ᠡᠨᠡᠷᠢᠯ ᠤᠨ ᠲᠡᠭᠷᠢ ᠡᠵᠢ ᠮᠢᠨᠢ | ᠳ᠋ᠦᠩ ᠤᠷᠳᠤ | ᠡᠷᠢᠯ ᠬᠦᠰᠡᠯ ᠳᠤ ᠲᠡᠮᠡᠦᠯᠡᠬᠦ ᠳᠤ ᠰᠠᠴᠤᠯᠢ ᠡᠷᠭᠦᠵᠦ ᠵᠠᠯᠪᠠᠷᠢᠳᠠᠭ ᠲᠠ ᠮᠢᠨᠢ | ᠠᠳᠡᠵᠦ ᠨᠢᠭᠡ ᠪᠦᠳᠦᠷᠢᠬᠦ ᠳᠤ ᠡᠷᠭᠦᠵᠦ ᠰᠠᠨᠠᠭᠤᠯᠵᠤ ᠵᠠᠬᠢᠳᠠᠭ ᠲᠠ ᠮᠢᠨᠢ | ᠡᠭᠡᠯ ᠪᠤᠷᠤᠭᠵᠢᠭᠤᠨ ᠠᠮᠢᠳᠤᠷᠠᠯ ᠢ ᠠᠮᠢᠯᠠᠭᠤᠯᠵᠤ ᠪᠤᠰᠬᠠᠳᠠᠭ ᠲᠠ ᠮᠢᠨᠢ | ᠡᠯᠢᠭᠡᠰᠡᠭ ᠲᠤᠳᠤᠨᠤ ᠬᠦᠮᠦᠰ ᠲᠠᠢ ᠪᠠᠨ ᠡᠶᠡᠯᠳᠦᠵᠦ ᠶᠠᠪᠤᠳᠠᠭ ᠲᠠ ᠮᠢᠨᠢ | ᠬᠠᠯᠠᠭᠤᠨ ᠲᠠᠢ ᠬᠦᠢᠳᠡᠨ ᠲᠠᠢ ᠬᠠᠨᠠᠭᠠᠷ ᠬᠤᠷᠸ᠎ᠠ ᠶᠢᠨ ᠠᠰᠬ᠎ᠠ ᠦᠨᠳᠦᠷ ᠬᠠᠳᠠ᠂ ᠡᠩᠭᠡᠷ | ᠪᠤᠰᠤᠭ᠎ᠠ ᠠᠭᠤᠯᠠᠰ ᠢᠶᠠᠨ ᠬᠡᠮᠡᠷ ᠦᠮᠦᠭ ᠲᠦᠰᠢᠭ ᠮᠢᠨᠢ ᠪᠤᠯᠵᠤ ᠶᠠᠪᠤᠭ᠎ᠠ ᠬᠠᠶᠢᠷᠠᠳᠤ ᠪᠤᠭᠤᠷᠤᠯ ᠠᠪᠤ ᠡᠵᠢ ᠲᠠᠢ | ᠪᠠᠨ ᠦᠷᠯᠦᠭᠡ ᠪᠤᠯᠭᠠᠨ ᠤᠷᠭᠤᠬᠤ ᠨᠠᠷᠠᠨ ᠢᠶᠠᠨ ᠤᠭᠳᠤᠵᠤ᠂ ᠡᠳᠦᠷ ᠪᠤᠯᠭᠠᠨ ᠦᠯᠵᠡᠢ ᠮᠦᠷ ᠲᠠᠢ ᠶᠠᠪᠤᠭ᠎ᠠ | ᠳᠠᠭᠠᠨ ᠪᠢ ᠦᠪᠡᠷ ᠤᠨ ᠡᠷᠭᠡ ᠦᠭᠡᠢ ᠠᠵᠠ ᠲᠠᠢ ᠬᠦᠮᠦᠨ ᠭᠡᠵᠦ ᠪᠤᠳᠤᠨ ᠪᠠᠶᠠᠰᠴᠤ ᠶᠠᠪᠤᠳᠠᠭ ᠪᠠᠶᠢᠭᠰᠠᠨ᠃ | ᠠᠵᠠᠢ ᠪᠤᠭᠤᠷᠤᠯ ᠠᠮᠢᠳᠤ ᠪᠤᠷᠬᠠᠨ ᠡᠵᠢ ᠮᠢᠨᠢ ᠨᠠᠶᠠᠨ ᠤ ᠲᠠᠪᠠᠭ᠎ᠠ ᠶᠢ ᠠᠷᠠᠢ ᠲᠦᠩᠭᠡᠵᠢ | ᠲᠠᠪᠠᠨ ᠬᠤᠶᠠᠷ ᠬᠠᠪᠤᠷ ᠨᠠᠮᠤᠷ ᠢ ᠡᠪᠬᠡᠵᠦ ᠶᠠᠪᠤᠭ᠎ᠠ ᠬᠦᠮᠦᠨ ᠰᠠᠨ᠃ | ᠡᠵᠢ ᠵᠢᠨᠮᠢᠨᠢ ᠲᠠᠭᠤᠳᠠᠬᠤ ᠠᠯᠳᠠᠷ ᠲᠠᠭᠤᠷᠢᠰᠬᠤ ᠨᠡᠷ᠎ᠡ ᠨᠢ ᠪᠤᠷᠵᠢᠭᠢᠨ ᠪᠠᠳᠮ᠎ᠠ ᠭᠡᠳᠡᠭ᠂ | ᠠᠩᠬ᠎ᠠ ᠲᠤᠮᠳᠠᠳᠤ ᠶᠢᠨ ᠰᠤᠶᠤᠯ ᠤᠨ ᠬᠢᠷᠢ ᠬᠡᠮᠵᠢᠶ᠎ᠡ ᠲᠠᠢ᠂ ᠲᠤᠮᠳᠠ ᠶᠢᠨ ᠲᠡᠭᠰᠢᠬᠡᠨ ᠪᠡᠶ᠎ᠡ ᠲᠠᠢ᠂ ᠦᠭᠡ ᠶᠠᠷᠢᠶ᠎ᠠ | ᠴᠦᠬᠡᠪᠳᠦᠷ ᠡᠶᠡᠯᠳᠡᠭ ᠵᠦᠭᠡᠯᠡᠨ ᠵᠠᠩ ᠠᠭᠠᠯᠢ ᠲᠠᠢ ᠪᠠᠶᠢᠵᠤ ᠤᠣᠯ ᠤᠨ ᠨᠤᠨ ᠠᠷᠪᠠᠨ ᠬᠤᠰᠢᠭᠤᠨ ᠤ ᠨᠢᠭᠡ | ᠪᠤᠯᠤᠭᠰᠠᠨ ᠲᠦᠰᠢᠶᠡᠳᠦ ᠬᠤᠰᠢᠭᠤᠨ ᠤ ᠭᠡᠭᠡᠨ ᠤᠷᠳᠤᠨ ᠤ ᠰᠦᠮ᠎ᠡ ᠶᠢᠨ ᠬᠠᠶᠢᠶᠠᠩ ᠬᠤᠪᠢᠯᠭᠠᠨ ᠭᠡᠭᠡᠨ ᠤ | ᠭᠤᠳᠠᠭᠠᠷ ᠦᠬᠢᠨ ᠲᠡᠭᠦᠤ ᠨᠢ ᠪᠤᠯᠵᠤ ᠵᠠᠶᠠᠭᠠᠵᠠᠢ᠃᠃ | ᠬᠦᠭᠡᠷᠦᠬᠦᠢ᠂ ᠡᠵᠢ ᠮᠢᠨᠢ ᠨᠠᠰᠤᠨ ᠲᠤᠷᠰᠢᠳᠠ ᠰᠠᠨᠠᠭ᠎ᠠ ᠰᠠᠶᠢᠨ ᠪᠤᠳᠤᠯ ᠠᠷᠢᠭᠤᠨ | ᠶᠠᠪᠤᠭᠰᠠᠨ ᠪᠤᠯᠬᠤᠷ ᠢᠶᠠᠨ ᠬᠦᠮᠦᠨ ᠵᠤᠨ ᠤ ᠪᠠᠨ ᠬᠦᠷᠢᠶᠡᠯᠡᠯ ᠲᠠᠭᠠᠰᠢᠶᠠᠯ ᠢ ᠶᠡᠭᠡᠳᠡ ᠬᠦᠷᠳᠡᠵᠦ᠂ ᠨᠠᠰᠤᠨ | ᠬᠤᠳᠤᠭ ᠢ ᠮᠠᠰᠢ ᠦᠨᠳᠦᠷ ᠬᠤᠷᠢᠶᠠᠵᠤ᠂ ᠠᠪᠤ ᠲᠠᠢ ᠮᠢᠨᠢ ᠬᠤᠶᠠᠭᠤᠯᠠ ᠬᠠᠷᠢᠯᠴᠠᠨ ᠨᠢᠭᠡᠨ ᠨᠢᠭᠡᠨ ᠳᠡᠭᠡᠨ ᠬᠠᠨᠢ | ᠢᠵᠢᠯᠢ ᠪᠤᠯᠵᠤ᠂ ᠪᠠᠶ᠎ᠠ ᠡᠷᠡᠭᠦᠯ ᠰᠠᠨᠠᠭ᠎ᠠ ᠰᠠᠷᠠᠭᠤᠯ ᠶᠠᠪᠤᠵᠤ ᠪᠠᠶᠢᠭ᠎ᠠ ᠨᠢ ᠡᠨᠡ ᠪᠢᠯᠡ᠃ | ᠡᠵᠢ ᠮᠢᠨᠢ ᠵᠠᠯᠠᠭᠤ ᠽᠠᠨᠳᠠᠨ ᠨᠠᠰᠤᠨ ᠳᠠᠭᠠᠨ ᠭᠤᠶᠤ ᠰᠠᠶᠢᠬᠠᠨ ᠦᠩᠭᠡ ᠲᠦᠷᠭᠦ ᠲᠠᠢ᠂ | ᠠᠵᠢᠯᠴᠢ ᠪᠤᠷᠤᠭᠵᠢᠭᠤᠨ ᠬᠦᠮᠦᠨ ᠪᠠᠶᠢᠭᠰᠠᠨ ᠰᠠᠨ᠃ ︿ ︿ ᠬᠠᠨ ᠠᠭᠤᠯᠠ ᠶᠢ ᠴᠠᠰᠤ ᠲᠠᠷᠤᠵᠤ᠂ ᠬᠠᠶᠢᠷᠠᠨ ᠪᠠᠶ᠎ᠠ | ᠶᠢ ᠨᠠᠰᠤ ᠲᠠᠷᠤᠵᠠᠢ﹀﹀ ᠭᠡᠵᠦ ᠦᠨᠡᠨ ᠵᠦᠪ ᠰᠠᠨ᠃ ᠨᠠᠮᠤᠷ ᠡᠪᠦᠯ ᠤᠨ ᠡᠭᠡᠯᠵᠢᠯᠡᠯᠳᠡ᠂ ᠨᠠᠰᠤ ᠵᠢᠯ ᠤᠨ ᠨᠡᠮᠡᠭᠳᠡᠯ | ᠢ ᠨᠢ ᠲᠠᠭᠠᠯᠳᠤᠵᠤ᠂ ᠬᠦᠭᠡᠷᠦᠬᠦᠢ ᠡᠵᠢ ᠶᠢᠨ ᠮᠢᠨᠢ ᠲᠡᠷᠡᠬᠦ ᠭᠤᠶᠤ ᠭᠡᠭᠡᠨᠴᠡᠷ ᠵᠢᠰᠤ ᠴᠢᠷᠠᠢ᠂ ᠭᠠᠯᠪᠢᠷ ᠰᠠᠶᠢᠬᠠᠨ | ᠲᠦᠷᠭᠦ ᠪᠦᠬᠦᠨ ᠨᠢ ᠵᠠᠯᠠᠭᠤ ᠽᠠᠨᠳᠠᠨ ᠨᠠᠰᠤ ᠲᠠᠢ ᠪᠠᠨ ᠴᠤᠭᠭᠠᠷ ᠲᠡᠷᠡ ᠨᠤᠭᠤᠷᠡᠯ ᠪᠦᠳᠦᠷᠢᠯ ᠲᠤ ᠠᠮᠢᠳᠤᠷᠠᠯ ᠤᠨ | ᠬᠤᠯᠠ ᠠᠶᠠᠨ ᠢ ᠲᠤᠭᠤᠯᠵᠤ ᠢᠷᠡᠭᠰᠡᠨ ︿︿ᠦᠷᠳᠡᠭᠡ﹀﹀ ᠳᠤ ᠲᠤᠷᠠᠳᠬᠠᠯ ᠪᠤᠯᠭᠠᠨᠬᠤᠴᠤᠷᠴᠤ᠂ ᠬᠠᠯᠢᠨ | ᠲᠡᠭᠦᠯᠢᠬᠦ ᠰᠢᠪᠠᠭᠤᠨ ᠤ ᠰᠡᠭᠦᠳᠡᠷ ᠰᠢᠭ ᠠᠭᠤᠯᠠ ᠬᠠᠳᠠ᠂ ᠨᠠᠭᠤᠷ ᠭᠤᠣᠯ ᠤᠳ ᠤᠨ ᠢᠶᠠᠨ ᠲᠡᠷᠳᠡᠭᠡ ᠡᠩᠭᠡᠷ ᠡᠷᠬᠢ | ᠪᠠᠷ ᠵᠠᠮᠬᠠᠷᠠᠵᠤ ᠤᠳᠴᠠᠢ᠃ | ᠮᠢᠨᠦ ᠡᠵᠢ ᠠᠶᠢᠯ ᠭᠡᠷ ᠢᠶᠠᠨ ᠦᠭᠡᠳᠡ ᠲᠠᠳᠠᠵᠤ᠂ ᠠᠯᠠᠭ ᠦᠷᠡᠰ ᠢᠶᠠᠨ ᠬᠦᠮᠦᠨ | ᠰᠠᠴᠠᠭᠤ ᠶᠠᠪᠤᠭᠤᠯᠬᠤ ᠶᠢᠨ ᠲᠤᠰᠠᠳᠠ ᠦᠪᠡᠷ ᠤᠨ ᠤᠶᠤᠨ ᠤᠬᠠᠭᠠᠨ ᠪᠤᠯᠤᠨ ᠠᠵᠢᠯᠴᠢ ᠬᠦᠳᠡᠯᠮᠦᠷᠢᠴᠢ ᠬᠦᠴᠦᠨ | ᠳᠡᠭᠡᠨ ᠲᠦᠰᠢᠭᠯᠡᠵᠦ᠂ ᠠᠷᠤ ᠭᠡᠷ ᠠᠮᠢᠳᠤᠷᠠᠯ ᠤᠶᠢᠯᠡᠰ ᠢᠶᠠᠨ ᠲᠤᠬᠢᠳᠠᠢ ᠰᠠᠶᠢᠬᠠᠨ ᠲᠤᠳᠤᠮᠳᠠᠵᠤ ᠬᠠᠬᠢᠷ ᠡᠪᠦᠯ ᠤᠨ | ᠬᠦᠢᠳᠡᠨ ᠰᠢᠭᠤᠷᠭ᠎ᠠ᠂ ᠬᠠᠯᠠᠭᠤᠨ ᠵᠤᠨ ᠤ ᠪᠦᠭᠴᠢᠮ᠎ᠡ ᠨᠠᠷᠠᠨ ᠳᠤ ᠰᠢᠷᠠᠭᠳᠠᠵᠤ᠂ ᠬᠠᠶᠠ ᠪᠠᠰᠠ ᠬᠠᠳᠠ ᠮᠦᠷᠭᠦᠵᠦ᠂ | ᠬᠠᠮᠠᠷ ᠲᠠᠭᠠᠨ ᠤᠳᠤᠭ᠎ᠠ ᠤᠷᠤᠭᠤᠯᠵᠤ᠂ ᠬᠠᠪᠤᠷ᠂ ᠨᠠᠮᠤᠷ ᠂ ᠡᠪᠦᠯ ᠂ ᠵᠤᠨ ᠢ ᠡᠭᠡᠯᠵᠢᠯᠡᠨ ᠲᠤᠭᠤᠯᠵᠤ ᠤᠯᠠᠷᠢᠨ | ᠬᠤᠪᠢᠷᠠᠬᠤ ᠰᠠᠷ᠎ᠠ ᠡᠳᠦᠷ ᠪᠤᠯᠤᠨ ᠴᠠᠭ ᠬᠤᠭᠤᠴᠠᠭ᠎ᠠ ᠶᠢᠨ ᠬᠠᠳᠠᠭᠤ ᠴᠢᠩᠭ᠎ᠠ ᠰᠢᠯᠭᠠᠷᠠᠭᠤᠯᠤᠯᠳᠠ ᠶᠢ ᠲᠤᠭ᠎ᠠ | ᠲᠤᠮᠰᠢ ᠦᠭᠡᠢ ᠢᠯᠠᠨ ᠲᠠᠪᠠᠭᠰᠠᠭᠠᠷ ᠢᠷᠡᠭᠰᠡᠨ ᠪᠢᠯᠡ᠃ | ᠪᠢᠳᠡ ᠡᠵᠢ ᠠᠴᠠ ᠪᠠᠨ ᠠᠬ᠎ᠠ ᠦᠬᠢᠨ ᠲᠡᠭᠦᠤ ᠪᠤᠯᠤᠨ ᠲᠡᠭᠦᠤ ᠲᠠᠢ ᠪᠠᠨ | ᠲᠦᠷᠪᠡᠭᠦᠯᠡ ᠶᠤᠮ᠃ ᠪᠢ ᠲᠦᠷᠪᠡᠨ ᠬᠡᠦᠬᠡᠳ ᠤᠨ ᠬᠢᠨ ᠲᠤᠮᠳᠠ ᠤᠣᠭᠠᠨ ᠨᠢ ᠮᠢᠨᠦ ᠲᠤᠣᠷ᠎ᠠ ᠬᠤᠶᠠᠷ ᠬᠡᠦᠬᠡᠨ | ᠲᠡᠭᠦᠤ ᠨᠢᠭᠡ ᠲᠡᠭᠦᠤ ᠲᠠᠢ ᠪᠠᠶᠢᠵᠠᠢ᠃ | ᠨᠠᠳᠠ ᠶᠢ ᠠᠷᠠᠢ ᠯᠠ ᠭᠡᠵᠦ ᠤᠬᠠᠭᠠᠨ ᠲᠦᠬᠦᠭᠡ ᠤᠷᠤᠬᠤ ᠳᠤ ᠬᠦᠭᠡᠷᠦᠬᠦᠢ ᠠᠬ᠎ᠠ | ᠨᠠᠳᠠ ᠲᠠᠢ ᠪᠠᠨ ᠰᠢᠪᠠᠭᠤ ᠰᠢᠬ ᠱᠤᠯᠤᠭᠠᠨᠠᠨ᠂ ᠡᠷᠪᠡᠬᠡᠢ ᠰᠢᠭ ᠲᠡᠷᠪᠡᠵᠦ ᠨᠠᠭᠠᠳᠤᠨ ᠲᠤᠭᠯᠠᠵᠤ ᠪᠠᠶᠢᠭᠰᠠᠨ | ᠬᠦᠭᠡᠷᠦᠬᠦᠢ ᠲᠡᠭᠦᠤ᠄ ︿︿ᠴᠠᠩ ᠹᠦ᠋﹀﹀ ᠮᠢᠨᠢ ᠭᠡᠨᠡᠳᠳᠡ ᠪᠦᠬᠦ ᠪᠡᠶ᠎ᠡ ᠨᠢ ᠬᠠᠯᠠᠭᠤᠷᠠᠭᠠᠳ ᠬᠦᠨᠳᠦ ᠪᠠᠷ | ᠡᠪᠡᠳᠴᠢᠯᠡᠵᠡᠢ᠃ | ᠡᠭᠦᠨ ᠳᠤ ᠠᠪᠤ ᠡᠵᠢ ᠬᠤᠶᠠᠭᠤᠯᠠ ᠠᠶᠤᠨ ᠰᠠᠨᠳᠤᠷᠴᠤ ᠲᠡᠭᠦᠤ ᠶᠢ ᠠᠪᠴᠤ | ᠠᠶᠢᠯ ᠠᠴᠠ ᠪᠠᠨ ᠲᠠᠯ᠎ᠠ ᠭᠠᠷᠤᠢ ᠭᠠᠵᠠᠷ ᠵᠠᠶᠢᠳᠠᠭᠤ ᠱᠧᠪᠡᠷᠳᠦ ᠪᠠᠯᠭᠠᠰᠤᠨ ᠳᠤ ᠬᠦᠷᠴᠦ᠂ ᠨᠡᠷ᠎ᠡ ᠲᠦᠷᠦ ᠲᠠᠢ | ᠰᠠᠶᠢᠨ ᠡᠮᠴᠢ ᠶᠢ ᠡᠷᠢᠵᠦ᠂ ᠬᠦᠭᠡᠷᠦᠬᠦᠢ ᠲᠡᠭᠦᠤ ᠳᠤ ᠡᠮᠴᠢᠯᠡᠭᠡ ᠬᠢᠯᠭᠡᠭᠰᠡᠨ ᠴᠦ ᠢᠯᠡᠷᠢ ᠪᠤᠯᠵᠤ ᠲᠡᠶᠢᠯᠦᠭᠰᠡᠨ | ᠦᠭᠡᠢ ᠬᠦᠭᠡᠷᠦᠬᠦᠢ ᠲᠡᠭᠦᠤ ᠮᠢᠨᠢ ᠢᠩᠭᠢᠭᠡᠳ ᠠᠷᠠᠢ ᠯᠠ ᠲᠦᠷᠪᠡᠬᠡᠨ ᠨᠠᠰᠤᠳᠠᠢ ᠳᠠᠭᠠᠨ ᠠᠪᠤ ᠡᠵᠢ ᠠᠬ᠎ᠠ ᠲᠡᠭᠦᠤ | ᠰᠠᠳᠤᠨ ᠲᠦᠷᠦᠯ ᠠᠴᠠ ᠪᠠᠨ ᠦᠨᠢᠳᠡ ᠠᠩᠭᠢᠵᠢᠷᠠᠵᠤ ᠠᠨᠢᠷ ᠬᠤᠯᠠ ᠲᠡᠷᠳᠡᠭᠡ ᠶᠢᠷᠳᠢᠨᠴᠤ ᠳᠤ ᠠᠶᠠᠷᠯᠠᠨ ᠤᠳᠴᠠᠢ | ᠃ | ᠬᠡᠵᠢᠶ᠎ᠡ ᠬᠤᠵᠢᠮ ᠨᠢ ᠨᠤᠳᠤᠭ ᠤᠰᠤᠨ ᠳᠠᠭᠠᠨ ᠦᠨᠳᠦᠷ ᠡᠮᠴᠢᠯᠡᠭᠡ ᠶᠢᠨ | ᠮᠡᠷᠭᠡᠵᠢᠯ ᠲᠠᠢ ᠨᠤᠳᠤᠭ ᠤᠨ ᠡᠮᠴᠢ ᠮᠢᠨᠦ ᠲᠡᠭᠦᠤ ᠵᠢᠨᠤᠯᠠᠭᠠᠨ ᠨᠤᠳ ᠭᠡᠳᠡᠭ ᠡᠪᠡᠳᠴᠢᠨ ᠳᠤ ᠨᠡᠷᠪᠡᠭᠳᠡᠭᠡᠳ | ᠪᠠᠶᠢᠭᠰᠠᠨ ᠢ ᠲᠠᠷᠢᠬᠢᠨ ᠤ ᠪᠦᠷᠬᠦᠪᠴᠢ ᠶᠢᠨ ᠦᠷᠪᠢᠰᠦᠯ ᠭᠡᠵᠦ ᠪᠤᠷᠤᠭᠤ ᠤᠨᠤᠰᠢᠯᠠᠵᠤ᠂ ᠪᠤᠷᠤᠭᠤ ᠵᠠᠰᠠᠯᠭ᠎ᠠ ᠬᠢᠭᠰᠡᠨ | ᠠᠴᠠ ᠪᠤᠯᠵᠤ᠂ ᠬᠦᠭᠡᠷᠦᠬᠦᠢ ᠲᠡᠭᠦᠤ ᠶᠢ ᠮᠢᠨᠢ ᠨᠢᠯᠬ᠎ᠠ ᠶᠢᠨ ᠰᠠᠶᠢᠬᠠᠨ ᠨᠠᠰᠤᠨ ᠳᠤ ᠨᠢ ᠨᠠᠨᠳᠢᠨ ᠬᠤᠷᠸ᠎ᠠ ᠠᠴᠠ | ᠠᠩᠭᠢᠵᠢᠷᠠᠭᠰᠠᠨ ᠭᠡᠳᠡᠭ ᠢ ᠮᠡᠳᠡᠵᠡᠢ᠃ ᠭᠡᠪᠡᠴᠦ ᠲᠤᠬᠠᠢ ᠶᠢᠨ ᠦᠶᠡᠰ ᠲᠡᠭᠦᠤ ᠮᠢᠨᠢ ᠨᠢᠭᠡᠨᠳᠡ ᠪᠤᠯᠬᠤ ᠦᠭᠡᠢ | ᠪᠤᠯᠵᠤ ᠠᠯᠢᠪᠠ ᠪᠤᠯᠭᠤᠮᠵᠢ ᠪᠦᠬᠦᠨ ᠠᠯᠠᠭ᠎ᠠ ᠪᠤᠯᠵᠤ ᠵᠦᠪᠬᠡᠨ ᠬᠠᠷᠠᠮᠰᠠᠯ ᠭᠤᠮᠤᠳᠠᠯ ᠲᠡᠳᠦᠢ ᠪᠤᠯᠵᠤ ᠬᠤᠴᠤᠷᠤᠭᠰᠠᠨ | ᠪᠠᠶᠢᠨ᠎ᠠ᠃ | ᠲᠡᠭᠦᠨ ᠠᠴᠠ ᠡᠬᠢᠯᠡᠵᠦ ᠪᠢ ᠠᠪᠤ ᠡᠵᠢ ᠶᠢᠨ ᠢᠶᠠᠨ ᠲᠡᠷᠭᠡᠳᠡ ᠲᠤᠯᠭ᠎ᠠ ᠶᠢᠨ | ᠭᠤᠷᠪᠠᠨ ᠲᠤᠯᠭᠤᠷ ᠰᠢᠬ ᠬᠤᠶᠠᠷ ᠬᠡᠦᠬᠡᠨ ᠲᠡᠭᠦᠤ ᠲᠠᠢ ᠪᠠᠨ ᠭᠤᠷᠪᠠᠭᠤᠯᠠ ᠪᠠᠨ ᠪᠤᠯᠵᠤ ᠬᠤᠴᠤᠷᠤᠭᠰᠠᠨ ᠪᠢᠯᠡ᠃ | ᠭᠡᠶ᠎ᠡ᠂ ᠦᠷ᠎ᠡ ᠪᠠᠨ ᠠᠯᠳᠠᠭᠰᠠᠨ ᠡᠬᠡ ᠬᠦᠮᠦᠨ ᠤ ᠪᠡᠶ᠎ᠡ ᠰᠡᠳᠭᠢᠯ ᠤᠨ ᠲᠠᠷᠤᠭᠠᠰᠤ | ᠭᠡᠭᠴᠢ ᠬᠡᠴᠢᠨᠡᠨ ᠶᠡᠭᠡ ᠬᠦᠨᠳᠦ ᠬᠡᠴᠡᠭᠦᠤ ᠪᠠᠶᠢᠳᠠᠭ ᠢ ᠬᠡᠨ ᠴᠦ ᠤᠶᠢᠯᠠᠭᠠᠵᠤ ᠮᠡᠳᠡᠬᠦ ᠠᠵᠠᠢ᠃ | ᠡᠵᠢ ᠮᠢᠨᠢ ᠲᠡᠭᠦᠤ ᠶᠢ ᠠᠯᠳᠠᠭᠰᠠᠨ ᠤ ᠬᠢᠨᠢ ᠲᠡᠷᠡᠬᠦ ᠵᠢᠯ ᠤᠨ ᠨᠠᠮᠤᠷ ᠲᠤᠩ ᠶᠡᠭᠡ | ᠪᠡᠶ᠎ᠡ ᠰᠡᠳᠭᠢᠯ ᠤᠨ ᠬᠦᠨᠳᠦ ᠡᠪᠡᠳᠴᠢᠨ ᠳᠤ ᠨᠡᠷᠪᠡᠭᠳᠡᠵᠡᠢ᠃ ᠨᠢᠭᠡᠨ ᠡᠳᠦᠷ ᠡᠵᠢ ᠮᠢᠨᠢ ᠬᠤᠪᠴᠠᠰᠤ ᠲᠡᠪᠡᠯ | ᠡᠰᠭᠡᠵᠦ ᠤᠶᠢᠯᠡ ᠤᠳᠠᠰᠤᠨ ᠤ ᠠᠵᠢᠯ ᠡᠭᠦᠰᠭᠡᠵᠦ ᠪᠠᠶᠢᠬᠤ ᠲᠤᠮᠳᠠ ᠮᠦᠨ ᠯᠠ ᠲᠡᠭᠦᠤ ᠶᠢ ᠮᠢᠨᠢ ᠰᠠᠨᠠᠵᠤ ᠪᠤᠳᠠᠯᠭᠠ | ᠪᠤᠯᠵᠤ ᠪᠠᠶᠢᠬᠤ ᠳᠠᠭᠠᠨ ᠦᠪᠡᠷ ᠤᠨ ᠭᠠᠷ ᠲᠠᠭᠠᠨ ᠪᠠᠷᠢᠵᠤ ᠪᠠᠶᠢᠭᠰᠠᠨ ᠤᠶᠤᠳᠠᠯ ᠤᠨ ᠵᠡᠭᠦᠤ ᠶᠢ ᠮᠠᠷᠳᠠᠵᠤ | ᠰᠢᠭᠤᠳ ᠬᠤᠭᠤᠯᠠᠢ ᠳᠠᠭᠠᠨ ᠵᠠᠯᠬᠢᠵᠤ ᠤᠷᠤᠭᠤᠯᠵᠠᠢ᠃ ᠲᠡᠭᠡᠭᠡᠳ ᠠᠶᠢᠯ ᠠᠶᠢᠮᠠᠭ ᠤᠨ ᠬᠢᠨ ᠰᠠᠨᠠᠭ᠎ᠠ ᠰᠠᠶᠢᠳᠠᠢ | ᠬᠦᠮᠦᠰ ᠬᠦᠷᠦᠯᠴᠡᠨ ᠢᠷᠡᠵᠦ᠂ ᠠᠷᠭ᠎ᠠ ᠬᠡᠮᠵᠢᠶ᠎ᠡ ᠠᠪᠤᠭᠰᠠᠨ ᠤ ᠰᠠᠶᠢᠨ ᠢᠶᠠᠷ ᠡᠵᠢ ᠶᠢᠨ ᠮᠢᠨᠢ ᠬᠤᠭᠤᠯᠠᠢ ᠳᠤ | ᠬᠠᠳᠬᠤᠵᠤ ᠤᠷᠤᠭᠰᠠᠨ ᠤᠶᠤᠳᠠᠯ ᠤᠨ ᠵᠡᠭᠦᠤ ᠶᠢ ᠠᠪᠴᠤ ᠭᠠᠷᠭᠠᠵᠠᠢ᠃ | ᠲᠤᠬᠠᠢ ᠶᠢᠨ ᠦᠶᠡᠰ ᠪᠢ ᠨᠠᠰᠤ ᠪᠠᠭ᠎ᠠ ᠴᠢᠰᠤ ᠰᠢᠩᠭᠡᠨ ᠪᠠᠶᠢᠭᠰᠠᠨ ᠪᠤᠯᠬᠤᠷ | ᠢᠶᠠᠨ ᠨᠠᠷᠢᠨ ᠶᠠᠪᠤᠴᠠ ᠶᠢ ᠲᠤᠳᠤᠷᠬᠠᠢ ᠮᠡᠳᠡᠬᠦ ᠦᠭᠡᠢ ᠪᠠᠶᠢᠭᠰᠠᠨ ᠪᠤᠯᠪᠠᠴᠤ ᠲᠡᠷᠡᠬᠦ ᠵᠡᠬᠦᠤ ᠶᠢ ᠡᠵᠢ ᠶᠢᠨ ᠮᠢᠨᠢ | ᠬᠤᠭᠤᠯᠠᠢ ᠠᠴᠠ ᠨᠢ ᠠᠪᠬᠤ ᠦᠶᠡᠰ ᠲᠤ ᠬᠦᠭᠡᠷᠦᠬᠦᠢ ᠡᠵᠢ ᠶᠢᠨ ᠮᠢᠨᠢ ᠬᠤᠭᠤᠯᠠᠢ ᠠᠴᠠ ᠲᠤᠩ ᠶᠡᠭᠡ ᠴᠢᠰᠤ | ᠭᠠᠷᠴᠤ ᠡᠵᠢ ᠶᠢᠨ ᠪᠠᠶ᠎ᠠ ᠰᠦᠷᠡᠬᠡᠢ ᠶᠡᠭᠡ ᠵᠤᠪᠠᠵᠤ ᠪᠠᠶᠢᠭᠰᠠᠨ ᠪᠠᠶᠢᠳᠠᠯ ᠢ ᠤᠳᠤ ᠳᠤ ᠲᠤᠯᠳᠠᠯ᠎ᠠ ᠲᠤᠪ ᠲᠤᠳᠤᠷᠬᠠᠢ | ᠴᠡᠭᠡᠵᠢᠯᠡᠭᠰᠡᠭᠡᠷ ᠪᠠᠶᠢᠭ᠎ᠠ ᠶᠤᠮ᠃ | ᠦᠨᠦ ᠪᠢ ᠪᠤᠭᠤᠷᠤᠯ ᠡᠵᠢ ᠶᠢᠨ ᠢᠶᠠᠨ ᠲᠡᠳᠡᠭᠡᠷ ᠤᠯᠠᠨ ᠭᠠᠰᠢᠭᠤᠨ ᠭᠤᠰᠢᠭᠤᠨ | ᠠᠮᠢᠳᠤᠷᠠᠯ ᠤᠶᠢᠯᠡᠰ ᠤᠨ ᠰᠠᠭᠠᠳ ᠬᠠᠷᠰᠢ ᠶᠢ ᠲᠤᠭᠤᠯᠵᠤ ᠶᠠᠪᠤᠭᠰᠠᠨ ᠦᠩᠭᠡᠷᠡᠯᠳᠡ ᠶᠢ ᠨᠢ ᠨᠢᠭᠡᠳ ᠨᠢᠭᠡ ᠪᠠᠷ | ᠡᠷᠭᠢᠴᠡᠭᠦᠯᠦᠨ ᠪᠤᠳᠤᠬᠤ ᠪᠦᠷᠢ ᠦᠪᠡᠷ ᠤᠨ ᠡᠷᠬᠡ ᠦᠭᠡᠢ ᠰᠡᠳᠭᠢᠯ ᠡᠪᠬᠡᠷᠡᠵᠦ ᠵᠢᠷᠦᠬᠡ ᠰᠢᠮᠰᠢᠷᠡᠵᠦ ᠬᠠᠯᠠᠭᠤᠨ | ᠨᠢᠯᠪᠤᠰᠤ ᠮᠢᠨᠢ ᠬᠤᠷ᠎ᠠ ᠲᠠᠢ ᠵᠢᠯ ᠤᠨ ᠭᠤᠷᠤᠬ᠎ᠠ ᠰᠢᠬ ᠬᠠᠮᠠᠷ ᠢ ᠬᠠᠪᠴᠢᠨ ᠪᠦᠮᠪᠦᠷᠢᠭᠡᠳ ᠪᠠᠶᠢᠳᠠᠭ ᠪᠢᠯᠡ᠃ | ᠠᠢ᠂ ᠬᠦᠭᠡᠷᠦᠬᠦᠢ᠂᠂᠂᠂ | ᠬᠦᠮᠦᠨ ᠤ ᠨᠢᠭᠡ ᠨᠠᠰᠤᠨ ᠳᠤ ᠶᠠᠮᠠᠷ ᠤᠴᠢᠷ ᠶᠠᠪᠤᠳᠠᠯ ᠲᠤᠬᠢᠶᠠᠯᠳᠤᠵᠤ᠂ | ᠬᠡᠵᠢᠶ᠎ᠡ ᠠᠯᠢ ᠨᠢᠭᠡᠨ ᠡᠳᠦᠷ᠂ ᠬᠡᠨ ᠨᠢ ᠶᠠᠭᠠᠬᠢᠵᠤ ᠶᠠᠪᠤᠬᠤ ᠶᠢ ᠬᠡᠨ ᠴᠦ ᠪᠤᠳᠤᠵᠤ ᠮᠡᠳᠡᠬᠦ ᠦᠭᠡᠢ ᠠᠵᠠᠢ᠃ | ᠬᠦᠮᠦᠨ ᠤ ᠠᠮᠢᠳᠤᠷᠠᠯ ᠭᠡᠵᠦ ᠶᠠᠭ ᠲᠡᠷᠡᠬᠦ ᠲᠤᠪᠤ ᠲᠤᠯᠤᠭᠠᠳ ᠤᠨ ᠢᠶᠠᠨ ᠡᠩᠭᠡᠷ | ᠪᠡᠯ ᠢᠶᠠᠷ ᠮᠤᠷᠤᠶᠢᠯᠵᠠᠨ ᠰᠤᠨᠤᠯᠵᠠᠬᠤ ᠴᠤᠪᠤᠭ᠎ᠠ ᠵᠦᠷᠢᠭ ᠲᠠᠢ ᠪᠠᠨ ᠠᠳᠠᠯᠢᠬᠠᠨ ᠢᠶᠠᠷ ᠦᠭᠰᠦᠨ ᠤᠷᠤᠭᠤᠳᠠᠵᠤ᠂ | ᠲᠡᠷᠭᠡᠨ ᠤ ᠬᠦᠷᠳᠦ ᠰᠢᠭ ᠲᠡᠭᠡᠷ᠎ᠡ ᠲᠤᠣᠷ᠎ᠠ ᠤᠷᠤᠨ᠎ᠠ ᠭᠡᠳᠡᠭ ᠨᠢ ᠡᠭᠦᠨ ᠢ ᠯᠠ ᠬᠡᠯᠡᠳᠡᠭ ᠪᠠᠶᠢᠬ᠎ᠠ⁈ | ᠡᠵᠢ ᠮᠢᠨᠢ ᠦᠷ᠎ᠡ ᠪᠠᠨ ᠭᠡᠪᠡᠯ ᠦᠨᠦᠴᠢᠨ ᠡᠯᠢᠭᠡ ᠨᠢ ᠦᠨᠳᠡᠯᠵᠡᠭᠡᠳ | ᠢᠷᠡᠳᠡᠭ ᠦᠷᠦᠪᠴᠢ ᠰᠡᠳᠭᠢᠯ ᠲᠠᠢ ᠬᠦᠮᠦᠨ ᠶᠤᠮ᠃ ᠮᠠᠨᠤᠰ ᠢ ᠪᠠᠭ᠎ᠠ ᠪᠠᠶᠢᠬᠤ ᠳᠤ ᠡᠵᠢ ᠮᠢᠨᠢ ᠦᠪᠡᠷ ᠢᠶᠠᠨ | ᠪᠤᠳᠠᠳᠤ ᠠᠮᠢᠳᠤᠷᠠᠯ ᠠᠴᠠ ᠪᠠᠨ ᠰᠡᠳᠦᠪᠴᠢᠯᠡᠵᠦ ᠮᠠᠨᠤᠰ ᠲᠤ ᠤᠯᠠᠨ ᠠᠷᠪᠢᠨ ᠠᠮᠢᠳᠤᠷᠠᠬᠤᠢ ᠶᠢᠨ ᠤᠴᠢᠷ ᠶᠤᠰᠤ ᠶᠢ | ᠲᠠᠨᠢᠭᠤᠯᠵᠤ ᠬᠦᠮᠦᠨ ᠠᠮᠢᠳᠤᠷᠠᠯ ᠤᠨ ᠬᠠᠷᠭᠤᠢ ᠳᠤ ᠬᠦᠯ ᠤᠨ ᠤᠯᠠ ᠲᠠᠮᠠᠭᠠᠯᠠᠨ ᠶᠠᠪᠤᠬᠤ ᠳᠤ ᠮᠢᠨᠢ ᠵᠦᠭᠯᠡᠭᠦᠷ | ᠴᠢᠭᠯᠡᠯ ᠪᠤᠯᠵᠤ ᠪᠠᠶᠢᠵᠠᠢ᠃ | ᠠᠶᠢᠯ ᠬᠤᠳᠠᠨ ᠳᠤ ᠭᠡᠶᠢᠴᠢᠨ ᠵᠤᠴᠢᠨ ᠮᠤᠷᠢᠯᠠᠵᠤ ᠪᠠᠭᠤᠪᠠᠯ᠄ ︿︿ᠰᠠᠶᠢᠨ | ᠦᠦ ︕ ᠮᠡᠨᠳᠦ ᠦᠦ︕ ﹀﹀ ᠭᠡᠵᠦ ᠠᠰᠠᠭᠤᠨ ᠵᠤᠯᠭᠠᠵᠤ᠂ ᠭᠡᠷ ᠵᠠᠭᠤᠷ᠎ᠠ ᠶᠢᠨ ᠠᠷᠰᠠᠷ ᠠᠵᠢᠯ ᠢ ᠬᠢᠬᠦ᠂ | ᠠᠬᠠᠮᠠᠳ ᠲᠤᠮᠤᠭᠠᠳᠠᠳ ᠢᠶᠠᠨ ᠬᠤᠭᠤᠯᠠ ᠶᠢᠨ ᠰᠢᠷᠡᠭᠡᠨ ᠳᠤ ᠤᠷᠢᠳᠴᠢᠯᠠᠨ ᠵᠠᠯᠠᠵᠤ᠂ ᠬᠤᠭᠤᠯᠠ ᠤᠮᠳᠠᠭᠠᠨ ᠢ ᠨᠢ | ᠤᠶᠢᠷᠠᠳᠤᠭᠤᠯᠵᠤ ᠦᠭᠬᠦ᠂ ᠬᠤᠭᠤᠯᠠ ᠶᠢᠨ ᠰᠢᠷᠡᠭᠡᠨ ᠳᠤ ᠰᠠᠭᠤᠬᠤ ᠳᠤ ᠨᠠᠮ ᠵᠢᠮ ᠪᠠᠶᠢᠵᠤ᠂ ᠬᠦᠯ ᠭᠠᠷ ᠢᠶᠠᠨ | ᠰᠠᠵᠢᠯᠠᠵᠤ ᠰᠠᠪᠠᠯᠠᠬᠤ ᠦᠭᠡᠢ᠂ ᠰᠠᠨᠠᠭ᠎ᠠ ᠰᠡᠭᠦᠷᠡᠰᠦ ᠠᠯᠳᠠᠬᠤ ᠦᠭᠡᠢ᠂ ᠲᠠᠭᠤᠣ ᠲᠠᠭᠤᠯᠠᠬᠤ ᠪᠤᠶᠤ ᠭᠡᠮᠬᠡᠷᠡᠵᠦ | ᠭᠡᠩᠰᠢᠬᠦ ᠦᠭᠡᠢ᠂ ᠪᠤᠳᠠᠭ᠎ᠠ ᠨᠤᠭᠤᠭ᠎ᠠ ᠶᠢ ᠡᠷᠦᠢ ᠬᠤᠷᠤᠢ ᠦᠭᠡᠢ ᠤᠷᠭᠢᠭᠳᠠᠭᠤᠯᠵᠤ ᠪᠤᠯᠬᠤ ᠦᠭᠡᠢ᠂ ᠪᠤᠰᠤᠳ ᠲᠠᠢ | ᠬᠠᠷᠢᠯᠴᠠᠬᠤ ᠳᠠᠭᠠᠨ ᠯᠡᠪᠳᠡᠭᠤᠨ ᠲᠤᠭᠳᠠᠭᠤᠨ ᠶᠠᠭᠠᠷᠠᠵᠤ ᠰᠠᠨᠳᠤᠷᠬᠤ ᠦᠭᠡᠢ ᠪᠠᠶᠢᠵᠤ᠂ ᠪᠤᠰᠤᠳ ᠲᠤ ᠶᠤᠰᠤᠷᠬᠠᠭ | ᠢᠶᠠᠷ ᠬᠠᠨᠳᠤᠵᠤ ᠬᠦᠮᠦᠰ ᠤᠨ ᠦᠭᠡᠳᠡ ᠠᠴᠠ ᠲᠡᠭᠰᠢᠬᠡᠨ ᠬᠠᠷᠠᠵᠤ᠂ ᠤᠴᠢᠷ ᠶᠠᠪᠤᠳᠠᠯ ᠢᠶᠠᠨ ᠲᠤᠳᠤ | ᠤᠶᠢᠯᠠᠭᠠᠮᠵᠢᠳᠠᠢ ᠢᠯᠡᠳᠭᠡᠬᠦ ᠪᠡᠶ᠎ᠡ ᠳᠡᠭᠡᠨ ᠢᠳᠡᠭᠡᠯ ᠲᠠᠢ᠂ ᠪᠤᠰᠤᠳ ᠲᠤ ᠢᠳᠡᠭᠡᠮᠵᠢᠳᠡᠢ ᠶᠠᠪᠤᠬᠤ ᠮᠡᠳᠦ ᠶᠢᠨ | ᠠᠮᠢᠳᠤᠷᠠᠯ ᠤᠶᠢᠯᠡᠰ ᠤᠨ ᠲᠤᠮᠳᠠᠬᠢ ᠡᠩ ᠵᠢᠷ ᠤᠨ ᠤᠴᠢᠷ ᠶᠠᠪᠤᠳᠠᠯ ᠢ ᠬᠦᠢᠴᠡᠳᠭᠡᠵᠦ ᠬᠢᠬᠦ ᠠᠴᠠ ᠡᠬᠢᠯᠡᠵᠦ᠂ | ᠮᠠᠨᠤᠰ ᠲᠤ ᠨᠠᠷᠢᠨ ᠬᠢᠨᠠᠮᠠᠭᠠᠢ ᠵᠢᠭᠠᠨ ᠰᠤᠷᠭᠠᠵᠤ᠂ ᠦᠷ᠎ᠡ ᠬᠡᠦᠬᠡᠳ ᠮᠠᠨᠤᠰ ᠢ ᠪᠠᠨ ᠪᠤᠯᠪᠠᠰᠤᠨ ᠰᠠᠶᠢᠬᠠᠨ ᠬᠡᠪ | ᠰᠤᠷᠳᠠᠯ ᠲᠠᠢ᠂ ᠶᠤᠰᠤ ᠭᠤᠷᠢᠮ ᠲᠠᠢ ᠬᠦᠮᠦᠨ ᠪᠤᠯᠭᠠᠬᠤ ᠪᠠᠷ ᠵᠢᠭᠠᠵᠤ ᠰᠤᠷᠭᠠᠳᠠᠭ ᠪᠠᠶᠢᠭᠰᠠᠨ᠃ | ᠡᠵᠢ ᠮᠢᠨᠢ ᠰᠤᠶᠤᠯ ᠮᠡᠳᠡᠯᠭᠡ ᠶᠢ ᠬᠠᠮᠤᠭ ᠠᠴᠠ ᠢᠯᠡᠭᠦᠤ ᠡᠷᠬᠢᠮᠯᠡᠳᠡᠭ | ᠬᠠᠷᠠᠯᠳᠠ ᠵᠤᠷᠢᠯᠳᠠ ᠲᠠᠢ ᠬᠦᠮᠦᠨ ᠪᠠᠶᠢᠵᠠᠢ᠃ | ᠪᠢ ᠠᠷᠠᠳ ᠤᠨ ᠰᠤᠷᠭᠠᠭᠤᠯᠢ ᠶᠢᠨ ᠠᠯᠳᠠᠨ ᠪᠤᠱᠤᠭ᠎ᠠ ᠶᠢ ᠠᠩᠬ᠎ᠠ ᠠᠯᠬᠤᠨ | ᠤᠷᠤᠭᠰᠠᠨ ᠠᠩᠬᠠᠨ ᠤ ᠡᠳᠦᠷ ᠠᠴᠠ ᠬᠢᠴᠢᠶᠡᠯ ᠬᠦᠮᠦᠵᠢᠯ ᠢ ᠬᠦᠷᠳᠡᠬᠦ ᠠᠴᠠ ᠭᠠᠳᠠᠭᠤᠷ ᠪᠠᠰᠠ ᠤᠯᠠᠨ ᠰᠠᠶᠢᠬᠠᠨ | ᠵᠢᠷᠤᠭᠳᠤ ᠦᠯᠢᠭᠡᠷ ᠤᠨ ᠨᠤᠮ ᠦᠵᠡᠵᠦ ᠰᠤᠨᠢᠷᠬᠠᠬᠤ ᠪᠤᠶᠤ ᠤᠩᠰᠢᠬᠤ ᠲᠤᠷ᠎ᠠ ᠪᠠᠬ᠎ᠠ ᠲᠠᠢ ᠪᠠᠶᠢᠳᠠᠭ ᠶᠤᠮ᠃ | ᠮᠢᠨᠦ ᠡᠵᠢ ᠬᠠᠷᠮᠠᠨ ᠳᠠᠬᠢ ᠲᠤᠭ᠎ᠠ ᠲᠠᠢ ᠬᠡᠳᠦᠨ ᠵᠤᠭᠤᠰ ᠵᠤᠭ᠎ᠠ ᠪᠠᠨ ᠨᠠᠳᠠᠳᠤ ᠳᠤ ᠭᠠᠷᠳᠠᠭᠤᠯᠬᠤ ᠳᠤ ᠨᠢ ᠪᠢ | ᠦᠷᠭᠦᠯᠵᠢ ᠤᠶᠢᠷ᠎ᠠ ᠤᠷᠴᠢᠮ ᠤᠨ ᠬᠤᠷᠰᠢᠶ᠎ᠠ ᠲᠡᠯᠭᠡᠭᠦᠷ ᠲᠤ ᠬᠦᠶᠦᠨ ᠬᠦᠷᠴᠤ ᠦᠪᠡᠷ ᠤᠨ ᠬᠠᠮᠤᠭ ᠲᠤᠷ᠎ᠠ | ᠰᠤᠨᠢᠷᠬᠠᠯ ᠲᠠᠢ ᠵᠢᠷᠤᠭᠳᠤ ᠦᠯᠢᠭᠡᠷ ᠤᠨ ᠨᠤᠮ ᠤᠳ ᠢ ᠠᠪᠴᠤ ᠨᠢᠭᠡᠳ ᠨᠢᠭᠡ ᠪᠠᠷ ᠠᠮᠳᠠᠷᠬᠠᠨ ᠤᠩᠰᠢᠳᠠᠭ | ᠪᠠᠶᠢᠵᠠᠢ᠃ | ᠲᠤᠬᠠᠢ ᠶᠢᠨ ᠦᠶᠡᠰ ᠲᠤ ᠪᠢ ᠬᠦᠭᠡᠷᠦᠬᠦᠢ ᠡᠵᠢ ᠶᠢᠨ ᠠᠴᠢ ᠪᠠᠷ | ᠪᠤᠰᠤᠳ ᠠᠶᠢᠯ ᠤᠨ ᠬᠡᠦᠬᠡᠳ ᠤᠳ ᠤᠯᠵᠤ ᠤᠩᠰᠢᠬᠤ ᠪᠠᠶᠢᠳᠤᠭᠠᠢ ᠤᠯᠵᠤ ᠦᠵᠡᠭᠡ ᠦᠭᠡᠢ᠂ ︿︿ ᠳ᠋ᠦᠩ | ᠭᠦᠸᠧ ᠰᠢᠶᠠᠨᠱᠧᠩ﹀﹀᠂ ︿︿ᠡᠮᠦᠨᠡᠰᠢ ᠪᠠᠶᠢᠯᠳᠤᠨ ᠤᠮᠠᠷᠠᠰᠢ ᠲᠠᠶᠢᠯᠠᠭᠰᠠᠨ ᠨᠢ﹀﹀᠂ ︿︿ᠨᠠᠷᠠ ᠲᠤᠯᠠᠶᠢᠭᠰᠠᠨ | ᠡᠳᠦᠷ﹀﹀᠂ ︿︿ᠪᠢᠴᠢᠬᠠᠨ ᠴᠡᠷᠢᠭ ᠵᠠᠩᠭ᠎ᠠ﹀﹀᠂ ︿︿ᠦᠳᠦᠳᠦ ᠵᠠᠬᠢᠳᠠᠯ﹀﹀ ᠭᠡᠬᠦ ᠮᠡᠳᠦ ᠶᠢᠨ ᠠᠯᠢ ᠤᠯᠠᠨ | ᠰᠤᠨᠢᠷᠬᠠᠯᠳᠠᠢ ᠵᠢᠷᠤᠭᠳᠤ ᠦᠯᠢᠭᠡᠷ ᠤᠨ ᠨᠤᠮ ᠤᠳ ᠢ ᠤᠪᠤᠭ᠎ᠠ ᠲᠤᠪᠤᠭ᠎ᠠ ᠪᠠᠷ ᠠᠪᠴᠤ ᠤᠩᠰᠢᠵᠤ ᠪᠠᠶᠢᠭᠰᠠᠨ ᠶᠤᠮ | ᠃ | ᠡᠵᠢ ᠮᠢᠨᠢ ᠬᠠᠶᠠ ᠪᠠᠰᠠ ᠮᠠᠨᠤᠰ ᠢ ᠠᠩᠭᠠᠬᠠᠢ ᠲᠡᠭᠳᠡᠭᠡᠭᠡᠢ ᠰᠢᠭ ᠪᠡᠶ᠎ᠡ ᠪᠠᠨ | ᠲᠤᠭᠤᠷᠢᠭᠤᠯᠤᠨ ᠰᠠᠭᠤᠯᠭᠠᠵᠤ᠄ ︿︿᠂᠂᠂᠂ ᠬᠡᠴᠢᠨᠡᠨ ᠵᠢᠯ ᠤᠨ ᠲᠠᠷᠠᠭ᠎ᠠ ᠲᠤᠬᠤᠢ ᠢ ᠴᠢᠨᠡᠭᠡ ᠬᠦᠮᠦᠨ᠂ ᠲᠠᠦᠯᠠᠢ | ᠶᠢᠨ ᠴᠢᠨᠡᠬᠡᠨ ᠮᠤᠷᠢ ᠶᠢᠷᠳᠢᠨᠴᠤ ᠲᠡᠯᠡᠬᠡᠢ ᠳᠤ ᠪᠤᠢ ᠪᠤᠯᠤᠨ᠎ᠠ᠂᠂᠂᠂﹀﹀᠂ ︿︿᠂᠂᠂᠂ ᠤᠯᠠᠭᠠᠨ ᠨᠤᠭᠤᠭᠠᠨ | ᠪᠤᠳᠤᠭ ᠢᠶᠠᠷ ᠦᠰᠦ ᠲᠤᠯᠤᠭᠠᠢ ᠪᠠᠨ ᠪᠤᠳᠤᠵᠤ᠂ ᠦᠷᠪᠦᠶᠢᠵᠦ ᠰᠡᠭᠰᠡᠶᠢᠭᠰᠡᠨ ᠭᠡᠵᠢᠭᠡ ᠦᠰᠦ ᠲᠠᠢ ᠬᠡᠦᠬᠡᠨᠴᠤᠳ᠂᠂ | ᠂᠂﹀﹀᠂ ︿︿᠂᠂᠂᠂ ᠬᠤᠵᠢᠮ ᠤᠨ ᠡᠳᠦᠷ ᠴᠠᠬᠢᠯᠭᠠᠨ ᠤᠳᠠᠰᠤ ᠠᠭᠠᠯᠵᠢᠨ ᠲᠤᠣᠷ ᠰᠢᠬ ᠲᠡᠯᠡᠬᠡᠢ ᠶᠢ ᠪᠦᠷᠭᠦᠭᠦ | ᠴᠠᠭ ᠭᠠᠷᠤᠨ᠎ᠠ᠂᠂᠂᠂᠂᠂﹀﹀ ᠭᠡᠬᠦ ᠮᠡᠳᠦ ᠶᠢᠨ ᠮᠠᠰᠢ ᠤᠯᠠᠨ ᠰᠤᠨᠢᠨ ᠰᠡᠪᠡᠭᠦᠨ ᠦᠯᠢᠭᠡᠷ ᠲᠤᠮᠤᠭ ᠤᠳ ᠢ | ᠠᠮᠢᠳᠤᠯᠢᠭ ᠰᠠᠶᠢᠬᠠᠨ ᠶᠠᠷᠢᠵᠤ ᠦᠭᠳᠡᠭ ᠰᠠᠨ᠃ | ᠤᠳᠤ ᠪᠤᠳᠤᠪᠠᠯ᠂ ᠡᠵᠢ ᠶᠢᠨ ᠮᠢᠨᠢ ᠮᠠᠨᠤᠰ ᠲᠤ ᠶᠠᠷᠢᠵᠤ ᠦᠩᠭᠡᠷᠡᠭᠰᠡᠨ ᠲᠡᠳᠡᠭᠡᠷ | ᠦᠯᠢᠭᠡᠷ ᠲᠤᠮᠤᠭ ᠤᠳ ᠨᠢ᠂ ᠬᠡᠳᠦᠶᠢᠪᠡᠷ ᠬᠡᠳᠦᠨ ᠠᠷᠪᠠᠨ ᠵᠢᠯ ᠣᠨᠡᠮᠦᠨᠡᠬᠢ ᠦᠩᠭᠡᠷᠡᠭᠡᠵᠦ ᠤᠳᠤᠭᠰᠠᠨ ᠶᠠᠪᠤᠳᠠᠯ | ᠲᠡᠳᠦᠢ ᠪᠤᠯᠪᠠᠴᠤ᠂ ᠲᠡᠳᠡᠭᠡᠷ ᠦᠯᠢᠭᠡᠷ ᠲᠤᠮᠤᠭ ᠲᠤ ᠭᠠᠷᠳᠠᠭ ᠬᠠᠴᠢᠨ ᠰᠤᠨᠢᠷᠬᠠᠯᠳᠠᠢ ᠦᠵᠡᠭᠳᠯ ᠪᠤᠯᠤᠨ ᠰᠤᠨᠢᠨ | ᠰᠡᠪᠡᠭᠦᠨ ᠶᠠᠪᠤᠳᠠᠯ ᠤᠳ ᠨᠢ ᠨᠢᠭᠡᠳ ᠨᠢᠬᠡ ᠪᠠᠷ ᠢᠶᠠᠨ ᠨᠢᠳᠦᠨ ᠳᠤ ᠦᠵᠡᠭᠳᠡᠮ᠎ᠡ᠂ ᠭᠠᠷ ᠲᠤ ᠪᠠᠷᠢᠭᠳᠠᠮ᠎ᠠ ᠤᠳᠤ | ᠦᠶ᠎ᠡ ᠶᠢᠨ ᠠᠮᠢᠳᠤᠷᠠᠯ ᠠᠬᠤᠢ ᠶᠢᠨ ᠪᠤᠳᠠᠳᠤ ᠵᠢᠷᠤᠭ ᠲᠦᠷᠰᠦᠯᠡᠯ ᠪᠤᠯᠬᠤ ᠠᠵᠠᠢ᠃ | ᠡᠵᠢ ᠮᠢᠨᠢ ᠮᠠᠨᠤᠰ ᠢ ᠬᠤᠯᠠ ᠭᠠᠵᠠᠷ ᠢᠶᠠᠷ ᠪᠢᠴᠢᠭ ᠰᠤᠶᠤᠯ ᠰᠤᠷᠤᠯᠴᠠᠵᠤ ᠶᠠᠪᠤᠭ᠎ᠠ | ᠦᠶᠡᠰ ᠡᠪᠦᠯ ᠵᠤᠨ ᠤ ᠠᠮᠠᠷᠠᠯᠳᠠ ᠶᠢᠨ ᠬᠤᠭᠤᠴᠠᠭ᠎ᠠ ᠪᠤᠯᠬᠤ ᠲᠦᠬᠦᠭᠰᠡᠭᠡᠷ ᠯᠠ ᠮᠠᠨᠤᠰ ᠠᠴᠠ ᠢᠯᠡᠭᠦᠤ ᠬᠦᠭᠰᠡᠵᠦ | ᠬᠦᠯ ᠨᠢ ᠭᠠᠵᠠᠷ ᠬᠦᠷᠬᠦ ᠦᠭᠡᠢ ᠪᠠᠶᠠᠷᠯᠠᠵᠤ ᠭᠠᠷᠳᠠᠭ ᠰᠠᠨ᠃ | ᠮᠠᠨᠤᠰ ᠢ ᠲᠦᠩᠭᠡᠵᠢ ᠯᠠ ᠡᠪᠦᠯ ᠵᠤᠨ ᠤ ᠠᠮᠠᠷᠠᠯᠳᠠ ᠶᠢᠨ ᠴᠢᠯᠦᠭᠡ ᠲᠠᠯᠪᠢᠵᠤ ᠭᠡᠷ | ᠲᠡᠭᠡᠨ ᠬᠠᠷᠢᠬᠤᠯᠠᠷ ᠡᠵᠢ ᠮᠢᠨᠢ ᠬᠡᠳᠦᠶᠢᠨ ᠠᠯᠤᠰ ᠬᠤᠯᠠ ᠠᠴᠠ ᠲᠤᠰᠤᠨ ᠠᠪᠴᠤ ᠮᠠᠩᠨᠠᠢ ᠲᠡᠭᠡᠷ᠎ᠡ ᠦᠨᠦᠰᠴᠤ | ᠲᠠᠭᠠᠯᠠᠵᠤ ᠭᠠᠷᠳᠠᠭ ᠰᠠᠨ᠃ ᠲᠡᠭᠡᠭᠡᠳ ᠲᠦᠩᠭᠡᠵᠢ ᠯᠠ ᠡᠷᠦᠬᠡ ᠭᠡᠷ ᠤᠨ ᠢᠶᠠᠨ ᠡᠭᠦᠳᠡᠨ ᠪᠤᠱᠤᠭ᠎ᠠ ᠶᠢ ᠠᠯᠬᠤᠨ | ᠤᠷᠤᠬᠤ ᠲᠠᠢ ᠵᠡᠷᠭᠡ ᠬᠤᠨᠢ ᠦᠬᠡᠷ ᠤᠨ ᠮᠢᠬ᠎ᠠ᠂ ᠬᠤᠷᠤᠳ᠂ ᠰᠢᠷ᠎ᠠ ᠲᠤᠰᠤ᠂᠂᠂᠂ ᠵᠡᠷᠭᠡ ᠠᠮᠳᠠᠳᠤ ᠢᠳᠡᠭᠡᠨ ᠢ | ᠲᠦᠭᠦᠷᠡᠩ ᠦᠷᠦᠵᠦ ᠦᠳᠭᠡᠨ ᠰᠠᠶᠢᠬᠠᠨ ᠦᠨᠦᠷ ᠠᠮᠳᠠ ᠨᠢ ᠬᠠᠩᠬᠤᠯᠤᠭᠰᠠ ᠰᠦ ᠲᠠᠢ ᠴᠠᠢ ᠪᠠᠨ ᠠᠶᠠᠭᠠᠯᠠᠨ | ᠦᠭᠴᠦ ᠦᠷ᠎ᠡ ᠬᠡᠦᠬᠡᠳ ᠮᠠᠨᠤᠰ ᠢ ᠪᠠᠨ ᠬᠦᠯᠦᠷᠡᠳᠡᠯᠡ ᠪᠠᠨ ᠤᠣᠭᠤᠯᠭᠠᠨ᠂ ᠬᠤᠳᠤᠭᠤᠳᠤ ᠭᠡᠳᠡᠰᠦ ᠶᠢ ᠮᠢᠨᠢ | ᠲᠠᠨᠡᠶᠢᠳᠡᠯᠡ ᠪᠠᠨ ᠴᠠᠳᠬᠠᠵᠤ᠂ ᠤᠳᠠᠭᠠᠨ ᠡᠳᠦᠷ ᠵᠤᠵᠠᠭᠠᠨ ᠬᠤᠨᠤᠭ ᠢᠶᠠᠷ ᠬᠦᠮᠦᠨ ᠤ ᠭᠠᠵᠠᠷ ᠬᠦᠨᠳᠡᠯᠡᠨ ᠨᠤᠳᠤᠭ | ᠢᠶᠠᠷ ᠶᠠᠪᠤᠭᠰᠠᠨ ᠬᠡᠳᠡᠰᠦᠨ ᠤ ᠮᠢᠨᠢ ᠬᠤᠷᠤᠬᠠᠢ ᠶᠢ ᠬᠠᠭ᠎ᠠ ᠲᠡᠯᠪᠡ ᠪᠠᠶᠠᠷᠯᠠᠭᠤᠯᠵᠤ ᠭᠠᠷᠳᠠᠭ ᠪᠠᠶᠢᠵᠠᠢ᠃ | ᠲᠡᠷᠡᠬᠦ ᠦᠶ᠎ᠡ ᠠᠴᠠ ᠡᠬᠢᠯᠡᠵᠦ ᠪᠢ ᠡᠵᠢ ᠶᠢᠨ ᠢᠶᠠᠨ ᠴᠢᠨᠠᠭᠰᠠᠨ ᠴᠠᠢ᠂ | ᠬᠤᠭᠤᠯᠠ ᠤᠮᠳᠠ ᠶᠢ ᠶᠢᠷᠳᠢᠨᠴᠤ ᠲᠡᠭᠡᠷ᠎ᠡ ᠬᠠᠮᠤᠭ ᠤᠨ ᠠᠮᠳᠠᠳᠠᠢ ᠬᠤᠭᠤᠯᠠ ᠭᠡᠵᠦ ᠮᠡᠳᠡᠷᠡᠵᠦ ᠨᠡᠩ ᠴᠢᠨᠠᠭᠰᠢᠯᠠᠨ ︿ | ︿ᠮᠠᠭᠤ ᠪᠤᠯᠪᠠᠴᠤ ᠭᠡᠷ ᠲᠠᠢ ᠰᠠᠶᠢᠬᠠᠨ᠂ ᠮᠠᠶᠢᠵᠢᠭ ᠪᠤᠯᠪᠠᠴᠤ ᠡᠵᠢ ᠲᠠᠢ ᠰᠠᠶᠢᠬᠠᠨ﹀﹀ ᠭᠡᠳᠡᠭ ᠦᠭᠡ ᠶᠢᠨ ᠬᠦᠨ | ᠲᠠᠯᠳᠠ ᠤᠳᠬ᠎ᠠ ᠶᠢ ᠦᠨᠡᠨᠬᠦ ᠤᠶᠢᠯᠠᠭᠠᠵᠤ ᠮᠡᠳᠡᠭᠰᠡᠨ ᠰᠠᠨ᠃ | ᠮᠢᠨᠦ ᠡᠵᠢ ᠪᠤᠯ ᠪᠤᠷᠬᠠᠨ ᠰᠡᠳᠭᠢᠯ ᠲᠠᠢ ᠬᠦᠮᠦᠨ ᠶᠤᠮ᠂ ᠲᠡᠷᠡ ᠠᠶᠢᠯ | ᠰᠠᠭᠠᠬᠠᠯᠳᠠ ᠶᠢᠨ ᠬᠢ ᠳᠠᠭᠠᠨ ᠶᠠᠪᠤᠳᠠᠯ ᠤᠴᠢᠷ ᠲᠤᠬᠢᠶᠠᠯᠳᠤᠬᠤ ᠪᠦᠷᠢ ᠶᠡᠷᠦ ᠬᠤᠴᠤᠷᠳᠠᠭ ᠦᠭᠡᠢ ᠭᠠᠷ ᠰᠤᠩᠭᠠᠨ | ᠲᠡᠮᠵᠢᠵᠦ ᠲᠤᠰᠠᠯᠠᠳᠠᠭ ᠪᠠᠶᠢᠭᠰᠠᠨ ᠰᠠᠨ᠃ | ᠬᠦᠭᠡᠷᠦᠬᠦᠢ ᠡᠵᠢ ᠮᠢᠨᠢ ᠨᠦᠬᠦᠷ ᠪᠢᠳᠡ ᠬᠤᠶᠠᠷ ᠤᠨ ᠠᠵᠤ ᠠᠮᠢᠳᠤᠷᠠᠯ ᠤᠨ | ᠶᠠᠭᠠᠷᠡᠦ ᠪᠠᠶᠢᠳᠠᠯ ᠳᠤ ᠬᠤᠶᠠᠷ ᠬᠡᠦᠬᠡᠳ ᠢ ᠬᠠᠷᠠᠭᠠᠯᠵᠠᠨ ᠬᠠᠯᠠᠭᠤᠨ ᠬᠦᠢᠳᠡᠨ ᠢ ᠨᠢ ᠲᠡᠭᠰᠢᠯᠡᠨ᠂ ᠢᠳᠡᠵᠦ ᠡᠮᠦᠰᠬᠦ | ᠶᠢ ᠨᠢ ᠲᠤᠬᠢᠷᠠᠭᠤᠯᠵᠦ ᠶᠠᠪᠤᠭᠰᠠᠨ᠂ ᠡᠳᠦᠭᠡ ᠬᠤᠶᠠᠷ ᠬᠦᠤ ᠮᠢᠨᠢ︕ ᠨᠢᠳᠦ ᠢᠷᠮᠡᠬᠦ ᠶᠢᠨ ᠵᠠᠭᠤᠷ᠎ᠠ ᠬᠤᠩᠬᠤᠨ | ᠳᠠᠭᠠᠨ ᠲᠤᠯᠵᠤ ᠡᠭᠦᠳᠡ ᠡᠷᠦᠭᠡ ᠪᠠᠶᠢᠭᠤᠯᠵᠤ ᠬᠡᠶᠢᠮᠤᠷᠢ ᠲᠠᠢ ᠶᠠᠪᠤᠭ᠎ᠠ ᠪᠢᠯᠡ᠃ | ᠡᠵᠢ ᠡ᠂ ᠲᠠ ᠪᠤᠯ ᠦᠷ᠎ᠡ ᠬᠡᠦᠬᠡᠳ ᠮᠠᠨᠤᠰ ᠤᠨ ᠢᠶᠠᠨ ᠦᠯᠢᠭᠡᠷ ᠵᠢᠱᠢᠶ᠎ᠡ | ᠬᠡᠪ ᠲᠠᠭᠤᠷᠢᠶᠠᠯ᠂ ᠡᠨᠡᠷᠢᠯ ᠬᠠᠶᠢᠷ᠎ᠠ ᠶᠢᠨ ᠮᠢᠨᠢ ᠰᠢᠳᠦᠬᠡᠨ ᠶᠤᠮ᠂ ᠬᠦᠤ ᠴᠢᠨᠢ ᠲᠠᠨ ᠳᠠᠭᠠᠨ ᠬᠢᠵᠠᠭᠠᠷ ᠦᠭᠡᠢ ᠶᠡᠭᠡ | ᠬᠠᠶᠢᠷᠠᠳᠠᠢ ᠰᠢᠦ᠃ ᠦᠷ᠎ᠡ ᠬᠤᠶᠢᠴᠢᠰ ᠴᠢᠨᠢ ᠬᠡᠵᠢᠶ᠎ᠡ ᠡᠭᠦᠷᠢᠳᠡ ᠲᠠᠨ ᠢ ᠪᠠᠨ ᠬᠠᠶᠢᠷᠠᠯᠠᠵᠤ ᠶᠠᠪᠤᠨ᠎ᠠ ᠰᠢᠦ ᠳ᠋ᠠ᠂᠂᠂ | ᠂ ᠬᠦᠭᠡᠷᠦᠬᠦᠢ ᠮᠢᠨᠦ ᠡᠵᠢ ᠮᠢᠨᠢ ᠤᠷᠳᠤ ᠨᠠᠰᠤᠯᠠᠵᠤ ᠤᠳᠠᠭᠠᠨ ᠵᠢᠷᠭᠠᠬᠤ ᠪᠤᠯᠤᠭᠠᠰᠠᠢ᠂᠂᠂᠂ | ᠬᠠᠶ᠋ᠢᠭ᠄ ᠰᠢᠯᠢ ᠶᠢᠨ ᠭᠤᠣᠯ ᠠᠶᠢᠮᠠᠭ ᠤᠨ ᠤᠯᠠᠭᠠᠢ ᠬᠠᠮᠢᠶᠠᠷᠤᠯᠳᠠ ᠶᠢᠨ ᠪᠠᠶᠠᠨᠬᠤᠰᠢᠭᠤ ᠪᠠᠯᠭᠠᠰᠤ᠃ | ᠭᠠᠷ ᠤᠳᠠᠰᠤ :13947971006 | | |