᠮᠤᠳᠤᠨ ᠤ ᠰᠠᠯᠠᠭᠠᠨ ᠳᠤ ᠨᠠᠷᠭᠢᠨ ᠱᠤᠯᠤᠭᠠᠨᠠᠬᠤ ᠬᠦᠭᠡᠷᠦᠬᠦᠨ ᠪᠤᠯᠵᠤᠮᠤᠷ ᠤᠳ ᠤᠨ ᠵᠢᠭᠦᠷ ᠤᠨ ᠤᠭ ᠠᠴᠠ ᠰᠢᠨᠡᠳᠦᠨ ᠤᠷᠭᠤᠭᠰᠠᠨ ᠬᠠᠰ ᠤᠨ ᠦᠳᠦᠨ ᠭᠢᠯᠠᠯᠵᠠᠨ᠎ᠠ ᠭᠠᠯᠪᠠ ᠶᠢᠨ ᠬᠠᠭᠤᠴᠢᠨ ᠦᠭᠡᠰ ᠬᠢᠩᠭᠠᠨ ᠳᠤ ᠢᠩᠬᠢᠵᠤ ᠲᠡᠯᠭᠡᠷᠡᠨ᠎ᠡ ᠭᠠᠵᠠᠷ ᠲᠤ ᠡᠭᠦᠰᠬᠦ ᠶᠢᠨ ᠠᠯᠢᠪᠠ — — ᠲᠡᠭᠷᠢ ᠶᠢᠨ ᠨᠢᠭᠤᠴᠠ ᠳᠤ ᠠᠰᠠᠨ᠎ᠠ ᠰᠠᠨᠠᠵᠤ ᠰᠠᠷᠪᠠᠶᠢᠭᠰᠠᠨ ᠲᠦᠮᠡᠨ ᠨᠠᠬᠢᠶ᠎ᠠ ᠬᠤᠨᠤᠭ ᠤᠨ ᠯᠠ ᠲᠠᠷᠠᠭ᠎ᠠ ᠢᠷᠡᠯᠵᠡᠨ᠎ᠠ᠃ ᠨᠠᠰᠤᠨ ᠠᠴᠠ ᠨᠠᠰᠤ ᠲᠦᠷᠦᠭᠳᠡᠵᠤ᠂ ᠴᠡᠴᠡᠭᠡᠰ ᠠᠴᠠ ᠴᠡᠴᠡᠭᠡᠰ ᠠᠩᠬᠢᠯᠤᠨ ᠴᠡᠪᠡᠷ ᠭᠤᠸ᠎ᠠ ᠲᠠᠩᠰᠤᠭ ᠡᠷᠬᠢᠮᠰᠦᠭ ᠤᠨ ᠲᠡᠭᠡᠳᠦ ᠴᠦᠮ ᠢᠶᠠᠷ ᠨᠢᠭᠡᠨ ᠴᠤᠭᠴᠠ ᠳᠤ ᠠᠭᠤᠰᠴᠤ ᠡᠷᠬᠡᠰ ᠽᠠᠮᠪᠤᠯᠢᠩ   ᠢ ᠲᠡᠵᠢᠭᠡᠨ ᠲᠤᠷᠨᠢᠭᠤᠯᠤᠨ ᠶᠢᠰᠦ ᠶᠢᠨ ᠴᠢᠮᠡᠭᠡ ᠲᠤᠪᠳᠤᠯᠠᠩᠭᠤᠢ᠃ ᠴᠢᠪᠬᠠᠳᠠᠰᠤᠨ ᠠᠴᠠ ᠴᠢᠪᠬᠠᠳᠠᠰᠤᠨ ᠤᠶᠠᠩᠭᠠᠷᠠᠵᠤ ᠲᠤᠥᠯᠢ ᠲᠤᠮᠤᠭ ᠤᠨ ᠭᠤᠴᠤ ᠭᠤᠶᠤᠮᠰᠤᠭ ᠦᠷᠭᠦᠯᠵᠢᠯᠡᠯ ᠵᠠᠯᠭᠠᠨ ᠨᠠᠷᠠᠳᠤ ᠶᠢᠨ ᠰᠠᠶᠢᠬᠠᠨ ᠭᠤᠷᠪᠠ ᠶᠢᠰᠦ ᠶᠢᠨ ᠴᠢᠮᠡᠭᠡ ᠰᠡᠳᠬᠢᠯ ᠮᠡᠳᠡᠷᠡᠮᠵᠢ ᠶᠢ ᠵᠢᠷᠭᠠᠯ ᠢᠶᠠᠷ ᠬᠠᠩᠬᠤᠯᠠᠭᠤᠯᠤᠭᠰᠠᠨ ᠤᠷᠤᠰᠬᠠᠯ ᠠᠷᠤ ᠶᠢᠨ ᠠᠭᠤᠯᠠᠨ ᠤ ᠰᠠᠯᠬᠢᠨ ᠮᠡᠳᠦ ᠢᠰᠬᠢᠷᠦᠨ᠎ᠡ ᠠᠨᠠᠪᠠᠳ ᠲᠠᠯᠠᠢ ᠶᠢᠨ ᠲᠠᠪᠠᠯᠭᠠᠨ ᠮᠡᠳᠤ  ᠲᠤᠯᠭᠢᠶᠠᠯᠠᠨ᠎ᠠ ᠁
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号