ᠰᠣᠩᠭᠤᠭᠤᠯᠢ
ᠨᠡᠶᠢᠲᠡᠯᠡᠭᠰᠡᠨ ᠴᠠᠭ᠄
2020-07-17
   ᠰᠣᠩᠭᠤᠭᠤᠯᠢ                                        ᠮᠠᠯᠴᠢᠨ ᠨᠠ᠊᠂ ᠡᠷᠳᠡᠨᠢᠳᠣᠡᠠᠳᠡᠬᠤ          ᠬᠥᠳᠡᠭᠡ ᠨᠣᠳᠤᠭ ᠤᠨ ᠬᠥᠬᠡᠬᠡ ᠡᠪᠤᠯ ᠨᠡᠬᠡᠢ ᠪᠠᠨ ᠲᠠᠶᠢᠯᠠᠵᠤ᠂ ᠲᠦᠯᠵᠢᠬᠦ ᠬᠠᠪᠤᠷ ᠤᠨ ᠣᠷᠡᠨ  ᠲᠤᠯᠠᠭᠠᠨ ᠲᠤᠪᠳᠤᠯᠤᠨ ᠢᠷᠡᠵᠣ᠂ ᠬᠠᠷᠡᠵᠤ ᠪᠡᠶᠢᠳᠡᠯ᠎ᠡ  ᠬᠠᠷ᠎ᠡ ᠬᠦᠷᠤᠰᠣ   ᠢ ᠨᠡᠪᠳᠡᠯᠣᠨ ᠨᠢᠯᠠᠬ᠎ᠠ ᠨᠤᠭᠤᠭ᠎ᠠ ᠴᠣᠬᠤᠶᠢᠨ ᠨᠠᠪᠴᠢᠯᠠᠵᠤ ᠪᠡᠶᠢᠭᠠᠯᠢ ᠲᠡᠯᠡᠬᠢ ᠶᠢ ᠡᠪᠡᠶᠡᠷᠬᠦᠤ ᠵᠥᠭᠡᠯᠡᠨ ᠢᠯᠴᠢ ᠭᠡᠷᠡᠯ ᠢᠶᠠᠷ ᠢᠶᠠᠨ ᠬᠠᠷᠡᠮ ᠦᠭᠡᠢ ᠲᠡᠪᠡᠷᠡᠨ ᠲᠤᠯᠠᠭᠠᠴᠢᠭᠤᠯᠵᠤ ᠬᠦᠳᠡᠭᠡ ᠶᠢᠨ ᠬᠥᠮᠤᠰ ᠤᠨ ᠨᠢᠭᠡ ᠡᠪᠤᠯ ᠤᠨ ᠲᠠᠭᠠᠷᠠᠵᠤ ᠪᠡᠭᠡᠷᠡᠭᠡᠳ ᠠᠪᠴᠢᠵᠤ ᠠᠳᠢᠷᠬᠠᠰᠡᠨ ᠪᠡᠶ᠎ᠡ ᠨᠢ ᠲᠠᠯᠪᠠᠭᠤᠷᠡᠨ ᠲᠡᠨᠢᠵᠤ ᠮᠠᠯ ᠤᠨ ᠵᠤ  ᠨᠢᠷᠤᠭᠤ ᠪᠦᠯᠢᠶᠡᠰᠤᠵᠣ ᠲᠠᠭᠠᠳᠠᠢ ᠲᠡᠨᠢᠭᠡᠷ ᠪᠤᠯᠤᠡᠠᠰᠡᠨ  ᠨᠢ ᠶᠠᠷᠢᠶᠠᠨ ᠦᠭᠡᠢ᠃           ᠴᠠᠶᠢᠳᠠᠮ ᠤᠨ ᠬᠤᠳᠤᠬᠤᠷ ᠴᠦ ᠵᠢᠰᠠᠯ ᠪᠦᠷᠢᠳᠦᠬᠦᠯᠤᠭ᠍ᠰᠡᠨ ᠵᠠᠯᠠᠭᠤ ᠪᠦᠰᠡᠬᠦᠢ ᠬᠠᠷᠴᠤᠳᠯ ᠤᠨ ᠨᠢᠳᠦ ᠶᠢ ᠡᠷᠬᠡ ᠦᠭᠡᠢ ᠲᠠᠳᠠᠳᠠᠭ ᠰᠢᠭ᠋ ᠡᠨᠡ ᠨᠣᠳᠤᠭ ᠴᠦ ᠵᠤᠨ ᠴᠠᠭ ᠤᠨ ᠭᠤᠶᠤᠯᠡᠯ ᠢᠶᠠᠨ ᠡᠮᠤᠰᠴᠤ  ᠨᠠᠮᠪᠠᠭᠠᠳᠠᠶᠢᠬᠠᠨ ᠭᠡᠭᠴᠢ ᠮᠢᠳᠠᠯᠵᠢᠨ ᠠᠶᠢᠰᠤᠢ ᠨᠢ ᠡᠷᠬᠡ ᠦᠭᠡᠢ ᠬᠦᠮᠤᠰ ᠲᠤ ᠮᠡᠳᠡᠷᠡᠭᠳᠡᠨ᠎ᠡ᠃ ᠲᠠᠭᠠᠨ᠎ᠠ  ᠮᠠᠩᠭᠢᠷ ᠤᠨ ᠰᠤᠷᠭᠤᠠᠭ  ᠰᠠᠶᠢᠬᠠᠨ ᠦᠨᠤᠷ ᠪᠤᠯᠤᠨ ᠠᠶᠢᠷᠠᠭ ᠰᠦ ᠶᠢᠨ ᠬᠤᠷᠴᠠ ᠢᠰᠬᠦᠯᠡᠭ ᠦᠨᠤᠷ ᠲᠠᠢ ᠬᠤᠯᠢᠯᠳᠤᠨ ᠵᠤᠨ ᠤ ᠡᠪᠡᠶᠡᠷᠬᠦᠤ ᠵᠦᠭᠡᠯᠡᠨ ᠵᠢᠪᠠᠷ ᠤᠨ ᠠᠶᠠᠪᠡᠷ ᠬᠦᠳᠡᠭᠡ ᠶᠢᠨ ᠬᠦᠮᠤᠰ ᠤᠨ ᠬᠠᠮᠠᠷ ᠢᠶᠠᠷ ᠰᠡᠩᠬᠢᠨᠡᠵᠤ ᠠᠭᠤᠰᠬᠢ ᠵᠢᠷᠤᠬᠡᠨ ᠳᠤᠨᠢ ᠤᠷᠤᠳᠡᠯ᠎ᠡ ᠬᠠᠨᠭ᠍ᠬ᠎ᠠ ᠳᠠᠳᠠᠨ᠎ᠠ᠃ᠰᠦ ᠳᠡᠭᠡᠨ ᠬᠤᠪᠳᠤᠡᠠᠰᠢᠡᠠᠰᠡᠨ ᠳᠥᠯ ᠤᠨ ᠲᠠᠭᠤᠨ᠂ ᠦᠷ᠎ᠡ ᠳ᠋ᠡᠬᠡᠨ‌ᠡᠨᠡᠭᠰᠢᠭᠰᠡᠨ  ᠡᠬᠡ ᠶᠢᠨ ᠮᠠᠶᠢᠯᠡᠯᠳᠤᠭᠠᠨ ᠤ ᠨᠠᠷᠢᠨ ᠪᠦᠳᠦᠬᠦᠨ ᠭᠥᠭ ᠠᠶᠠᠰ ᠨᠡᠶᠢᠯᠡᠬᠦᠯᠵᠤ ᠪᠡᠶᠢᠭᠠᠯᠢ ᠲᠡᠯᠡᠬᠢ ᠳᠤ ᠰᠠᠶᠢᠬᠠᠨ ᠬᠦᠭᠵᠢᠮ ᠪᠤᠯᠤᠨ ᠵᠣᠬᠢᠴᠢᠨ᠎ᠠ᠃         ᠠᠭᠤᠯᠠ ᠵᠤ ᠳᠤ ᠡᠪᠡᠰᠣ ᠪᠡᠯᠴᠡᠭᠡᠷ ᠰᠠᠬᠤᠯᠢᠡᠠᠵᠢᠵᠤ ᠮᠠᠯ ᠤᠨ ᠴᠢᠮᠤᠭᠡ ᠦᠳᠭᠡᠷᠡᠰᠢᠵᠤ ᠤᠰᠤᠨ ᠲᠠᠷᠭᠤ ᠪᠠᠷ ᠪᠦᠮᠪᠡᠯᠵᠢᠬᠦ ᠳᠤ ᠮᠠᠯᠴᠢᠳ ᠰᠢᠨ᠎ᠡ ᠱᠦᠯᠤ ᠲᠠᠳᠠᠬᠤ ᠪᠠᠷ ᠠᠷᠠᠭ᠎ᠠ ᠶᠢᠨ ᠰᠢᠯᠤᠰᠣ ᠪᠠᠨ ᠵᠠᠯᠬᠢᠵᠤ᠂ ᠠᠩᠬᠠᠨ ᠤ ᠴᠢᠯᠡᠭᠡ ᠪᠠᠨ  ᠲᠠᠶᠢᠯᠠᠵᠤ   ᠬᠢ ᠬᠡᠤ  ᠪᠠᠨ ᠲᠠᠷᠤᠬᠤ ᠪᠠᠷ ᠭᠤᠷᠢᠯᠡᠨ ᠪᠡᠶᠢᠬᠤ ᠳᠤ ᠴᠠᠶᠢᠳᠠᠮ ᠤᠨ ᠬᠤᠳᠤᠬᠤᠷ ᠲᠤ ᠭᠤᠷᠪᠡᠨ ᠵᠢᠯ ᠳᠤ ᠨᠢᠭᠡ ᠤᠳᠠᠭ᠎ᠠ  ᠪᠤᠯᠠᠳᠠᠭ ᠭᠠᠴᠠᠭᠠᠨ ᠲᠠᠷᠤᠭ᠎ᠠ ᠰᠤᠩᠭᠤᠬᠤ ᠠᠷᠠᠳ ᠤᠨ ᠰᠤᠩᠭᠤᠭᠤᠯᠢ ᠣᠶᠢᠷᠠᠳᠠᠬᠤ ᠪᠠᠷ ᠬᠤᠶᠡᠷ ᠭᠤᠷᠪᠠᠭᠤᠯᠠ ᠠᠭᠤᠯᠵᠢᠪᠡᠯ ᠬᠤᠭᠤᠷᠤᠨᠳᠣ ᠪᠠᠨ ᠰᠤᠩᠭᠤᠭᠤᠯᠢ ᠶᠢᠨ ᠲᠤᠬᠠᠢ ᠢᠪᠠᠷ ᠰᠢᠪᠠᠷ ᠭᠡᠵᠣ ᠨᠢᠭᠤᠴᠠᠬᠠᠨ ᠰᠢᠪᠡᠨᠡᠯᠳᠤᠨ ᠬᠡᠨ  ᠶᠢ ᠰᠤᠩᠭᠤᠬᠤ᠂ ᠬᠡᠨ ᠳᠤ ᠶᠠᠭᠠᠬᠢᠵᠤ  ᠪᠧᠯᠲ ᠥᠭᠬᠦ ᠲᠤᠬᠠᠢ ᠶᠠᠷᠢᠵᠤ ᠪᠡᠶᠢᠡᠠᠰᠡᠨ ᠪᠣᠯ ᠣᠷᠴᠢᠮ ᠪᠣᠯᠵᠤ ᠢᠷᠡᠭᠡᠳ ᠬᠤᠳᠤᠬᠠᠷ ᠲᠤᠷᠬᠢᠳᠤᠯ ᠶᠠᠷᠢᠯᠴᠠᠬᠤ ᠪᠣᠯᠵᠠᠢ᠃          ᠡᠨᠡ ᠤᠳᠠᠭᠠᠨ ᠤ ᠭᠠᠴᠠᠭᠠᠨ ᠲᠠᠷᠤᠭ᠎ᠠ ᠶᠢᠨ ᠰᠣᠩᠭᠤᠭᠤᠯᠢ ᠳᠤ ᠤᠯᠡᠨ ᠤ ᠲᠣᠮᠳᠡ ᠬᠤᠶᠡᠷ ᠵᠤᠶᠢᠯ ᠤᠨ ᠮᠠᠷᠭᠤᠭᠠᠨ  ᠢ ᠪᠤᠢ ᠪᠤᠯᠭᠠᠵᠡᠢ᠃         ᠡᠳ᠋ ᠮᠥᠩᠭᠦᠨ ᠳᠤ ᠰᠢᠨᠤᠬᠠᠢ ᠨᠢᠭᠡ ᠪᠦᠯᠤᠩ ᠬᠦᠮᠣᠰ ᠨᠢ ᠪᠧᠯᠲ ᠪᠦᠷᠡᠢ ᠵᠠᠭᠤᠨ ᠲᠦᠬᠦᠷᠡᠭ ᠠᠴᠠ ᠲᠡᠭᠡᠭᠰᠢ ᠬᠦᠷᠪᠡᠯ ᠬᠡᠨ ᠭᠠᠴᠠᠭᠠᠨ ᠲᠠᠷᠤᠭ᠎ᠠ ᠰᠠᠭᠤᠡᠠᠰᠡᠨ ᠴᠦ ᠮᠠᠨ ᠳᠤ ᠫᠠᠳ ᠦᠭᠡᠢ᠃ ᠢᠳᠡᠵᠣ ᠤᠤᠭᠤᠭᠠᠳ ᠴᠦ ᠶᠠᠭᠠᠬᠢᠬᠤᠪ᠂ ᠨᠢᠭᠡ ᠴᠠᠭ ᠢᠳᠡᠬᠡᠳ ᠴᠦ  ᠶᠠᠮᠠᠷ ᠨᠢᠭᠡ ᠨᠠᠰᠣᠨ ᠤ ᠪᠠᠨ ᠭᠠᠭᠴᠠᠬᠠᠨ ᠰᠠᠪᠠᠯᠠᠭᠠᠳ ᠠᠪᠴᠢᠬᠤ ᠴᠦ ᠪᠢᠰᠢ︕   ᠵᠦᠬᠡᠷ ᠯᠠ ᠬᠤᠭᠤᠯᠠᠢ ᠪᠠᠨ ᠪᠡᠶᠡᠰᠬᠠᠵᠤ ᠬᠤᠳᠤᠭᠠᠳᠤ ᠪᠠᠨ ᠰᠤᠨᠤᠭᠠᠭᠠᠳ ᠴᠦ ᠶᠠᠭᠠᠬᠢᠬᠤᠪ︔ ᠬᠠᠷᠢᠨ ᠪᠡᠯᠡᠨ ᠵᠤᠭᠤᠰ  ᠢ ᠨᠢ ᠠᠪᠴᠢᠬᠠᠪᠡᠯ ᠠᠮᠢᠳᠣᠷᠡᠯ ᠳᠤ ᠠᠰᠢᠡᠠᠳᠡᠢ ᠠᠶᠢᠯ ᠭᠡᠷ ᠲᠡᠭᠡᠨ ᠴᠦ ᠨᠡᠮᠡᠬᠦᠷ  ᠪᠢᠰᠢ ᠤᠤ ︖ ᠭᠡᠵᠣ ᠨᠠᠷᠢᠨ ᠳᠠᠩᠰᠠ ᠪᠤᠳᠤᠵᠤ ᠨᠢᠮᠪᠠᠢ ᠲᠤᠭᠤᠭᠠᠴᠭ᠎ᠠ ᠬᠢᠭᠡᠳ ᠵᠠᠯᠠᠯᠭ᠎ᠠ ᠲᠠᠶᠢᠯᠠᠯᠭ᠎ᠠ ᠳᠤᠨᠢ ᠣᠴᠢᠬᠤ ᠦᠭᠡᠢ ᠭᠡᠵᠣ ᠶᠠᠷᠰᠢᠭᠠᠯᠠᠨ᠎ᠠ᠃        《 ᠠᠷᠪᠠᠨ ᠬᠤᠷᠤᠭᠤ ᠲᠡᠭᠰᠢ ᠦᠭᠡᠢ᠂ ᠠᠪᠤ ᠶᠢᠨ ᠬᠡᠤᠬᠡᠳ ᠠᠳᠠᠯᠢ ᠦᠭᠡᠢ》 ᠭᠡᠳᠡᠭᠴᠢᠯᠡᠨ ᠢᠳᠡᠮᠡᠬᠡᠢ ᠬᠤᠪᠳᠤᠭ ᠨᠦᠬᠦᠭᠡ ᠨᠢᠭᠡ ᠪᠦᠯᠤᠩ ᠤᠨ ᠬᠢᠨᠢ ᠬᠠᠷᠢᠨ《 ᠬᠤᠭᠤᠯᠡᠨ ᠭᠡᠷ ᠲᠤ ᠰᠢᠷᠡᠭᠡ ᠪᠡᠯᠡᠳᠭᠡᠬᠦᠯᠵᠣ᠂ ᠬᠤᠨᠤᠭ ᠤᠨ ᠪᠠᠭᠤᠳᠡᠯ ᠳᠤ ᠣᠷᠣ ᠵᠠᠰᠠᠭᠤᠯᠵᠣ》 ᠲᠠᠪᠳᠠᠶᠢᠬᠠᠨ ᠨᠤᠶᠢᠷᠰᠤᠶ᠎ᠠ︕ ᠥᠨᠤ ᠲᠠᠭᠤᠨ ᠳᠤ ᠪᠡᠶᠢᠳᠠᠭ  — 《ᠮᠦᠡᠭᠬᠡ ᠶᠢᠨ ᠷᠠᠰᠢᠶᠠᠨ  ᠶᠢ ᠬᠡᠨ ᠬᠥᠮᠤᠨ ᠤᠤᠭᠤᠵᠤ ᠬᠡᠨ᠎ᠠ   — ᠮᠦᠨᠣᠬᠡᠨ  ᠴᠢᠯᠤᠭᠡᠨ ᠳᠤ ᠵᠢᠷᠭᠠᠨ ᠰᠠᠭᠤᠶ᠎ᠠ —》 ᠭᠡᠳᠡᠭ ᠪᠢᠰᠢᠤ︖ ᠨᠢᠭᠡ ᠴᠠᠭ ᠪᠤᠯᠪᠠᠴᠤ ᠨᠠᠶᠢᠷᠠᠯᠠᠵᠤ ᠨᠠᠭᠠᠳᠤᠵᠢᠭᠠᠶ᠎ᠠ︕ ᠬᠡᠨ ᠤ ᠬᠢᠨᠢ ᠰᠢᠷᠡᠭᠡ ᠲᠡᠶᠢᠯᠠᠯᠭ᠎ᠠ ᠨᠢ ᠡᠯᠪᠡᠭ ᠳᠠᠩᠰᠤᠭ ᠪᠡᠶᠢᠳᠠᠭ ᠪᠣᠯ ᠲᠠᠬᠦᠨ ᠳᠤᠨᠢ ᠪᠧᠯᠲ ᠢᠶᠠᠨ ᠦᠭᠭᠦᠶ᠎ᠡ ᠬᠡᠵᠣ ᠶᠦᠮᠵᠢᠷ ᠲᠡᠷᠢᠬᠦᠳᠠᠢ ᠡᠪᠤᠭᠡᠨ ᠵᠠᠯᠠᠭᠤ ᠬᠡᠳᠤᠨ ᠬᠦᠮᠤᠨ ᠭᠠᠷ ᠡᠷᠬᠦᠨ ᠬᠠᠨᠴᠤᠢ ᠰᠢᠮᠠᠯᠠᠨ᠎ᠠ᠃          ᠶᠦᠮᠵᠢᠷ ᠭᠤᠸᠠᠢ ᠭᠡᠭᠴᠢ ᠵᠢᠷᠠ ᠶᠢᠨ ᠳᠠᠪᠠᠭ᠎ᠠ ᠶᠢ ᠳᠠᠪᠠᠭᠠᠳ ᠵᠠᠵᠢᠨ ᠦᠰᠤᠨ ᠳᠤᠨᠢ ᠬᠢᠷᠠᠭᠤ ᠡᠷᠳᠠ ᠤᠨᠠᠭᠠᠳ ᠵᠤᠯᠭᠠᠷᠴᠢᠡᠠᠰᠡᠨ ᠠᠴᠠ ᠤᠳᠣ ᠪᠤᠯᠠᠬᠤ ᠳᠤ ᠡᠰᠡᠭᠡᠢ ᠴᠢᠷᠡᠭᠡᠳ ᠨᠠᠭᠠᠯᠳᠤᠮᠠᠷ ᠭᠡᠵᠢᠭᠡ ᠦᠭᠡᠢ ᠪᠤᠯᠴᠢᠡᠠᠰᠡᠨ  ᠪᠠᠷ ᠪᠠᠷᠠᠬᠤ ᠦᠭᠡᠢ  ᠮᠢᠬᠠᠯᠢᠭ ᠵᠤᠵᠠᠭᠠᠨ ᠴᠢᠷᠠᠢ ᠲᠡᠭᠡᠬᠦᠷ ᠨᠢ ᠢᠮᠠᠭᠠᠨ ᠴᠤᠪᠤᠭ᠎ᠠ ᠰᠢᠭ ᠠᠳᠠᠷᠢ  ᠳᠠᠳ᠋ᠬᠠᠰᠡᠨ ᠦᠷᠴᠢᠯᠡᠭᠡ ᠪᠠᠷ ᠲᠦᠬᠦᠷᠡᠵᠤ᠂  ᠵᠢᠷᠠ ᠭᠠᠷᠵᠤ ᠪᠡᠶᠢᠡᠠᠰᠡᠨ ᠴᠦ ᠨᠠᠶᠠ ᠭᠠᠷᠤᠡᠠᠰᠡᠨ ᠬᠦᠮᠤᠨ ᠤ ᠰᠢᠨᠵᠢ ᠤᠷᠤᠴᠢᠬᠠᠵᠡᠢ᠃          ᠶᠦᠮᠵᠢᠷ ᠤᠨ ᠬᠢᠨᠢ ᠭᠡᠵᠤ ᠲᠠᠷᠢᠶ᠎ᠡ ᠲᠡᠷᠢᠬᠤ ᠲᠠᠪᠤᠨ ᠬᠦᠤ ᠲᠠᠢ ᠲᠠᠯ᠎ᠠ ᠵᠠᠰᠡᠬᠤ ᠠᠴᠠ ᠭᠠᠭᠴᠠ ᠬᠡᠤᠬᠡᠨ  ᠲᠠᠢ ᠪᠤᠯᠪᠴᠣ ᠤᠳᠣ  ᠬᠠᠷᠢᠨ ᠵᠢᠷᠭᠤᠭᠠᠨ ᠬᠡᠤᠬᠡᠳ ᠨᠢ ᠦᠭᠡᠯᠠᠢ ᠦᠨᠳᠤᠷ ᠪᠤᠯᠵᠣ ᠦᠳᠤ ᠰᠦᠳᠤ ᠨᠢ ᠪᠦᠷᠢᠳᠴᠤ ᠬᠤᠪᠢ ᠬᠤᠪᠢᠨ ᠤ ᠵᠠᠮ  ᠪᠠᠷ ᠢᠶᠠᠨ ᠬᠤᠯᠠ ᠪᠠᠨ ᠤᠨᠣᠭᠠᠳ ᠲᠤᠭ ᠢᠶᠠᠨ ᠪᠤᠰᠬᠠᠴᠢᠡᠠᠰᠡᠨ ᠠᠴᠠ  ᠭᠡᠷ ᠤᠨ ᠪᠠᠷ᠎ᠠ  ᠬᠠᠷᠠᠬᠤ ᠪᠡᠶᠢᠳᠤᠭᠠᠢ ᠠᠳᠠᠭ ᠨᠢ ᠠᠪᠤ ᠡᠵᠢ ᠲᠠᠢ ᠪᠠᠨ ᠮᠡᠨᠳᠤ ᠶᠢᠨ ᠵᠠᠬᠢᠳᠡᠯ ᠵᠦᠷᠤᠭᠡᠳᠤᠢ ᠠᠷᠪᠠᠭᠠᠳ ᠵᠢᠯ ᠪᠤᠯᠴᠢᠡᠠᠰᠡᠨ ᠠᠴᠠ ᠬᠡᠨ ᠠᠯᠢᠨ ᠤ  ᠬᠢᠨᠢ ᠦᠬᠦᠭᠰᠡᠨ ᠠᠮᠢᠳᠤ ᠶᠢ ᠨᠢ ᠮᠡᠳᠡᠬᠦ ᠦᠭᠡᠢ ᠪᠤᠯᠴᠢᠡᠠᠰᠡᠨ ᠴᠦ ᠡᠷᠤᠭᠡ ᠠᠮᠠ ᠲᠡᠪᠳᠡᠷ ᠨᠢ ᠪᠦᠷ ᠯᠠ ᠶᠦᠮᠵᠢᠷ ᠭᠤᠸᠡᠢ ᠡᠷᠬᠡᠨ ᠪᠡᠶᠢᠬᠤ ᠣᠴᠢᠷ ᠠᠴᠠ ᠰᠤᠩᠭᠤᠭᠤᠯᠢ ᠶᠢᠨ ᠡᠷᠬᠡᠳᠤ ᠠᠷᠠᠳ ᠤᠨ ᠳᠤᠭ᠎ᠠ ᠪᠠᠷ ᠡᠨᠡ ᠭᠠᠴᠠᠭᠠᠨ ᠳᠠᠭᠠᠨ ᠤᠷᠤᠶᠢᠯᠵᠤ ᠪᠡᠶᠢᠳᠠᠭ ᠠᠴᠠ ᠭᠠᠴᠠᠭᠠᠨ ᠲᠠᠷᠤᠭ᠎ᠠ ᠪᠤᠯᠬᠤ ᠪᠠᠷ ᠭᠤᠶᠤᠡᠠᠰᠠᠳ  ᠲᠤ  ᠶᠦᠮᠵᠢᠷ ᠭᠤᠸᠠᠢ ᠤᠷᠤᠢ ᠶᠢᠨ ᠰᠢᠳᠣᠭᠡᠨ ᠨᠢ ᠪᠤᠯᠵᠣ  ᠵᠠᠯᠬᠠᠳᠠᠨ ᠦᠡᠭᠬᠡᠷᠡᠭᠰᠡᠨ ᠤ ᠲᠡᠳᠡᠭᠡᠷ ᠨᠢᠳᠦ ᠦᠵᠤᠬᠦᠷᠯᠡᠨ ᠦᠵᠡᠨ ᠶᠠᠳᠠᠵᠤ᠂ ᠦᠰᠬᠦᠯᠵᠤ ᠤᠨᠠᠭᠠᠮᠠᠷ ᠵᠦᠷᠳᠡᠭ ᠬᠦᠮᠤᠰ ᠴᠦ ᠤᠳᠣ ᠪᠤᠯᠠᠬᠤ ᠳᠤ ᠦᠨᠣᠰᠴᠤ ᠠᠪᠤᠮᠠᠷ ᠠᠭᠠᠰᠢᠯᠠᠵᠤ᠂ ᠦᠪᠡᠷ ᠤᠨ ᠠᠪᠤ ᠠᠴᠠ ᠪᠠᠨ ᠢᠯᠡᠬᠦᠳᠡᠢ ᠬᠦᠨᠳᠤᠯᠡᠬᠦ ᠪᠤᠯᠵᠡᠢ᠃          ᠶᠦᠮᠵᠢᠷ ᠭᠤᠸᠡᠢ ᠵᠢᠷᠠ ᠲᠠᠯᠠᠭᠠᠳ ᠣᠨ ᠤ ᠦᠶ᠎ᠡ ᠳᠤ ᠦᠷᠤᠪ ᠴᠦᠷᠤᠪ ᠵᠢᠷᠭᠤᠭᠠᠨ ᠬᠡᠤᠬᠡᠳ ᠲᠠᠢ ᠪᠤᠯᠤᠭᠠᠳ ᠭᠠᠪᠢᠶᠠᠭᠠᠳᠤ ᠡᠴᠢᠬᠡ ᠡᠬᠡ ᠪᠤᠯᠤᠡᠠᠰᠡᠨ ᠦᠭᠡᠢ ᠪᠤᠯᠪᠠᠴᠤ ᠵᠢᠷᠭᠤᠭᠠᠨ ᠬᠡᠤᠬᠡᠳ ᠢᠶᠠᠨ ᠦᠰᠭᠡᠬᠦ ᠳᠡᠭᠡᠨ ᠲᠡᠮᠡᠢ ᠴᠦ ᠭᠠᠴᠢᠡᠠᠳ᠋ᠬᠠᠰᠡᠨ ᠦᠭᠡᠢ ᠣᠴᠢᠷ ᠨᠢ ᠦᠬᠡᠶᠢᠬᠦᠤ ᠠᠩᠬᠢ ᠶᠢᠨ ᠤᠯᠠᠭᠠᠨ ᠵᠠᠯᠭᠠᠮᠵᠢᠯᠠᠡᠴᠢ᠂ ᠭᠠᠷᠤᠯ ᠲᠡᠤᠬᠡ ᠴᠡᠪᠡᠷ ᠪᠡᠶᠢᠳᠠᠭ ᠠᠴᠠ ᠪᠡᠷᠢᠭᠠᠳᠠ ᠶᠢᠨ ᠢᠶᠠᠨ ᠨᠢᠷᠪᠠ ᠶᠢᠨ ᠠᠯᠪᠠᠨ ᠳᠤ ᠲᠠᠪᠰᠢᠵᠣ ᠬᠡᠳᠤᠨ ᠵᠢᠯ ᠭᠠᠯᠢᠷᠠᠭᠤᠯᠤᠡᠠᠰᠡᠨ ᠠᠴᠠ ᠮᠠᠩᠵᠢᠨ ᠲᠤᠭᠤᠭᠠᠨ ᠪ᠊ ᠬᠤᠰᠤᠮ ᠢ ᠮᠠᠯᠳᠠᠵᠤ ᠨᠢᠭᠡ ᠭᠡᠷ ᠤᠨ ᠨᠠᠢᠮᠠᠨ ᠪᠦᠯᠢ ᠭᠡᠳᠡᠰᠣ ᠴᠢᠳᠬᠤᠯᠠᠩ ᠮᠦᠷᠤ ᠪᠦᠳᠡᠨ ᠲᠡᠮᠡᠢ ᠴᠦ ᠰᠠᠨᠠᠭ᠎ᠠ ᠵᠤᠪᠠᠨᠰᠡᠨ ᠦᠭᠡᠢ ᠴᠥᠪ ᠤᠨ ᠴᠠᠭ  ᠢ ᠠᠵᠢᠭ ᠦᠭᠡᠢ ᠥᠡᠭᠭᠡᠷᠡᠬᠦᠯᠵᠡᠢ᠃          ᠮᠠᠩᠵᠢᠨ ᠲᠣᠭᠤᠭ᠎ᠠ ᠶᠢᠨ ᠬᠠᠭᠠᠯᠵᠤ ᠮᠠᠯ ᠰᠦᠷᠤᠩ ᠤᠨ ᠡᠷᠤᠭᠡ ᠳᠤ ᠬᠤᠪᠢᠶᠠᠨ ᠥᠭᠴᠤ ᠲᠠᠠᠭᠠᠴᠢᠯᠡᠯᠳᠡ ᠶᠢᠨ ᠲᠥᠷᠢᠮ ᠤᠨ ᠬᠡᠷᠭᠵᠢᠬᠦᠯᠤᠭ᠍ᠰᠡᠨ ᠠᠴᠠ ᠶᠦᠮᠵᠢᠷ ᠭᠤᠸᠡᠢ ᠶᠢᠨ ᠬᠢᠨᠢ ᠬᠤᠪᠢᠳᠠᠵᠤ ᠤᠯᠤᠡᠠᠰᠡᠨ ᠮᠠᠯ ᠠᠷᠪᠢᠨ ᠣᠴᠢᠷ ᠠᠴᠠ ᠬᠤᠯᠠ ᠣᠶᠢᠷ᠎ᠡ ᠳᠠᠭᠠᠨ ᠠᠯᠳᠠᠷᠳᠡᠢ  ᠪᠠᠶᠠᠨ ᠡᠷᠤᠭᠡ ᠶᠢᠨ ᠨᠢᠭᠡ ᠪᠤᠯᠤᠡᠠᠰᠡᠨ ᠴᠦ  ᠠᠷᠠᠴᠢᠯᠠᠵᠤ ᠮᠠᠯᠠᠯᠬᠤ ᠠᠷᠭ᠎ᠠ ᠲᠤᠷᠰᠢᠯᠠᠭ᠎ᠠ ᠨᠢ ᠠᠨᠠᠶᠢᠬᠠᠨ ᠪᠡᠶᠢᠳᠠᠭ ᠠᠴᠠ ᠦᠷᠵᠢᠬᠦ ᠨᠢ ᠴᠦᠬᠡᠨ᠂ ᠦᠷᠴᠢᠯᠡᠬᠦ ᠨᠢ ᠤᠯᠠᠨ ᠪᠤᠯᠵᠤ《 ᠬᠢᠳᠤᠬᠠᠨ ᠢᠷᠡᠨ ᠲᠡᠬᠡᠷ᠎ᠠ ᠮᠠᠯ ᠦᠰᠭᠦ ᠶᠤᠮ》 ᠭᠡᠵᠤ ᠰᠡᠬᠦᠯ ᠤᠡᠠᠳᠡᠯᠠᠬᠤ ᠬᠦᠳᠡᠯᠭᠡᠭᠡᠨ  ᠶᠢ ᠪᠠᠶᠢᠡᠭᠭᠤ ᠬᠡᠷᠭᠵᠢᠬᠦᠯᠤᠭ᠍ᠰᠡᠨ ᠳᠡᠮᠡᠢ ᠤᠳᠠᠯ ᠦᠭᠡᠢ  ᠰᠠᠭᠠᠯᠢ ᠶᠢᠨ ᠦᠨᠢᠶ᠎ᠡ ᠪᠠᠷ ᠬᠤᠪᠤᠷᠳᠡᠵᠣ᠂ ᠱᠦᠯᠤᠨ ᠤ ᠪᠠᠷ ᠴᠦ  ᠬᠤᠮᠰᠳᠠᠵᠤ ᠭᠤᠯᠢᠬᠤ ᠶᠢᠨ〔 ᠲᠤᠰᠣ ᠱᠦᠯᠤ〕  ᠪᠠᠷ᠎ᠡ ᠦᠵᠡᠭᠡ ᠦᠭᠡᠢ ᠭᠡᠳᠤᠨ ᠵᠢᠯ ᠬᠠᠷᠠᠰᠤ ᠬᠤᠷᠰᠤ ᠬᠠᠪᠤᠷ ᠨᠠᠮᠤᠷ ᠢ ᠠᠳᠠᠯᠢᠬᠠᠨ ᠲᠤᠭᠤᠯᠵᠤ᠂ ᠰᠢᠷ᠎ᠠ ᠭᠤᠯᠢᠷ ᠰᠢᠩᠭᠡᠨ ᠵᠦᠳᠡᠭ ᠪᠠᠷ ᠡᠳᠤᠷ ᠰᠦᠨᠢ ᠡᠭᠡᠯᠵᠢᠯᠡᠬᠦᠯᠤᠭ᠍ᠰᠡᠭᠡᠷ ᠪᠤᠯᠪᠠᠴᠤ ᠡᠪᠤᠭᠡᠨ ᠬᠦᠭᠰᠢᠨ ᠬᠤᠶᠡᠷ ᠪᠠᠶᠢᠩᠭᠤ ᠠᠶᠢᠯ ᠤᠨ ᠲᠣᠭᠤᠭ᠎ᠠ ᠬᠠᠳᠠᠬᠤ ᠪᠠᠷ ᠲᠠᠶᠢᠨ ᠵᠠᠷᠯᠠᠳᠠᠭ ᠪᠤᠯᠵᠡᠢ᠃          ᠶᠦᠮᠵᠢᠷ ᠭᠤᠸᠠᠢ ᠶᠢᠨ ᠬᠡᠯᠡᠬᠦ ᠪᠠᠷ《 ᠡᠵᠢ ᠪᠠᠨ ᠦᠬᠦᠬᠦ ᠳᠤ ᠨᠢᠭᠡ ᠴᠠᠳᠬᠠᠡᠠᠰᠡᠨ ᠭᠡᠨ᠎ᠡ᠃ ᠡᠬᠡᠨᠡᠷ ᠢᠶᠠᠨ ᠠᠪᠬᠤ ᠬᠤᠶᠡᠷ ᠴᠠᠳᠬᠠᠡᠰᠡᠨ ᠭᠡᠨ᠎ᠡ》 ᠤᠳᠣ ᠬᠤᠭᠤᠴᠠᠭ᠎ᠠ ᠰᠤᠯᠢᠬᠤ ᠰᠤᠩᠭᠤᠭᠤᠯᠢ ᠶᠢᠨ ᠲᠥᠷᠢᠮ ᠢ ᠬᠡᠷᠡᠭᠵᠢᠬᠦᠯᠤᠭ᠍ᠰᠡᠨ ᠠᠴᠠ ᠭᠤᠷᠪᠡᠨ ᠵᠢᠯ ᠳᠤ ᠨᠢᠭᠡ ᠴᠠᠳᠬᠤ ᠪᠤᠯᠵᠡᠢ ᠭᠡᠵᠦ ᠠᠷᠠᠰᠤᠨ ᠰᠤᠯᠠᠷᠠᠭᠠᠳ ᠠᠯᠠᠨ ᠳᠠᠭᠠᠨ ᠲᠤᠯᠳᠠᠯ᠎ᠠ ᠯᠠᠪᠳᠠᠶᠢᠴᠢᠭ᠍ᠰᠡᠨ ᠭᠡᠳᠡᠰᠤ ᠪᠠᠨ ᠢᠯᠪᠢᠭᠰᠡᠭᠡᠷ  ᠪᠦᠳᠤᠭᠦᠨ ᠪᠦᠳᠤᠭᠦᠨ ᠢᠶᠠᠷ ᠬᠢ ᠬᠡᠬᠡᠷᠡᠬᠦᠯᠵᠤ ᠶᠠᠪᠤᠬᠤ ᠪᠤᠯᠵᠠᠢ  ᠃         ᠶᠦᠮᠵᠢᠷ ᠭᠤᠸᠠᠢ  ᠤᠳᠣ ᠭᠠᠴᠠᠭᠠᠨ ᠲᠠᠷᠤᠭ᠎ᠠ ᠪᠤᠯᠠᠬᠤ ᠦᠷᠰᠦᠯᠳᠤᠨ ᠲᠡᠮᠴᠢᠯᠳᠡᠵᠤ ᠪᠡᠶᠢᠭ᠎ᠠ ᠬᠦᠮᠤᠰ ᠤᠨ ᠥᠡᠭᠭᠡ ᠲᠠᠢ ᠦᠬᠡᠳᠡ ᠲᠠᠢ ᠲᠠᠶᠢᠯᠯᠠᠭ᠎ᠠ ᠶᠢᠨ ᠰᠢᠷᠡᠭᠡᠨ ᠳᠤ ᠰᠠᠭᠠᠳᠠᠵᠤ᠂ ᠥᠯᠵᠡᠢ ᠲᠠᠢ ᠰᠠᠶᠢᠬᠠᠨ ᠢᠷᠤᠭᠡᠯ ᠢᠶᠠᠷ ᠮᠢᠯᠢᠶᠡᠵᠤ《 ᠲᠠᠯ᠎ᠠ ᠶᠢᠨ ᠬᠠᠷ᠎ᠡ》 ᠲᠡᠮᠳᠡᠭᠲᠦ ᠬᠠᠷ᠎ᠡ ᠠᠷᠢᠬᠢ ᠪᠤᠯᠤᠨ ᠰᠢᠷ᠎ᠠ ᠠᠶᠢᠷᠠᠭ ᠲᠠᠢ ᠨᠢ  ᠬᠤᠯᠢᠵᠣ ᠪᠡᠶᠢᠭᠠᠳ ᠪᠠᠯᠭᠤᠵᠤ᠂ ᠲᠠᠷᠭᠤᠨ ᠬᠤᠨᠢᠨ ᠤ ᠮᠢᠬ᠎ᠠ ᠲᠠᠪᠳᠠᠶᠢᠬᠠᠨ ᠵᠤᠭᠤᠯᠵᠤ  ᠲᠦᠬᠦᠷᠡᠭ ᠰᠢᠷᠡᠭᠡᠨ ᠤ  ᠬᠢᠨᠢ ᠭᠤᠣᠯ ᠢ ᠨᠢ ᠡᠵᠢᠯᠡᠨ ᠲᠦᠷᠤᠭ᠍ᠰᠡᠨ ᠠᠪᠤ ᠠᠴᠠ ᠨᠢ ᠢᠯᠡᠬᠦᠳᠡᠢ ᠬᠦᠨᠳᠤᠯᠡᠬᠦᠯᠬᠦ ᠪᠤᠯᠵᠡᠢ᠃       ᠦᠨᠤ《 ᠬᠦᠮᠤᠨ ᠤ ᠬᠤᠭᠤᠯᠡ ᠶᠢ ᠢᠳᠡᠵᠤ ᠪᠡᠶᠢᠨ᠎ᠠ  ᠭᠡᠵᠤ ᠭᠡᠳᠡᠰᠣ ᠪᠠᠨ ᠪᠤᠣ ᠮᠠᠭᠤ ᠰᠤᠷᠤᠭ᠎ᠠ᠂ ᠪᠤᠰᠤᠳ ᠤᠨ ᠠᠵᠢᠯ ᠢ ᠬᠢᠵᠣ ᠪᠡᠶᠢᠨ᠎ᠠ ᠬᠡᠵᠤ ᠪᠡᠶ᠎ᠡ ᠪᠠᠨ ᠪᠤᠣ ᠮᠠᠭᠤ ᠰᠤᠷᠤᠭ᠎ᠠ》 ᠭᠡᠳᠡᠭᠴᠢᠯᠡᠨ ᠬᠤᠭᠤᠯᠠᠢ ᠪᠠᠨ ᠪᠠᠶᠠᠰᠬᠠᠵᠤ ᠬᠤᠳᠤᠭᠠᠳᠤ ᠪᠠᠨ ᠵᠣᠪᠠᠭᠠᠬᠤ ᠭᠡᠭᠴᠢ ᠬᠡᠴᠡᠬᠦᠤ ᠪᠡᠶᠢᠳᠠᠭ ᠠᠴᠠ ᠰᠠᠷ᠎ᠡ ᠬᠤᠷᠢ ᠶᠢᠨ ᠡᠮᠤᠨ᠎ᠡ ᠠᠴᠠ ᠦᠷᠬᠦᠯᠵᠢᠯᠡᠭᠰᠡᠨ ᠲᠠᠩᠰᠤᠭ ᠲᠠᠶᠢᠯᠯᠠᠭ᠎ᠠ ᠶᠢ ᠬᠥᠷᠳᠡᠬᠦ ᠬᠤᠪᠢ ᠪᠤᠶᠡᠨ ᠶᠦᠮᠵᠢᠷ ᠭᠤᠸᠠᠢ ᠬᠤᠮᠰᠬᠠᠨ ᠪᠤᠯᠣᠡᠠᠰᠡᠨ ᠨᠢ ᠶᠠᠭᠠᠬᠢᠬᠤᠪ ᠳ᠋ᠠ︖        ᠬᠤᠳᠤᠭᠠᠳᠤᠨ ᠤ ᠰᠢᠷᠬᠯᠯᠠᠭ᠎ᠠ᠂ ᠤᠯᠠᠭᠠᠨ ᠬᠤᠭᠤᠯᠡᠢ ᠶᠢᠨ ᠦᠮᠠᠨ ᠰᠡᠬᠦᠯᠴᠢ ᠶᠢᠨ ᠬᠤᠭᠤᠴᠠᠭ᠎ᠠ ᠪᠤᠯᠤᠡᠠᠰᠡᠨ ᠠᠴᠠ ᠬᠤᠨᠢᠨ ᠮᠢᠬ᠎ᠠ ᠬᠡᠳᠤᠷᠬᠢ ᠢᠳᠡᠭᠰᠡᠨ ᠠᠴᠠ ᠪᠤᠯᠵᠣ ᠬᠤᠳᠤᠭᠠᠳᠤᠨ ᠤ ᠰᠢᠷᠬᠠᠯᠯᠠᠭ᠎ᠠ ᠨᠢ ᠬᠦᠨᠳᠤᠷᠡᠵᠣ ᠡᠮᠨᠡᠯᠭᠡ ᠳᠤ ᠤᠷᠤᠡᠠᠰᠡᠨ ᠪᠤᠯᠪᠠᠴᠣ ᠲᠤᠰᠠ ᠳᠣᠮ ᠪᠤᠯᠣᠡᠠᠰᠡᠨ ᠦᠭᠡᠢ ᠬᠡᠪᠳᠡᠷᠢ ᠳᠤ ᠤᠷᠤᠵᠤ ᠡᠷᠯᠢᠭ ᠤᠨ ᠡᠬᠦᠳᠡ ᠶᠢ ᠲᠡᠩᠴᠢ ᠡᠷᠳᠠ ᠲᠠᠳᠠᠴᠢᠭᠠᠳ ᠤᠳᠣ ᠲᠠᠮᠣ ᠨᠠᠭᠠᠨ᠎ᠠ ᠠᠮᠢ ᠴᠠᠭᠠᠨ᠎ᠠ ᠪᠤᠯᠵᠤ ᠰᠢᠨᠠᠯᠡᠨ ᠵᠤᠪᠵᠣ᠂ ᠰᠦᠷ ᠰᠦᠷ ᠠᠮᠢᠰᠬᠤᠯ ᠲᠠᠢ ᠴᠦ ᠰᠦᠮᠣᠰᠤ ᠣᠤᠭᠤᠬᠤ ᠴᠦ ᠲᠠᠩᠭᠡᠬᠡ ᠦᠭᠡᠢ ᠪᠤᠯᠵᠤ᠂ ᠤᠳᠣ ᠨᠢᠭᠡᠨᠳᠡ ᠬᠠᠨᠳᠤ ᠭᠡᠷ ᠠᠴᠠ ᠪᠠᠨ ᠬᠤᠯᠳᠴᠤ ᠬᠠᠳᠠᠨ ᠭᠡᠷ ᠲᠡᠭᠡᠨ ᠤᠶᠢᠷᠳᠤᠴᠢᠡᠠᠰᠡᠨ ᠤ ᠰᠢᠨᠵᠢ ᠲᠤᠳᠤᠷᠵᠡᠢ᠃        ᠶᠦᠮᠵᠢᠷ ᠭᠤᠸᠡᠢ ᠬᠠᠮᠤᠭ ᠰᠡᠬᠦᠯᠴᠢ ᠶᠢᠨ ᠲᠠᠷ ᠬᠦᠴᠤ ᠪᠠᠨ ᠰᠢᠪᠬᠠᠵᠤ ᠪᠡᠶᠢᠭᠠᠳ《 ᠰᠤᠩᠭᠤᠭᠤᠯᠢ —》 ᠬᠡᠰᠡᠨ ᠭᠠᠭᠴᠠᠬᠠᠨ ᠦᠭᠡ  ᠲᠦᠭᠭᠡᠵᠢ ᠭᠡᠯᠡᠭᠡᠳ ᠰᠤᠯᠠᠷᠠᠭᠰᠠᠨ ᠠᠮᠢᠰᠬᠤᠯ ᠨᠢ ᠭᠠᠭᠴᠠᠬᠠᠨ  ᠪᠦᠭᠡᠯᠡᠷᠡᠵᠤ  ᠭᠡᠷᠡᠯ ᠨᠢ ᠬᠠᠷᠢᠡᠠᠰᠡᠨ ᠬᠤᠨᠢᠨ ᠪᠤᠷᠣ ᠨᠢᠳᠤᠨ ᠤ ᠬᠢᠨᠢ  ᠠᠨᠢᠬᠤ ᠶᠢᠨ ᠲᠠᠭᠠᠯᠳᠡᠨ ᠬᠤᠶᠡᠷ ᠲᠤᠰᠤᠯ ᠨᠢᠯᠪᠤᠰᠣ ᠰᠢᠬᠠᠡᠠᠳᠡᠨ ᠭᠠᠷᠴᠤ ᠢᠷᠡᠭᠡᠳ ᠯᠠᠪᠳᠠᠬᠠᠷ ᠵᠦᠪᠬᠢᠨ ᠳᠤᠨᠢ ᠪᠦᠮᠬᠢᠨᠡᠭᠰᠡᠭᠡᠷ ᠤᠨᠠᠵᠤ ᠤᠷᠬᠢᠯ᠎ᠠ  ᠃       ᠬᠦᠭᠡᠷᠤᠭᠡᠢ ᠶᠦᠮᠵᠢᠷ ᠭᠤᠸᠡᠢ ᠤᠳᠣ ᠦᠨᠠᠨ ᠤ ᠭᠠᠵᠠᠷ ᠢᠶᠠᠨ ᠬᠦᠷᠤᠵᠤ《 ᠦᠬᠡᠷ ᠲᠡᠷᠭᠡ ᠪᠠᠷ ᠲᠠᠤᠯᠠᠢ ᠬᠦᠶᠤᠴᠢᠵᠢ —》 ᠦᠨᠠᠨ ᠠᠴᠠ ᠵᠦᠪ ᠡᠷᠡᠬᠦ ᠵᠠᠷᠴᠢᠮ ᠢ ᠪᠠᠷᠢᠮᠳᠡᠯᠵᠤ᠂ ᠦᠨᠡᠨᠬᠦ ᠦᠨᠳᠣᠷ ᠮᠡᠳᠡᠯᠭᠡ ᠲᠠᠢ ᠦᠯᠡᠮᠵᠢ ᠴᠢᠳᠠᠪᠤᠷᠢ ᠲᠠᠢ ᠦᠷᠬᠡᠨ ᠲᠦᠮᠡᠨ ᠳᠡᠭᠡᠨ ᠠᠵᠢᠯ ᠬᠢᠵᠤ ᠴᠢᠳᠠᠬᠤ ᠬᠦᠮᠤᠨ ᠢ ᠰᠤᠩᠭᠤᠬᠤ ᠪᠠᠷ《 ᠮᠢᠬ᠎ᠠ ᠱᠦᠯᠤ ᠮᠦᠡᠭᠬᠦ ᠲᠦᠬᠦᠷᠡᠭ 》 ᠪᠠᠷ ᠪᠢᠰᠢ ᠮᠠᠷᠺᠰ ᠤᠨ ᠦᠵᠡᠯ ᠢᠶᠠᠷ ᠪᠠᠷᠢᠮᠵᠢᠶᠠᠯᠠᠵᠤ᠂ ᠮᠠᠯᠴᠢᠨ ᠠᠷᠠᠳ ᠲᠠᠭᠠᠨ ᠤᠶᠢᠯᠡᠰ ᠪᠦᠳᠤᠭᠡᠵᠤ ᠴᠢᠳᠠᠬᠤ ᠴᠢᠳᠠᠪᠤᠷᠢᠳᠡᠨ ᠢ ᠰᠤᠩᠭᠤᠬᠤ ᠪᠠᠷ ᠶᠠᠪᠤᠴᠢᠬᠠᠯ᠎ᠠ᠃                                          2017ᠣᠨ ᠤ3 ᠰᠠᠷ᠎ᠡ ᠶᠢᠨ20 ᠤ ᠡᠳᠤᠷ᠂ ᠨᠤᠭᠤᠭᠠᠨ ᠳᠤᠪᠤ ᠳᠠᠬᠢ ᠪᠠᠭᠤᠴᠢᠨ ᠳᠤ                             ᠬᠠᠶ᠋ᠢᠭ ᠪᠠᠭᠠᠷᠢᠨ ᠪᠠᠷᠠᠭᠤᠨ ᠬᠤᠰᠢᠭᠤᠨ ᠤ ᠴᠠᠭᠠᠨᠠᠭᠤᠷ ᠪᠠᠯᠭᠠᠰᠤᠨ ᠤ ᠯᠦᠤᠽᠢ ᠭᠠᠴᠠᠭ᠎ᠠ—— ᠡᠷᠳᠡᠨᠢᠳᠤᠡᠠᠳᠠᠬᠤ                               巴林右旗,查干诺尔镇楼子嘎查——额尔敦陶格套——13848976738
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号