ᠮᠣᠩᠭᠤᠯ ᠬᠡᠯᠡ
ᠨᠡᠶᠢᠲᠡᠯᠡᠭᠰᠡᠨ ᠴᠠᠭ᠄
2020-07-17
 ᠮᠣᠩᠭᠤᠯ ᠬᠡᠯᠡ                     ᠮᠠᠩᠯᠠᠶᠢᠪᠠᠶᠠᠷ                  ᠨᠢᠭᠡ ᠮᠣᠩᠭᠤᠯ ᠬᠡᠯᠡ᠂ ᠮᠣᠨᠳᠠᠭ  ᠬᠡᠯᠡ ᠮᠣᠯᠣᠷ ᠡᠷᠳᠡᠨᠢ ᠰᠢᠭ ᠦᠨᠡᠲᠦ  ᠬᠡᠯᠡ ᠮᠦᠩᠬᠡ ᠣᠷᠤᠰᠢᠬᠤ ᠪᠠᠶᠠᠯᠢᠭ ᠬᠡᠯᠡ ᠮᠦᠩᠬᠡ ᠲᠡᠭᠷᠢ ᠶᠢᠨ ᠪᠣᠰᠤᠭ᠎ᠠ ᠬᠡᠯᠡ᠃ ᠠᠷᠪᠠᠨ ᠭᠤᠷᠪᠠᠳᠣᠭᠠᠷ ᠵᠠᠭᠤᠨ ᠤ ᠦᠶ᠎ᠡ ᠳᠤ ᠠᠩᠭ᠍ᠯᠢ ᠬᠡᠯᠡ ᠰᠢᠭ ᠳᠡᠯᠡᠬᠡᠢ ᠪᠠᠷ ᠢᠶᠠᠨ ᠬᠡᠷᠡᠭᠯᠡᠭᠰᠡᠨ ᠠᠴᠠ ᠠᠯᠢ ᠴᠦ ᠦᠨᠳᠦᠰᠦᠲᠡᠨ ᠤ ᠦᠭᠡ ᠬᠡᠯᠡ ᠶᠢ ᠠᠮᠠᠨ ᠤ ᠠᠶ᠎ᠠ ᠪᠠᠷ ᠠᠪᠢᠶᠠᠯᠠᠨ ᠴᠢᠳᠠᠳᠠᠭ᠃ ᠣᠳᠣ ᠪᠣᠯᠬᠤ ᠳᠤ ᠬᠤᠯᠢᠮᠠᠭ ᠣᠯᠠᠳᠠᠭᠰᠠᠨ ᠠᠴᠠ ᠬᠡᠯᠡ ᠪᠠᠨ 《 ᠬᠤᠭᠤᠯᠬᠤ》 ᠳᠤ  ᠬᠤᠯᠠ ᠦᠭᠡᠢ᠂ ᠣᠴᠢᠵᠣ ᠣᠴᠢᠵᠣ ᠬᠡᠦᠬᠡᠳ ᠪᠠᠭᠠᠴᠣᠳ ᠴᠣ᠋ ᠬᠡᠯᠡ ᠪᠠᠨ ᠮᠡᠳᠡᠬᠦ ᠦᠭᠡᠢ《 ᠬᠡᠯᠡᠭᠡᠶᠢᠷᠡᠯ᠎ᠡ 》᠃  ᠬᠡᠯᠡ ᠰᠣᠶᠣᠯ   ᠢᠶᠠᠨ ᠠᠯᠳᠠᠪᠠᠯ ᠪᠢᠳᠡ ᠬᠡᠨ ᠭᠡᠳᠡᠭ ᠢᠶᠠᠨ ᠮᠡᠳᠡᠬᠦ ᠦᠭᠡᠢ ᠪᠣᠯᠣᠨ᠎ᠠ᠂ ᠬᠡᠨ ᠪᠦᠬᠦᠨ ᠡᠷᠬᠢᠮᠯᠡᠵᠦ ᠬᠦᠨᠳᠦᠳᠬᠡᠪᠡᠯ ᠬᠡᠵᠢᠶ᠎ᠡ ᠡᠭᠦᠷᠢᠳᠡ ᠮᠦᠩᠬᠡ ᠣᠯᠠᠮᠵᠢᠯᠠᠨ᠎ᠠ︕                ᠬᠤᠶᠠᠷ ᠦᠭᠡ ᠪᠠᠨ ᠮᠣᠩᠭᠤᠯ ᠢᠶᠠᠷ ᠬᠡᠯᠡᠶ᠎ᠡ ᠦᠰᠦᠭ ᠢᠶᠠᠨ ᠮᠣᠩᠭᠤᠯ ᠢᠶᠠᠷ ᠪᠢᠴᠢᠶ᠎ᠡ ᠤᠴᠢᠷ ᠢᠶᠠᠨ ᠮᠣᠩᠭᠤᠯ ᠢᠶᠠᠷ ᠮᠡᠳᠡᠭᠳᠡᠶ᠎ᠡ ᠣᠬᠠᠭᠠᠨ ᠢᠶᠠᠨ ᠮᠣᠩᠭᠤᠯ ᠢᠶᠠᠷ ᠣᠶᠢᠯᠠᠭᠠᠶ᠎ᠠ᠃ ᠪᠣᠰᠤᠭ᠎ᠠ ᠮᠣᠩᠭᠤᠯ ᠦᠰᠦᠭ ᠢᠶᠠᠨ ᠪᠣᠷᠣᠭᠤ ᠪᠢᠴᠢᠬᠦ ᠶᠢ  ᠬᠢᠴᠢᠶᠡᠶ᠎ᠡ᠂ ᠪᠠᠶᠢᠩᠭᠤ ᠬᠡᠷᠡᠭᠯᠡᠭᠳᠡᠬᠦ ᠳᠠᠭᠠᠪᠣᠷᠢ ᠶᠢ  ᠴᠦ ᠪᠢᠳᠡ ᠵᠦᠪ ᠵᠠᠷᠣᠶ᠎ᠠ᠃ ᠪᠠᠶᠠᠯᠢᠭ ᠮᠣᠩᠭᠤᠯ ᠦᠰᠦᠭ ᠢᠶᠠᠨ  ᠪᠠᠭ᠋ᠠᠷᠬᠠᠵᠣ ᠣᠷᠮ᠎ᠠ ᠲᠠᠢ ᠰᠣᠷᠣᠶ᠎ᠠ᠂ ᠬᠤᠷᠸ᠎ᠠ ᠳᠤ ᠬᠤᠣᠰ ᠦᠭᠡᠢ ᠬᠡᠯᠡ ᠪᠠᠨ ᠬᠤᠪᠢ ᠪᠠᠷ ᠢᠶᠠᠨ ᠬᠦᠨᠳᠦᠳᠬᠡᠵᠦ ᠬᠡᠷᠡᠭᠯᠡᠶ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号