ᠪᠦᠰᠡᠭᠦᠢ ᠬᠦᠮᠦᠨ ᠭᠡᠵᠦ …
ᠨᠡᠶᠢᠲᠡᠯᠡᠭᠰᠡᠨ ᠴᠠᠭ᠄
2020-07-10
                                           — ︵3.8   ᠤ ᠡᠮᠡᠭᠲᠡᠶᠢᠴᠦᠳ ᠤᠨ ᠪᠠᠶᠠᠷ ᠲᠤ︶                                             ᠳᠦᠷᠪᠡᠳ ᠨᠠᠷᠠᠩᠭᠤᠸ᠎ᠠ ᠪᠦᠰᠡᠭᠦᠢ ᠬᠦᠮᠦᠨ ᠭᠡᠵᠦ —        ᠬᠠᠷᠠᠴᠠᠨ ᠠᠴᠠ ᠨᠢ ᠬᠠᠶᠢᠷ᠎ᠠ ᠤᠨᠳᠤᠷᠴᠤ        ᠬᠠᠶᠢᠷ᠎ᠠ ᠠᠴᠠ ᠨᠢ ᠰᠦ ᠢᠪᠢᠯᠳᠡᠭ        ᠳᠡᠭᠷᠢᠯᠢᠭ ᠬᠠᠶᠢᠷ᠎ᠠ ᠶᠢᠨ ᠪᠦᠷᠢᠯᠸ᠎ᠠ ᠶᠤᠮ ᠪᠦᠰᠡᠬᠦᠢ ᠬᠦᠮᠦᠨ ᠭᠡᠵᠦ —         ᠤᠳᠤᠮ ᠤᠨ ᠡᠭᠦᠳᠡᠨ ᠳᠤ ᠤᠷᠭᠤᠭᠠᠳ         ᠤᠷᠤᠭ ᠤᠨ ᠭᠠᠵᠠᠷ ᠳᠡᠯᠪᠡᠭᠡᠯᠡᠬᠦ         ᠨᠡᠷᠡᠭᠦᠢ ᠨᠢᠭᠡᠨ ᠴᠡᠴᠡᠭ ᠶᠤᠮ ᠪᠦᠰᠡᠭᠦᠢ ᠬᠦᠮᠦᠨ ᠭᠡᠵᠦ —         ᠠᠶᠠᠨ ᠤ ᠬᠦᠮᠦᠨ ᠤ ᠠᠷᠤ ᠠᠴᠠ ᠴᠤ         ᠰᠠᠴᠤᠯᠢ ᠡᠷᠭᠦᠨ ᠵᠠᠯᠪᠢᠷᠠᠳᠠᠭ         ᠨᠢᠩᠵᠢᠨ  ᠰᠡᠳᠬᠢᠯᠲᠦ ᠪᠤᠷᠬᠠᠨ ᠶᠤᠮ ᠪᠦᠰᠡᠭᠦᠢ ᠬᠦᠮᠦᠨ ᠭᠡᠵᠦ —          ᠠᠶᠢᠯ ᠭᠡᠷ ᠲᠤ   ᠪᠠᠨ ᠠᠯᠲᠠᠨ ᠨᠠᠷᠠ          ᠠᠮᠠᠷᠠᠭ ᠬᠠᠨᠢ ᠳᠤ ᠪᠠᠨ ᠬᠡᠬᠡᠨ ᠰᠠᠷᠠ          ᠠᠴᠢᠲᠤ ᠦᠷ᠎ᠡ   ᠳᠤ ᠪᠠᠨ ᠮᠦᠩᠬᠡ ᠶᠢᠨ ᠰᠢᠲᠦᠭᠡᠨ ᠶᠤᠮ ᠪᠦᠰᠡᠭᠦᠢ ᠬᠦᠮᠦᠨ ᠭᠡᠵᠦ —         ᠨᠤᠲᠤᠭ ᠤᠰᠤᠨ ᠳᠤ ᠪᠠᠨ ᠦᠩᠭᠡ ᠶᠢᠨ ᠰᠤᠯᠤᠩᠭ᠎ᠠ         ᠨᠠᠰᠤᠲᠠᠨ ᠨᠢᠯᠬᠠᠰ ᠲᠠᠭᠠᠨ ᠠᠵᠠ ᠶᠢᠨ ᠲᠦᠰᠢᠭ         ᠨᠠᠷᠠᠨ ᠵᠦᠭ ᠤᠨ ᠲᠤᠷᠭᠠᠨ ᠠᠶᠠᠯᠭᠤ ᠶᠤᠮ ᠬᠠᠶ᠋ᠢᠭ᠄ ᠤᠯᠠᠭᠠᠨᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤ ᠤᠲᠠᠰᠤ᠄13404889043
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号