ᠠᠰᠢᠲᠠ ᠶᠢᠨ ᠦᠨᠳᠦᠷ ᠠᠭᠤᠯᠠᠰ
ᠨᠡᠶᠢᠲᠡᠯᠡᠭᠰᠡᠨ ᠴᠠᠭ᠄
2020-07-16
  ᠠᠰᠢᠲᠠ ᠶᠢᠨ ᠦᠨᠳᠦᠷ ᠠᠭᠤᠯᠠᠰ              ︵ᠬᠠᠩᠰᠢ ᠶᠢᠨ ᠲᠤᠷᠠᠳᠬᠠᠯ ᠳᠤ︶           — ᠪ᠊᠂ ᠪᠢᠯᠢᠭᠠᠪᠤ ᠮᠢᠨᠢ ᠠᠮᠤᠭᠤᠯᠠᠩ ᠬᠠᠶᠢᠷ᠎ᠠ ᠶᠢᠨ ᠠᠯᠲᠠᠨ ᠲᠡᠯᠡᠬᠡᠢ ᠳᠤ    ᠠᠷᠠᠢ ᠭᠡᠵᠦ ᠲᠠᠯᠠᠨ ᠭᠤᠷᠪᠠᠨ ᠤ ᠵᠢᠯ ᠪᠠᠨ ᠵᠢᠷᠬᠢᠬᠦᠯᠦᠭᠡᠳ ᠶᠠᠪᠤᠵᠠᠢ ᠠᠷᠤ ᠭᠡᠷ ᠠᠮᠠᠷᠠᠭ ᠪᠦᠰᠡᠬᠦᠢ ᠠᠴᠢᠷ ᠦᠷᠡᠰ ᠢᠶᠠᠨ ᠤᠷᠬᠢᠭᠠᠳ   ᠠᠬᠢᠯᠲᠠ ᠦᠬᠡᠢ ᠪᠤᠴᠠᠯᠲᠠ ᠦᠬᠡᠢ ᠠᠯᠤᠰ ᠤᠨ ᠠᠯᠤᠰ ᠲᠤ ᠶᠠᠪᠤᠵᠠᠢ    ᠠᠮᠢᠲᠤᠷᠠᠯ ᠳᠠᠭᠠᠨ ᠭᠡᠵᠦ ᠠᠪᠲᠠᠷ᠎ᠠ ᠠᠪᠲᠠᠷ᠎ᠠ ᠠᠯᠲᠠ ᠮᠦᠩᠬᠦ ᠴᠤᠭᠯᠠᠭᠤᠯᠵᠤ    ᠠᠴᠢᠷ ᠦᠷᠡᠰ ᠲᠡᠭᠡᠨ ᠠᠰᠢᠭ ᠬᠦᠷᠦᠩᠬᠡ ᠠᠴᠢᠶᠠᠯᠠᠵᠤ ᠶᠠᠪᠤᠭᠰᠠᠨ ᠦᠬᠡᠢ ᠠᠪᠤ ᠮᠢᠨᠢ    ᠠᠳᠠᠭᠠᠨ ᠳᠠᠭᠠᠨ ᠭᠡᠵᠦ ᠠᠳᠠᠭᠤᠨ ᠵᠢᠰᠦᠮ ᠢᠶᠠᠷ ᠢᠶᠠᠨ ᠤᠰᠣᠯᠳᠤᠭ᠎ᠠ ᠦᠬᠡᠢ    ᠠᠳᠠᠷ ᠲᠠᠯ᠎ᠠ᠂ ᠠᠭᠳᠠ ᠶᠢᠨ ᠲᠤᠭᠤᠰᠤᠨ ᠳᠠᠭᠠᠨ ᠤᠮᠣᠭᠰᠢᠷᠠᠵᠤ ᠶᠠᠪᠤᠭᠰᠠᠨ ᠶᠤᠮ        ᠦᠦᠷ ᠴᠦᠦᠷ ᠢᠶᠠᠷ ᠠᠪᠤ ᠮᠢᠨᠢ ᠪᠤᠰᠴᠤ ᠶᠠᠪᠤᠳᠠᠭ ᠪᠠᠶᠢᠯ᠎ᠠ    ᠦᠷᠡᠭᠳᠡᠯ ᠭᠡᠵᠦ ᠶᠠᠭᠤ ᠪᠠᠶᠢᠭᠰᠠᠨ ᠢ ᠡᠳᠦᠬᠡ ᠪᠢ ᠦᠨᠡᠮᠰᠢᠵᠦ ᠪᠠᠶᠢᠨ᠎ᠡ    ᠦᠨᠡᠭᠡᠨ ᠪᠠᠯᠠᠷ ᠢᠶᠠᠷ ᠠᠪᠤ ᠮᠢᠨᠢ ᠪᠤᠴᠠᠵᠤ ᠢᠷᠡᠳᠡᠭ ᠪᠠᠶᠢᠯ᠎ᠠ    ᠦᠷᠦᠰᠢᠶᠡᠯ ᠭᠡᠳᠡᠭ ᠶᠠᠭᠠᠬᠢᠵᠤ ᠢᠷᠡᠳᠡᠭ ᠢ ᠪᠢ ᠤᠳᠤ ᠤᠬᠠᠮᠰᠠᠷᠠᠵᠤ ᠪᠠᠶᠢᠨ᠎ᠠ    ᠡᠷᠦᠬᠡ ᠰᠡᠬᠦᠨ ᠲᠠᠯᠠᠨ ᠭᠤᠷᠪᠠᠨ ᠵᠢᠯ ᠦᠭᠡᠳᠡ ᠲᠠᠲᠠᠵᠤ ᠶᠠᠪᠤᠬᠤ ᠳᠠᠭᠠᠨ    ᠡᠷ᠎ᠡ ᠬᠦᠮᠦᠨ ᠤ ᠬᠢᠵᠦ ᠶᠠᠪᠤᠳᠠᠭ ᠪᠦᠬᠦᠨ ᠢ ᠠᠪᠤ ᠮᠢᠨᠢ ᠲᠤᠲᠠᠭᠳᠠᠯ ᠦᠬᠡᠢ ᠬᠢᠵᠦ    ᠡᠴᠢᠬᠡ ᠰᠠᠭᠤᠬᠤ ᠳᠤ ᠯᠠ ᠪᠠᠶᠢᠳᠠᠭ ᠬᠠᠭᠠᠨ ᠴᠠᠭᠠᠨ ᠬᠠᠷᠢᠭᠤᠴᠠᠯᠭ᠎ᠠ ᠪᠠᠷ     ᠡᠬᠡ ᠨᠤᠳᠤᠭ ᠡᠯᠢᠬᠡᠨ ᠰᠠᠳᠤᠨ ᠳᠠᠭᠠᠨ ᠦᠭᠳᠡᠭ ᠢᠶᠠᠨ ᠦᠭᠴᠦ ᠶᠠᠪᠤᠭᠰᠠᠨ ᠶᠤᠮ        ᠨᠦᠭᠴᠢᠭᠰᠡᠨ ᠬᠦᠮᠦᠨ ᠨᠠᠷ᠎ᠠ ᠨᠢ ᠦᠯᠡᠳᠡᠭᠰᠡᠨ ᠴᠤ ᠬᠦᠮᠦᠨ ᠨᠢ ᠪᠤᠴᠠᠳᠠᠭ ᠦᠬᠡᠢ    ᠨᠦᠬᠦᠬᠡ ᠶᠢᠷᠳᠢᠨᠴᠦ ᠶᠢᠨ ᠨᠢᠷᠸᠠᠨ ᠡᠬᠡ ᠨᠢᠭᠡ ᠶᠢ ᠴᠤ ᠶᠠᠪᠤᠭᠤᠯᠬᠤ ᠦᠬᠡᠢ    ᠨᠠᠴᠢᠨ ᠱᠤᠩᠬᠤᠷ ᠰᠢᠭ᠋ ᠨᠢᠰᠴᠤ ᠲᠡᠬᠦᠯᠢᠵᠦ ᠶᠠᠪᠤᠭᠰᠠᠨ ᠠᠪᠤ ᠳᠤ ᠮᠢᠨᠢ    ᠨᠠᠷ᠎ᠠ᠂ ᠨᠤᠳᠤᠭ ᠬᠤᠶᠠᠷ ᠨᠢ ᠯᠠ ᠨᠠᠨᠳᠢᠨ ᠲᠤᠤᠯᠢᠶᠠᠨ ᠪᠤᠯᠵᠤ ᠬᠤᠴᠤᠷᠤᠭᠰᠠᠨᠨᠤᠳᠤᠭ ᠤᠨ ᠮᠢᠨᠢ ᠬᠥᠷᠡᠩ ᠴᠢᠯᠠᠭᠤ ᠨᠢ ᠬᠦᠷᠳᠡᠯ᠎ᠡ ᠡᠷᠳᠡᠨᠢ ᠶᠤᠮ ᠡ ᠭᠡᠭᠰᠡᠭᠡᠷ    ᠨᠢᠷᠦᠭᠤ ᠪᠠᠨ ᠪᠦᠬᠦᠶᠢᠭᠰᠡᠭᠡᠷ ᠪᠦᠯᠢᠶᠡᠨ ᠬᠠᠶᠢᠷ ᠲᠡᠬᠦᠵᠦ ᠤᠪᠤᠭᠠᠯᠠᠳᠠᠭ ᠪᠠᠶᠢᠭᠰᠠᠨ    ᠨᠤᠭᠳᠤᠨ ᠴᠤᠯᠪᠤᠭᠤᠷ ᠢᠶᠠᠨ ᠰᠡᠭᠰᠤᠷᠡᠨ ᠰᠡᠭᠰᠦᠷᠦᠨ ᠨᠠᠶᠢᠷ ᠤᠨ ᠤᠷᠮ᠎ᠠ ᠰᠡᠷᠬᠦᠵᠦ    ᠨᠠᠷᠠᠨ ᠵᠦᠭ ᠲᠤ ᠤᠮᠤᠭ ᠪᠠᠳᠠᠷᠠᠭᠤᠯᠤᠨ ᠢᠨᠢᠶᠡᠭᠰᠡᠭᠡᠷ ᠵᠤᠭᠰᠤᠳᠠᠭ ᠪᠠᠶᠢᠭᠰᠠᠨ       ᠠᠭᠤᠳᠠᠮ ᠪᠠᠶᠢᠭᠠᠯᠢ ᠳᠤ ᠠᠪᠤ ᠮᠢᠨᠢ ᠠᠯᠬᠤᠭᠰᠠᠨ ᠮᠦᠷ ᠢᠶᠠᠨ ᠠᠰᠬᠠᠨ ᠦᠯᠡᠳᠡᠭᠡᠭᠡᠳ    ᠠᠵᠠ ᠪᠤᠰᠤ ᠲᠠᠯᠠᠨ ᠭᠤᠷᠪᠠᠨ ᠨᠠᠰᠣ ᠪᠠᠨ ᠡᠷ᠎ᠡ ᠶᠢᠨ ᠶᠤᠰᠤᠭᠠᠷ ᠡᠪᠬᠡᠭᠡᠳ ᠶᠠᠪᠤᠵᠠᠢ    ᠠᠴᠢᠯᠠᠵᠦ ᠬᠦᠢᠴᠡᠭᠰᠡᠨ ᠦᠬᠡᠢ ᠠᠯᠲᠠᠩᠬᠠᠨ ᠲᠡᠯᠡᠬᠡᠢ ᠳᠤ ᠠᠯᠢᠪᠠ ᠪᠠᠨ ᠡᠷᠬᠦᠬᠡᠳ    ᠠᠮᠰᠠᠵᠤ ᠪᠠᠷᠠᠭᠠᠭᠰᠠᠨ ᠦᠬᠡᠢ ᠠᠷᠠᠵᠠ ᠪᠠᠨ ᠰᠠᠴᠤᠯᠢ ᠪᠤᠯᠭᠠᠨ ᠦᠯᠡᠳᠡᠭᠡᠭᠡᠳ ᠶᠠᠪᠤᠵᠠᠢ    ᠠᠳᠤᠭᠤᠨ ᠳᠠᠭᠠᠨ ᠶᠠᠪᠤᠳᠠᠭ ᠪᠠᠶᠢᠭᠰᠠᠨ ᠠᠷᠤ ᠶᠢᠨ ᠦᠨᠳᠦᠷᠯᠢᠭ ᠤᠨ ᠡᠩᠭᠡᠷ ᠲᠤ    ᠠᠯᠠᠭ ᠲᠠᠰ ᠡᠪᠦᠬᠡᠨ ᠨᠢᠳᠦ ᠪᠠᠨ ᠵᠦᠯᠭᠦᠭᠰᠡᠭᠡᠷ ᠠᠨᠲᠠ ᠪᠠᠨ ᠡᠷᠢᠵᠤ ᠰᠠᠭᠤᠬᠤ ᠰᠠᠨ    ᠠᠯᠲᠠᠨ ᠰᠢᠷᠭᠠᠯ ᠠᠬᠢ ᠶᠢᠨ ᠲᠦᠷᠦᠬᠦᠦ ᠨᠠᠮᠤᠷ ᠤᠨ ᠦᠩᠬᠡ ᠪᠠᠷ ᠪᠤᠯᠪᠠᠰᠤᠷᠠᠵᠤ    ᠠᠴᠢ ᠶᠢᠨ ᠦᠨᠳᠦᠷ ᠠᠪᠤ ᠮᠢᠨᠢ ᠠᠭᠤᠯᠠᠰ ᠤᠨ ᠲᠡᠷᠢᠬᠦᠨ ᠳᠤ ᠬᠦᠬᠡᠷᠡᠨ ᠰᠦᠨᠳᠡᠷᠯᠡᠬᠦ ᠰᠠᠨ             ᠬᠠᠶ᠋ᠢᠭ᠄ 赤峰市残联:毕力格        (赤峰市新城区亲水湾小区051信箱)               ᠤᠳᠠᠰᠣ᠄ 132 0476 7036              ᠰᠢᠦᠳᠠᠨ᠄ 024000          
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号