ᠨᠠᠨᠳᠢᠨ ᠮᠤᠩᠭᠤᠯ ᠰᠤᠶᠤᠯ
ᠨᠡᠶᠢᠲᠡᠯᠡᠭᠰᠡᠨ ᠴᠠᠭ᠄
2020-07-17
  ᠨᠠᠨᠳᠢᠨ ᠮᠤᠩᠭᠤᠯ ᠰᠤᠶᠤᠯ ᠨᠠᠶᠢᠳᠠ ᠶᠢᠨ ᠤᠨ ᠲᠤᠭᠠᠯᠠᠯ ᠤᠨ ᠡᠮᠤᠨ᠎ᠡ ᠮᠤᠩᠭᠤᠯ ᠰᠤᠶᠤᠯ ᠤᠷᠤᠰᠢᠵᠤ ᠪᠠᠶᠢᠯ᠎ᠠ ᠾᠦᠡᠭᠨᠤ ᠴᠠᠨ ᠢᠤᠢ ᠶᠢᠨ ᠬᠤᠶᠢᠴᠢᠰ ᠭᠡᠮᠡᠭᠰᠠᠨ ᠮᠤᠩᠭᠤᠯ ᠬᠦᠮᠦᠨ ᠪᠠᠶᠢᠯ᠎ᠠ ᠨᠠᠢᠮᠠᠨ ᠮᠢᠩᠭᠠᠨ ᠵᠢᠯ ᠤᠨ ᠲᠡᠤᠭᠡ ᠲᠠᠢ ᠭᠡᠵᠤ ᠮᠤᠩᠭᠤᠯ ᠢ ᠬᠡᠯᠡᠬᠦ ᠶᠤᠮ ᠠᠭᠤᠯᠠ ᠬᠠᠳᠠᠨ ᠤ ᠵᠢᠷᠤᠭ᠂ ᠲᠠᠯᠡᠭᠡᠢ ᠲᠦᠭᠡᠭᠰᠠᠨ ᠮᠤᠩᠭᠤᠯᠴᠤᠳ ᠭᠡᠷᠡᠴᠢ ᠪᠤᠯᠬᠤ ᠶᠤᠮ ᠨᠠᠨᠳᠢᠨ ᠮᠤᠩᠭᠤᠯ ᠰᠤᠶᠤᠯ ᠮᠢᠨᠢ ᠮᠤᠩᠭᠤᠯ ᠤᠨ ᠦᠨᠳᠦᠷᠯᠢᠭ ᠲᠤ ᠲᠠᠭᠠᠤᠷᠢᠰᠴᠤ ᠪᠠᠶᠢᠭᠰᠠᠨ ᠨᠠᠨᠳᠢᠨ ᠮᠤᠩᠭᠤᠯ ᠰᠤᠶᠤᠯ ᠮᠢᠨᠢ ᠪᠠᠶᠢᠭᠠᠯᠢ ᠨᠠᠭᠤᠷ ᠪᠠᠷ ᠨᠤᠳᠤᠭᠰᠢᠵᠤ ᠪᠠᠶᠢᠭᠰᠠᠨ ᠨᠠᠨᠳᠢᠨ ᠮᠤᠩᠭᠤᠯ ᠰᠤᠶᠤᠯ ᠮᠢᠨᠢ ᠵᠠᠬᠦᠨ ᠲᠠᠯᠠᠢ ᠬᠦᠷᠳᠡᠯ᠎ᠡ ᠮᠤᠩᠭᠤᠯ ᠨᠠᠷ᠎ᠠ ᠲᠠᠢ ᠭᠠᠵᠠᠷ ᠪᠠᠶᠢᠭᠰᠠᠨ ᠨᠠᠨᠳᠢᠨ ᠮᠤᠩᠭᠤᠯ ᠰᠤᠶᠤᠯ ᠮᠢᠨᠢ ᠠᠯᠳᠠᠢ ᠠᠭᠤᠯᠠ ᠭᠡᠨᠳᠠᠢ ᠨᠢᠷᠤᠭᠤ ᠪᠠᠷ ᠬᠢᠯᠠᠰᠤᠭᠤᠯᠵᠤ ᠪᠠᠶᠢᠭᠰᠠᠨ᠃ ᠨᠠᠷᠠᠨ ᠰᠠᠷᠠᠨ ᠤ ᠨᠤᠶᠠᠨ ᠤᠷᠬᠢᠯ ᠳᠤ ᠲᠤᠯᠭ᠎ᠠ ᠲᠠᠢ ᠭᠠᠯ ᠪᠠᠨ ᠨᠤᠴᠤᠭᠠᠭᠰᠠᠨ ᠮᠤᠩᠭᠤᠯᠴᠤᠳ ᠲᠡᠭᠷᠢ ᠭᠠᠵᠠᠷ ᠬᠦᠮᠦᠨ ᠢ ᠵᠢᠭᠠᠭᠰᠠᠨ ᠰᠦᠯᠳᠠ ᠪᠠᠨ ᠮᠠᠨᠳᠤᠭᠤᠯᠤᠭᠰᠠᠨ ᠮᠤᠩᠭᠤᠯᠴᠤᠳ ᠨᠡᠷᠬᠢᠶᠠᠨ ᠲᠠᠪᠵᠢᠶᠠᠨ ᠲᠠᠢ ᠡᠨᠠ ᠤᠷᠴᠢᠯᠠᠩ ᠳᠤ ᠲᠦᠪᠴᠢ ᠦᠨᠠᠨᠴᠢ ᠮᠤᠩᠭᠤᠯᠴᠤᠳ ᠵᠢᠰᠤᠷ ᠵᠠᠯᠢᠬᠠᠢ ᠭᠠᠵᠢᠭᠤ ᠨᠤᠮᠳᠠᠨ ᠢ ᠲᠠᠷᠤᠵᠤ ᠶᠠᠪᠤᠳᠠᠭ ᠮᠤᠩᠭᠤᠯᠴᠤᠳ ᠬᠤᠪᠳᠤᠭ ᠨᠤᠶᠠᠨ ᠲᠠᠢ ᠠᠭᠤᠯᠵᠠᠭᠠᠳ ᠬᠤᠨᠭ᠍ᠬᠢᠶᠠᠷ ᠢ ᠨᠢ ᠮᠢᠯᠢᠶᠠᠳᠠᠭ ᠦᠭᠡᠢ ᠮᠤᠩᠭᠤᠯ ᠵᠠᠩ ᠬᠤᠯᠵᠢᠨ ᠲᠦᠰᠢᠮᠠᠯ ᠲᠠᠢ ᠲᠠᠭᠠᠷᠠᠯᠳᠤᠭᠠᠳ ᠬᠠᠷᠮᠠᠨ ᠲᠤᠨᠢ ᠬᠠᠪᠴᠢᠭᠤᠯᠳᠠᠭ ᠦᠭᠡᠢ ᠮᠤᠩᠭᠤᠯ ᠵᠠᠩ ᠬᠦᠳᠡᠭᠡ ᠶᠢᠨ ᠠᠷᠡᠳ ᠠᠶᠢᠯ ᠠᠷᠪᠢᠨ ᠲᠠᠢ ᠪᠠᠨ ᠡᠪᠳᠡᠢ ᠶᠠᠪᠤᠳᠠᠭ ᠮᠤᠩᠭᠤᠯ ᠵᠠᠩ ᠬᠦᠮᠦᠨ ᠠᠴᠠ ᠢᠯᠠᠬᠦᠦ ᠤᠯᠤᠨ᠎ᠠ ᠭᠡᠳ ᠪᠤᠰᠤᠳ ᠤᠨ ᠬᠢ ᠵᠠᠯᠬᠢᠳᠠᠭ ᠦᠭᠡᠢ ᠮᠤᠩᠭᠤᠯ ᠵᠠᠩ ᠭᠡᠯᠡᠪᠡᠯ ᠬᠡᠯᠡᠭᠰᠠᠨ ᠳᠡᠭᠡᠨ ᠰᠠᠭᠤᠳᠠᠭ ᠲᠡᠭᠷᠢᠯᠢᠭ ᠶᠤᠰᠤ ᠬᠤᠷᠸ᠎ᠠ ᠶᠢᠷᠳᠢᠨᠴᠤ ᠶᠢ ᠵᠠᠰᠠᠳᠠᠭ ᠲᠦᠪᠴᠢ ᠶᠤᠰᠤ ᠬᠠᠨᠠᠭᠠᠷ ᠪᠠᠶᠢᠭᠠᠯᠢ ᠢ ᠬᠠᠶᠢᠷᠠᠯᠠᠳᠠᠭ ᠬᠦᠮᠦᠨ ᠪᠦᠬᠦᠨ ᠤ ᠶᠤᠰᠤ ᠬᠡᠵᠢᠶᠠᠳᠠ ᠢᠯᠵᠠᠷᠠᠬᠤ ᠦᠭᠡᠢ ᠴᠡᠪᠡᠷ ᠪᠠᠶᠢᠳᠠᠭ ᠮᠦᠡᠭᠭᠡ ᠤᠷᠤᠰᠢᠬᠤ ᠶᠤᠰᠤ᠃ ᠡᠵᠡᠨ ᠬᠠᠭᠠᠨ ᠴᠢᠩᠬᠢᠰ ᠪᠤᠰᠤᠭ᠎ᠠ ᠮᠤᠩᠭᠤᠯ ᠦᠰᠦᠭ ᠢ ᠵᠤᠬᠢᠶᠠᠵᠤ ᠭᠡᠷᠡᠭᠯᠡᠭᠰᠠᠨ ᠠᠯᠳᠠᠨ ᠲᠦᠷᠦ ᠨᠢ ᠪᠤᠰᠤᠭ᠎ᠠ ᠮᠤᠩᠭᠤᠯ ᠦᠰᠦᠭ ᠢ ᠤᠯᠤᠰ ᠠᠷᠡᠳ ᠪᠠᠷ ᠢᠶᠠᠨ ᠭᠡᠷᠡᠭᠯᠡᠭᠰᠠᠨ ᠪᠢᠴᠢᠭ ᠴᠡᠷᠢᠭ ᠤᠨ ᠨᠠᠷᠢᠯᠢᠭ ᠶᠠᠪᠤᠳᠠᠯ ᠳᠤ ᠪᠤᠰᠤᠭ᠎ᠠ ᠮᠤᠩᠭᠤᠯ ᠦᠰᠦᠭ ᠢ ᠭᠡᠷᠡᠭᠯᠡᠭᠰᠠᠨ ᠪᠤᠳᠤᠵᠤ ᠰᠤᠳᠤᠯᠳᠠᠭ ᠰᠢᠨᠵᠢᠯᠠᠬᠦ ᠤᠠᠬᠭᠠᠨᠳᠠᠨ ᠴᠤ ᠪᠤᠰᠤᠭ᠎ᠠ ᠮᠤᠩᠭᠤᠯ ᠦᠰᠦᠭ ᠢ ᠭᠡᠷᠡᠭᠯᠡᠭᠰᠠᠨ ᠲᠦᠷᠦ ᠵᠠᠰᠠᠭ ᠤᠨ ᠶᠡᠭᠡ ᠶᠠᠪᠤᠳᠠᠯ ᠢ ᠭᠡᠷᠡᠭᠵᠢᠬᠦᠯᠵᠤ ᠪᠠᠶᠢᠭᠰᠠᠨ ᠮᠤᠩᠭᠤᠯ ᠦᠰᠦᠭ ᠲᠦᠮᠠᠨ ᠠᠷᠡᠳ ᠤᠨ ᠠᠮᠢᠳᠤᠷᠠᠯ ᠢ ᠲᠦᠪᠬᠢᠨᠠᠬᠦᠯᠵᠤ ᠪᠠᠶᠢᠭᠰᠠᠨ ᠮᠤᠩᠭᠤᠯ ᠦᠰᠦᠭ ᠤᠯᠠᠨ ᠬᠡᠯᠡᠳᠠᠨ ᠤ ᠦᠭᠡ ᠬᠡᠯᠠ ᠢ ᠤᠭ ᠬᠡᠪ ᠪᠠᠷ ᠨᠢ ᠲᠤᠰᠬᠠᠳᠠᠭ ᠮᠤᠩᠭᠤᠯ ᠦᠰᠦᠭ ᠤᠯᠤᠰ ᠦᠨᠳᠤᠰᠤᠳᠠᠨ ᠤ ᠵᠠᠭᠤᠴᠢ ᠪᠤᠯᠤᠭᠠᠳ ᠲᠡᠯᠡᠭᠡᠢ ᠳᠤ ᠨᠠᠪᠳᠡᠷᠡᠭᠰᠠᠨ ᠮᠤᠩᠭᠤᠯ ᠦᠰᠦᠭ ᠮᠤᠩᠭᠤᠯ ᠰᠤᠶᠤᠯ ᠨᠠᠨᠳᠢᠨ ᠰᠤᠶᠤᠯ ᠮᠠᠯᠴᠢᠨ ᠲᠦᠮᠠᠨ ᠤ ᠠᠮᠢᠵᠢᠷᠠᠯ ᠤᠨ ᠰᠤᠶᠤᠯ ᠮᠤᠩᠭᠤᠯ ᠰᠤᠶᠤᠯ ᠮᠡᠷᠭᠡᠨ ᠰᠤᠶᠤᠯ ᠮᠤᠩᠬᠠᠭ ᠪᠠᠯᠠᠢ ᠶᠢ ᠵᠠᠰᠠᠳᠠᠭ ᠭᠡᠭᠡᠨ ᠰᠤᠶᠤᠯ ᠮᠤᠩᠭᠤᠯ ᠰᠤᠶᠤᠯ ᠪᠤᠯᠪᠠᠰᠤᠨ ᠰᠤᠶᠤᠯ ᠭᠠᠵᠢᠭᠤ ᠶᠢ ᠵᠠᠰᠠᠳᠠᠭ ᠬᠤᠪᠢᠯᠭᠠᠨ ᠰᠤᠶᠤᠯ ᠮᠤᠩᠭᠤᠯ ᠰᠤᠶᠤᠯ ᠬᠦᠭᠵᠢᠬᠦ ᠰᠤᠶᠤᠯ ᠪᠢᠳᠠ ᠪᠦᠬᠦᠨ ᠤ ᠲᠠᠷᠬᠠᠨ ᠰᠤᠶᠤᠯ ᠮᠤᠩᠭᠤᠯ ᠰᠤᠶᠤᠯ ᠪᠠᠷ ᠰᠡᠳᠬᠢᠬᠦ ᠳᠤ ᠰᠡᠳᠬᠢᠴᠠ ᠮᠢᠨᠢ ᠬᠦᠨᠵᠡᠬᠡᠶᠢᠷᠡᠨ᠎ᠡ ᠮᠤᠩᠭᠤᠯ ᠰᠤᠶᠤᠯ ᠢ ᠰᠤᠷᠬᠤ ᠳᠤ ᠪᠤᠳᠤᠯᠭ᠎ᠠ ᠮᠢᠨᠢ ᠲᠤᠩᠭᠠᠯᠠᠭᠰᠢᠨ᠎ᠠ ᠮᠤᠩᠭᠤᠯ ᠰᠤᠶᠤᠯ ᠢ ᠭᠡᠷᠡᠭᠯᠡᠬᠦ ᠳᠤ ᠡᠷᠬᠢᠯᠠᠬᠦ ᠤᠴᠢᠷ ᠮᠢᠨᠢ ᠪᠦᠳᠦᠨ᠎ᠠ ᠮᠤᠩᠭᠤᠯ ᠰᠤᠶᠤᠯ ᠢ ᠲᠦᠭᠡᠮᠠᠯᠵᠢᠬᠦᠯᠬᠦ ᠳᠤ ᠭᠡᠯᠡᠭᠰᠠᠨ ᠬᠦᠮᠦᠨ ᠤ ᠤᠷᠮ᠎ᠠ ᠨᠡᠮᠡᠭᠳᠡᠨ᠎ᠡ᠃ ᠮᠤᠩᠭᠤᠯ ᠰᠡᠳᠬᠢᠴᠠ ᠪᠠᠷ ᠶᠢᠷᠳᠢᠨᠴᠤ ᠢ ᠦᠵᠠᠬᠦ ᠳᠤ ᠠᠭᠤᠯᠠ ᠤᠰᠤ ᠬᠡᠪ ᠪᠠᠷ ᠵᠡᠨ ᠬᠠᠷᠠᠭᠳᠠᠨ᠎ᠠ ᠮᠤᠩᠭᠤᠯ ᠰᠡᠳᠬᠢᠴᠠ ᠪᠠᠷ ᠠᠰᠭᠤᠳᠠᠯ ᠢ ᠦᠵᠠᠬᠦ ᠳᠤ  ᠦᠨᠠᠨ ᠨᠢ ᠲᠤᠳᠤᠷᠠᠨ᠎ᠠ ᠮᠤᠩᠭᠤᠯ ᠰᠡᠳᠬᠢᠴᠠ ᠪᠠᠷ ᠲᠡᠤᠭᠡ ᠢ ᠦᠵᠠᠬᠦ ᠳᠤ ᠰᠠᠶᠢᠨ ᠮᠠᠭᠤ ᠨᠢ ᠪᠦᠷ ᠢᠯᠭᠠᠭᠳᠠᠨ᠎ᠠ ᠮᠤᠩᠭᠤᠯ ᠰᠡᠳᠬᠢᠴᠠ ᠪᠠᠷ ᠢᠷᠡᠭᠡᠳᠤᠢ ᠶᠢ ᠦᠵᠠᠬᠦ ᠳᠤ ᠢᠳᠡᠭᠡᠯ ᠵᠤᠷᠢᠭ ᠮᠢᠨᠢ ᠤᠷᠬᠢᠯᠤᠨ᠎ᠠ ᠵᠠᠩ ᠵᠠᠩᠰᠢᠯ ᠨᠢ ᠮᠤᠩᠭᠤᠯ ᠪᠤᠯ ᠠᠭᠤᠯᠵᠠᠭᠰᠠᠨ ᠬᠦᠮᠦᠨ ᠡᠶᠡᠯᠰᠡᠭ ᠭᠡᠯᠡᠭᠰᠠᠨ ᠦᠭᠡ ᠨᠢ ᠮᠤᠩᠭᠤᠯ ᠪᠤᠯ ᠴᠡᠬᠢᠨ ᠳᠤ ᠰᠤᠨᠤᠰᠳᠠᠬᠤ ᠨᠢ ᠲᠤᠳᠤᠨᠤᠰᠤᠭ ᠡᠮᠤᠰᠦᠭᠰᠠᠨ ᠬᠤᠪᠴᠠᠰᠤ ᠨᠢ ᠮᠤᠩᠭᠤᠯ ᠪᠤᠯ ᠦᠵᠠᠬᠦ ᠨᠢᠳᠤᠨ ᠳᠤ ᠭᠤᠶᠤᠮᠰᠤᠭ ᠪᠢᠴᠢᠭᠰᠡᠨ ᠦᠰᠦᠭ ᠨᠢ ᠮᠤᠩᠭᠤᠯ ᠪᠤᠯ ᠤᠡᠭᠰᠢᠵᠤ ᠦᠵᠠᠬᠦ ᠳᠤ ᠤᠷᠮᠠᠰᠤᠭ︕ ᠨᠠᠰᠤᠳᠠᠨ ᠢᠶᠠᠨ ᠠᠰᠠᠷᠠᠵᠤ ᠬᠦᠨᠳᠦᠯᠡᠳᠡᠭ ᠨᠢ ᠮᠤᠩᠭᠤᠯ ᠰᠤᠶᠤᠯ ᠨᠢᠯᠬ᠎ᠠ ᠪᠠᠨ ᠰᠤᠷᠭᠠᠵᠤ ᠬᠦᠮᠦᠵᠢᠬᠦᠯᠳᠡᠭ ᠨᠢ ᠮᠤᠩᠭᠤᠯ ᠰᠤᠶᠤᠯ ᠰᠢᠳᠦᠭᠡᠨ ᠢᠶᠠᠨ ᠨᠠᠨᠳᠢᠩᠨᠠᠨ ᠲᠡᠭᠡᠵᠢᠯᠡᠳᠡᠭ ᠨᠢ ᠮᠤᠩᠭᠤᠯ ᠰᠤᠶᠤᠯ ᠰᠠᠳᠤᠨ ᠲᠦᠷᠦᠯ ᠪᠠᠨ ᠮᠠᠷᠳᠠᠳᠠᠭ ᠦᠭᠡᠢ ᠨᠢ ᠮᠤᠩᠭᠤᠯ ᠰᠤᠶᠤᠯ︕ ᠡᠨᠡᠷᠢᠯᠳᠤ ᠦᠷ᠎ᠠ ᠪᠠᠨ ᠪᠢᠳᠠ ᠮᠤᠩᠭᠤᠯ ᠢᠶᠠᠷ ᠢᠶᠠᠨ ᠰᠤᠷᠭᠠᠬᠤ ᠶᠢ ᠪᠤᠤ ᠤᠮᠠᠷᠳᠠᠶ᠎ᠠ ᠡᠨᠠ ᠶᠢᠷᠳᠢᠨᠴᠤ ᠳᠤ ᠤᠷᠤᠰᠢᠬᠤ ᠮᠤᠩᠭᠤᠯ ᠤᠭᠰᠠᠭ᠎ᠠ ᠪᠠᠨ ᠠᠷᠪᠢᠵᠢᠭᠤᠯᠬᠤ   ᠶᠢ ᠪᠤᠤ ᠮᠠᠷᠳᠠᠶ᠎ᠠ ᠬᠦᠳᠡᠭᠡ ᠲᠠᠯ᠎ᠠ ᠲᠠᠷᠬᠠᠨ ᠨᠤᠳᠤᠭ ᠪᠠᠨ ᠲᠠᠸᠡᠷ ᠪᠠᠷ ᠪᠤᠳᠤᠵᠤ ᠪᠤᠤ ᠬᠤᠳᠠᠯᠳᠤᠶ᠎ᠠ ᠬᠦᠮᠦᠨ ᠤ ᠤᠷᠴᠢᠯᠠᠩ ᠤᠨ ᠠᠯᠤᠰ ᠢᠷᠡᠭᠡᠳᠤᠢ ᠳᠤ ᠪᠠᠶ᠎ᠠ ᠰᠤᠶᠤᠯ᠂ ᠭᠠᠵᠠᠷ ᠲᠠᠢ ᠪᠠᠨ ᠪᠠᠶᠢᠵᠠᠭᠠᠶ᠎ᠠ︕                   ᠪᠠ᠊ · ᠰᠠᠮᠪᠠᠯᠵᠠᠪ ᠰᠠᠭᠤᠭ᠎ᠠ ᠭᠠᠵᠠᠷ᠄ ᠪᠠᠭᠠᠷᠢᠨ ᠪᠠᠷᠠᠭᠤᠨ ᠬᠤᠰᠢᠭᠤᠨ ᠤ ᠰᠢᠷᠡᠮᠦ᠋ᠷᠡᠨ ᠰᠤᠮᠤᠨ ᠤ ᠪᠠᠶᠠᠡᠭᠤᠤᠯ ᠭᠠᠴᠠᠭ᠎ᠠ ᠬᠠᠷᠢᠯᠴᠠᠬᠤ ᠤᠳᠠᠰᠤ᠄ 13214869630              2018 ᠤᠨ ᠤ 1 ᠰᠠᠷ᠎ᠠ ᠶᠢᠨ 1 ᠤ ᠰᠢᠨ᠎ᠠ ᠵᠢᠯ ᠤᠨ ᠪᠠᠶᠠᠷ ᠲᠤ ᠵᠤᠷᠢᠭᠤᠯᠪᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号