ᠨᠢᠭᠤᠴᠠᠬᠠᠨ    ᠬᠠᠶᠢᠷ᠎ᠠ
ᠨᠡᠶᠢᠲᠡᠯᠡᠭᠰᠡᠨ ᠴᠠᠭ᠄
2020-07-20
ᠨᠢᠭᠤᠴᠠᠬᠠᠨ     ᠬᠠᠶᠢᠷ᠎ᠠ                ᠠᠶᠢ᠊᠂ ᠨᠠᠮᠵᠢᠯ ᠨᠠᠢᠮᠠ ᠶᠢᠰᠣᠨ ᠵᠢᠯ ᠤᠨ ᠡᠮᠣᠨᠡᠬᠢ ᠨᠠᠮᠣᠷ ᠢᠶᠠᠷ ᠨᠠᠶᠢᠷ ᠲᠤ ᠨᠢᠬᠡ ᠣᠴᠠᠷᠠᠭᠰᠠᠨ ᠶᠣᠮ ᠨᠡᠷ᠎ᠡ ᠣᠰᠣ ᠪᠠᠨ ᠠᠰᠠᠭᠤᠯᠴᠠᠵᠣ ᠲᠠᠨᠢᠯᠴᠠᠭᠠᠳ ᠨᠠᠳᠠ ᠳᠤ ᠳᠣᠲᠣᠨᠣᠬᠠᠨ ᠰᠠᠨᠠᠭᠳᠠᠭᠰᠠᠨ ᠶᠣᠮ ᠨᠡᠯᠡᠶᠡᠳ ᠬᠡᠳᠣᠨ ᠦᠬᠡ ᠰᠣᠯᠢᠯᠴᠠᠭᠠᠳ ᠨᠢᠯᠴᠢᠬᠢᠨᠡᠵᠣ ᠪᠡᠶ᠎ᠡ ᠮᠢᠨᠢ ᠬᠠᠯᠠᠭᠤᠭᠰᠠᠨ ᠶᠣᠮ ᠨᠢᠩᠵᠢᠨ ᠰᠡᠳᠬᠢᠯ ᠮᠢᠨᠢ ᠪᠦᠷ ᠠᠭᠤᠰᠠᠭᠠᠳ ᠨᠢᠭᠤᠴᠠᠬᠠᠨ ᠬᠠᠶᠢᠷ᠎ᠠ ᠮᠢᠨᠢ ᠠᠮᠢᠯᠠᠭᠰᠠᠨ ᠶᠣᠮ ᠲᠡᠷᠠ ᠡᠳᠣᠷ ᠠᠴᠠ ᠡᠬᠢᠯᠡᠬᠡᠳ ᠪᠢ — ︽ᠲᠡᠨᠡᠭ︾ ᠪᠣᠳᠣᠯ ᠡᠪᠣᠷᠡᠯᠡᠭᠰᠡᠨ ᠶᠣᠮ ᠲᠠᠨᠢᠳᠠᠭ ᠦᠬᠡᠢ ᠬᠠᠷᠢ ᠶᠢᠨ ᠵᠠᠯᠠᠭᠤ ᠳᠤ ᠲᠡᠬᠡᠵᠣ ᠯᠠ ᠨᠢᠬᠡ ᠳᠣᠷᠠᠯᠠᠭᠰᠠᠨ ᠶᠣᠮ ᠲᠡᠬᠦᠨ ᠢᠶᠠᠨ ᠲᠣᠲᠣᠷ᠎ᠠ ᠪᠠᠨ ᠳᠠᠯᠳᠠᠯᠠᠵᠣ ᠲᠠᠷᠢᠬᠢᠨ ᠳᠡᠭᠡᠨ ᠨᠦᠬᠡᠴᠡᠯᠠᠵᠣ ᠶᠠᠪᠣᠭᠰᠠᠨ ᠶᠣᠮ ᠲᠡᠶᠢᠮᠣ ᠣᠳᠠᠭᠠᠨ ᠣᠨ ᠰᠠᠷ᠎ᠠ ᠶᠢ ᠲᠡᠰᠪᠣᠷᠢᠯᠡᠨ ᠬᠦᠯᠢᠶᠡᠵᠣ ᠢᠷᠡᠭᠰᠠᠨ ᠶᠣᠮ ᠣᠯᠠᠭᠠᠨ ᠵᠢᠷᠣᠬᠡᠨ ᠳᠡᠭᠡᠨ ᠨᠢᠭᠤᠵᠣ ᠣᠴᠢᠷ ᠦᠬᠡᠢ ᠶᠡᠭᠡ ᠪᠣᠳᠣᠳᠠᠭ ᠪᠣᠯᠣᠭᠰᠠᠨ ᠶᠣᠮ ᠣᠭᠤᠷᠠᠭ ᠲᠠᠷᠢᠬᠢ ᠪᠠᠨ ᠰᠢᠪᠬᠠᠵᠣ ᠠᠭᠤᠯᠵᠠᠵᠣ ᠵᠣᠯᠭᠤᠬᠤ ᠶᠢ ᠬᠦᠰᠡᠳᠡᠭ ᠪᠣᠯᠣᠭᠰᠠᠨ ᠶᠣᠮ ᠣᠶᠣᠨ ᠪᠣᠳᠣᠯ ᠳᠠᠭᠠᠨ ᠳᠠᠷᠣᠭᠳᠠᠵᠣ ᠡᠳᠣᠷ ᠰᠦᠨᠢ ᠦᠬᠡᠢ ᠡᠷᠬᠢᠴᠡᠬᠦᠯᠳᠡᠭ ᠪᠣᠯᠣᠭᠰᠠᠨ ᠶᠣᠮ ᠣᠷᠢᠳᠠ ᠶᠢᠨ ᠲᠠᠪᠢᠯᠠᠩ ᠪᠠᠶᠢᠳᠠᠭ ᠪᠣᠯ ᠭᠡᠳ ᠣᠷᠣᠭᠯᠠᠵᠣ ᠰᠠᠭᠤᠬᠤ ᠶᠢ ᠰᠠᠨᠠᠳᠠᠭ ᠪᠣᠯᠣᠭᠰᠠᠨ ᠶᠣᠮ ᠬᠡᠨ ᠳᠤ ᠴᠣ᠋ ᠬᠡᠯᠡᠯ ᠦᠬᠡᠢ ᠨᠢᠭᠤᠭᠰᠠᠭᠠᠷ ᠪᠠᠶᠢᠵᠣ ᠭᠡᠳᠣ ᠶᠠᠳᠣᠨ ᠵᠢᠯ ᠦᠩᠬᠡᠷᠡᠭᠰᠡᠨ ᠶᠣᠮ ᠬᠡᠬᠦᠳᠡᠭ ᠴᠡᠬᠡᠵᠢᠨ ᠳᠡᠭᠡᠨ ᠪᠣᠳᠣᠭᠰᠠᠭᠠᠷ ᠪᠠᠶᠢᠵᠣ ᠬᠡᠢ ᠭᠠᠯᠵᠠᠭᠤ ᠰᠢᠭ᠋ ᠪᠣᠯᠣᠭᠰᠠᠨ ᠶᠣᠮ ᠭᠡᠵᠢᠶ᠎ᠡ ᠨᠢᠬᠡᠨ ᠴᠠᠭ ᠲᠤ ᠬᠠᠷᠠᠭᠠᠯᠳᠠᠬᠤ ᠪᠣᠯ ᠭᠡᠳ ᠭᠡᠴᠡᠬᠦᠦ ᠶᠡᠭᠡ ᠪᠠᠷ ᠵᠣᠪᠠᠳᠠᠭ ᠪᠣᠯᠣᠭᠰᠠᠨ ᠶᠣᠮ ᠭᠡᠷᠡᠭ ᠦᠬᠡᠢ ᠶᠠᠭᠤᠮᠠᠨ ᠳᠤ ᠰᠡᠳᠬᠢᠯ ᠢᠶᠠᠨ ᠰᠢᠨᠠᠯᠭᠠᠵᠣ ᠭᠡᠭᠡᠷ᠎ᠠ ᠶᠢᠨ ᠪᠠᠷ᠎ᠠ ᠬᠠᠷᠠᠵᠣ ᠵᠣᠭᠰᠣᠳᠠᠭ ᠪᠣᠯᠣᠭᠰᠠᠨ ᠶᠣᠮ ᠠᠷᠣ ᠠᠴᠠ ᠴᠢᠨᠢ ᠨᠢᠭᠤᠴᠠᠬᠠᠨ ᠪᠠᠷᠠᠭᠠᠯᠠᠬᠤ ᠳᠠᠭᠠᠨ ᠠᠯᠮᠠᠶᠢᠷᠠᠵᠣ ᠶᠠᠭᠤᠨ ᠳᠤ ᠵᠣᠭᠰᠣᠪᠠ ᠪᠢ ᠠᠪᠣᠭᠰᠠᠨ ᠲᠠᠯᠪᠢᠭᠰᠠᠨ ᠢᠶᠠᠨ ᠮᠠᠷᠲᠠᠭᠠᠳ ᠠᠬᠢᠭᠠᠳ ᠰᠣᠨᠢᠬᠠᠨ ᠪᠣᠯᠪᠠ ᠪᠢ ᠣᠯᠠᠨ ᠵᠣᠶᠢᠯ ᠤᠨ ᠪᠣᠳᠣᠯ ᠳᠤ ᠠᠪᠲᠠᠵᠣ ᠣᠨᠲᠠᠬᠤ ᠨᠣᠶᠢᠷ ᠦᠬᠡᠢ ᠬᠤᠨᠣᠪᠠ ᠪᠢ ᠣᠦᠭᠤᠬᠤ ᠬᠤᠭᠤᠯᠠ ᠳᠠᠪᠣᠰᠣ ᠦᠬᠡᠢ ᠶᠣᠮ ᠰᠢᠭ ᠣᠷᠣᠵᠣ ᠭᠠᠷᠣᠭᠠᠳ ᠬᠠᠴᠢᠨ ᠪᠣᠯᠪᠠ ᠪᠢ ᠬᠤᠪᠣᠷᠬᠠᠨ ᠲᠣᠬᠢᠶᠠᠯᠳᠣᠬᠤ ᠵᠠᠪᠰᠢᠶᠠᠨ ᠲᠠᠭᠠᠷᠠᠭᠠᠳ ᠬᠤᠶᠠᠭᠤᠯᠠ ᠠᠷᠠᠢ ᠬᠡᠵᠣ ᠠᠭᠤᠯᠵᠠᠭᠰᠠᠨ ᠶᠣᠮ ᠬᠤᠯᠠ ᠣᠶᠢᠷ᠎ᠠ ᠶᠢᠨ ᠰᠣᠷᠠᠭ ᠠᠴᠠ ᠡᠬᠢᠯᠡᠭᠡᠳ ᠬᠤᠭᠤᠷᠠᠨᠳᠣ ᠪᠠᠨ ᠨᠡᠯᠢᠶᠡᠳ ᠵᠣᠭᠤᠭᠳᠠᠭᠰᠠᠨ ᠶᠣᠮ ᠬᠤᠨᠤᠭ ᠡᠳᠣᠷ ᠤᠨ ᠵᠣᠵᠠᠭᠠᠨ ᠳᠠᠬᠢ ᠬᠤᠪᠣᠳᠣᠯ ᠵᠢᠷᠣᠬᠡᠨ ᠤ ᠨᠢᠭᠤᠴᠠ ᠪᠠᠨ ᠳᠡᠯᠭᠡᠭᠰᠡᠨ ᠶᠣᠮ ᠬᠤᠪᠢ ᠢᠷᠣᠬᠡᠯ ᠤᠨ ᠪᠠᠷᠢᠯᠳᠣᠯᠭ᠎ᠠ ᠲᠠᠢ ᠬᠤᠵᠢᠮ ᠤᠨ ᠠᠮᠢᠳᠣᠷᠠᠯ ᠢᠶᠠᠨ ᠲᠣᠭᠲᠠᠭᠰᠠᠨ ᠶᠣᠮ        新疆博州温泉县哈镇中学                那木吉力                15299741858
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号