ᠬᠤᠯᠪᠤᠭ᠎ᠠ᠄ | ᠳᠦᠭ ᠳᠦᠮᠡᠨ ᠤ ᠰᠡᠳᠬᠢᠯ ᠤᠨ ᠳᠠᠭᠤᠨ | ᠮᠠᠯᠴᠢᠨ ᠳ᠋᠊᠂ ᠠᠯᠲᠠᠨᠭᠡᠷᠡᠯ | ᠳᠦᠭ ᠳᠦᠮᠡᠨ ᠢᠶᠠᠷ ᠢᠶᠠᠨ ᠬᠦᠳᠡᠯᠤᠯᠴᠡᠨ | ᠲᠢᠲᠢᠮᠯᠢᠭ ᠸᠢᠷᠦ᠋ᠰ ᠢ ᠡᠰᠡᠷᠭᠦᠴᠡᠶ᠎ᠡ | ᠳᠦᠷᠦ ᠬᠦᠷᠦᠨ ᠤ ᠤᠷᠢᠶᠠᠯᠠᠭ᠎ᠠ ᠶᠢ | ᠳᠦᠷᠭᠡᠨ ᠨᠠᠶᠢᠳᠠᠪᠤᠷᠢᠵᠢᠭᠤᠯᠵᠦ ᠬᠡᠷᠡᠭᠵᠢᠭᠦᠯᠦᠶ᠎ᠡ | ᠨᠠᠮ᠂ ᠵᠠᠰᠠᠭ ᠤᠨ ᠵᠢᠭᠠᠪᠤᠷᠢ ᠶᠢ | ᠨᠠᠷᠢᠨ ᠨᠢᠮᠪᠠᠢ ᠳᠤᠤᠱᠯᠠᠭᠤᠯᠤᠶᠠ | ᠨᠢᠶᠠᠨ ᠬᠢᠵᠢᠭ ᠤᠨ ᠲᠠᠷᠬᠠᠯᠳᠠ ᠶᠢ | ᠨᠡᠶᠢᠭᠡᠮ ᠳᠠᠶᠠᠭᠠᠷ ᠰᠡᠷᠭᠡᠶᠢᠯᠡᠶ᠎ᠡ | ᠦᠬᠠᠨ ᠬᠤᠳᠠᠨ ᠠᠴᠠ ᠡᠭᠦᠰᠯᠲᠠᠢ | ᠦᠬᠦᠯ ᠤᠨ ᠬᠢᠵᠢᠭ ᠳᠡᠯᠭᠡᠷᠡᠪᠡ | ᠦᠷᠪᠢᠰᠴᠦ ᠲᠡᠯᠡᠵᠦ ᠬᠠᠯᠳᠠᠪᠤᠷᠢᠯᠡᠨ | ᠡᠪᠡᠳᠴᠢᠨ ᠤ ᠲᠠᠷᠬᠠᠯᠲᠠ ᠬᠡᠴᠡᠭᠦᠳᠡᠪᠡ | ᠬᠤᠪᠸᠢ ᠮᠤᠵᠢ ᠠᠴᠠ ᠭᠠᠷᠤᠯᠲᠠᠢ | ᠬᠦᠨᠦᠭᠡᠯᠳᠦ ᠡᠨᠡ ᠸᠢᠷᠦ᠋ᠰ | ᠬᠤᠷᠤᠮᠬᠠᠨ ᠪᠤᠭᠤᠨᠢ ᠬᠤᠭᠤᠴᠠᠭᠠᠨ ᠳᠤ | ᠬᠤᠲᠠ ᠬᠦᠳᠡᠭᠡ ᠶᠢ ᠪᠦᠷᠭᠦᠪᠡ | ᠤᠯᠤᠰ ᠬᠦᠷᠦᠨ ᠤ ᠡᠮᠤᠨ᠎ᠡ | ᠬᠠᠲᠠᠭᠤ ᠰᠢᠯᠭᠠᠯᠲᠠ ᠳᠤᠯᠠᠭᠠᠷᠠᠯᠠ | ᠺᠤᠷᠤᠨᠠ ᠸᠢᠷᠦ᠋ᠰ ᠤᠨ ᠬᠢᠵᠢᠭ | ᠬᠠᠮᠤᠭ ᠪᠦᠭᠦᠳᠠ ᠶᠢ ᠰᠤᠴᠠᠭᠠᠯᠠ | ᠲᠢᠲᠢᠮᠯᠢᠭ ᠸᠢᠷᠦ᠋ᠰ ᠤᠨ ᠦᠷᠪᠢᠰᠤᠯ | ᠲᠢᠪ ᠳᠡᠯᠡᠬᠡᠢ ᠶᠢ ᠳᠣᠩᠰᠤᠯᠭᠠᠪᠠ | ᠳᠦᠷᠦ ᠤᠯᠣᠰ ᠤᠨ ᠮᠦᠷᠦᠨ ᠳᠡᠭᠡᠷ᠎ᠡ | ᠳᠦᠪᠡᠭ ᠳᠠᠷᠤᠭᠠᠰᠤ ᠲᠠᠯᠪᠢᠭᠳᠠᠯ᠎ᠠ | ᠨᠠᠮ᠂ ᠵᠠᠰᠠᠭ ᠠᠴᠠ ᠳᠠᠷᠤᠶᠢᠬᠠᠨ | ᠨᠠᠷᠢᠨ ᠳᠦᠰᠦᠪ ᠢᠶᠠᠨ ᠭᠠᠷᠭᠠᠯ᠎ᠠ | ᠨᠢᠭᠲᠠ ᠠᠴᠠ ᠨᠢᠭᠲᠠ ᠪᠢᠳᠡᠭᠦᠮᠵᠢᠯᠡᠬᠦ | ᠨᠡᠶᠢᠲᠡ ᠶᠢᠨ ᠬᠤᠷᠢᠭ᠎ᠠ ᠲᠠᠯᠪᠢᠯ᠎ᠠ | ᠡᠮ ᠡᠮᠨᠡᠯᠭᠡ ᠶᠢᠨ ᠹᠠᠷᠤᠨᠲ ᠤᠨ ᠬᠢᠨ | ᠡᠮᠤᠨ᠎ᠡ ᠡᠭᠨᠡᠭᠡᠨ ᠳᠤ ᠭᠠᠪᠰᠢᠭᠠᠶᠢᠯᠠᠯᠠ | ᠡᠮᠴᠢ ᠰᠤᠪᠢᠯᠠᠭᠴᠢ ᠪᠦᠬᠦᠨ ᠢᠶᠠᠷ ᠢᠶᠠᠨ | ᠡᠪᠡᠳᠴᠢᠨ ᠡᠮᠬᠡᠭ ᠲᠠᠢ ᠪᠠᠶᠢᠯᠳᠤᠯᠠ | ᠴᠡᠷᠢᠭ ᠴᠠᠭᠳᠠᠭ᠎ᠠ ᠬᠦᠳᠡᠯᠭᠡᠨ | ᠴᠢᠩᠭ᠎ᠠ ᠪᠢᠲᠡᠭᠦᠮᠵᠢᠯᠡᠯᠳᠡ ᠶᠠᠪᠤᠭᠤᠯᠤᠯ᠎ᠠ | ᠴᠢᠪᠢᠯᠳᠦ ᠬᠢᠵᠢᠭ ᠤᠨ ᠲᠠᠷᠬᠠᠯᠲᠠ ᠶᠢ | ᠴᠢᠭ ᠲᠠᠯᠪᠢᠨ ᠬᠢᠵᠠᠭᠠᠷᠯᠠᠯ᠎ᠠ | ᠳᠤᠲᠤᠭᠠᠳᠦ ᠶᠢ ᠬᠠᠮᠠᠭᠠᠯᠠᠬᠤ ᠰᠢᠰᠲ᠋ᠧᠮ ᠤᠨ ᠬᠢᠨ | ᠳᠤᠰᠢᠶᠠᠯ ᠵᠠᠷᠯᠢᠭ ᠪᠠᠭᠤᠯᠭᠠᠯ᠎ᠠ | ᠳᠠᠭᠤᠳᠠᠪᠠᠯ ᠢᠷᠡᠵᠦ᠂ ᠢᠷᠡᠪᠡᠯ ᠪᠠᠶᠢᠯᠳᠣᠬᠤ | ᠳᠠᠶᠢᠨ ᠤ ᠪᠠᠶᠢᠳᠠᠯ ᠳᠤ ᠪᠡᠯᠡᠳᠭᠡᠯ᠎ᠡ | ᠡᠷᠡᠭᠦᠯ ᠬᠠᠮᠠᠭᠠᠯᠠᠯ ᠤᠨ ᠹᠠᠷᠤᠨᠲ ᠤᠨ ᠬᠢᠨ | ᠦᠬᠠᠨ ᠬᠤᠲᠠ ᠵᠦᠭ ᠴᠡᠷᠢᠭᠯᠡᠯᠡ | ᠡᠪᠡᠳᠴᠢᠨ ᠤ ᠭᠤᠯᠤᠮᠲᠠ ᠶᠢ ᠳᠠᠰᠤᠯᠬᠤ ᠪᠠᠷ | ᠦᠪᠴᠢ ᠵᠡᠪᠰᠡᠭᠯᠡᠭᠡᠳ ᠭᠠᠪᠰᠢᠭᠠᠶᠢᠯᠠᠯᠠ | ᠨᠠᠮ᠂ ᠡᠪᠯᠡᠯ ᠤᠨ ᠭᠡᠰᠢᠭᠦᠳ ᠨᠢ | ᠬᠤᠰᠢᠭᠤᠴᠢ ᠤᠶᠢᠯᠡᠳᠤᠯ ᠢᠶᠠᠨ ᠪᠠᠳᠠᠷᠠᠭᠤᠯᠤᠯ᠎ᠠ | ᠨᠠᠮᠴᠢ ᠴᠢᠨᠠᠷ ᠢᠶᠠᠨ ᠪᠠᠳᠤᠳᠬᠠᠨ | ᠭᠤᠶᠠᠴᠢ ᠦᠭᠡᠢ ᠵᠢᠳᠭᠦᠯ ᠢᠶᠠᠨ ᠡᠷᠭᠦᠯ᠎ᠡ | ᠬᠦᠳᠡᠭᠡ ᠬᠤᠲᠠ ᠬᠤᠭᠤᠷᠤᠨᠳᠦ ᠪᠠᠨ | ᠬᠦᠯ ᠬᠤᠷᠢᠭ᠎ᠠ ᠲᠠᠯᠪᠢᠯ᠎ᠠ | ᠬᠦᠨᠦᠭᠡᠯᠳᠦ ᠳᠠᠬᠤᠯ ᠤᠨ ᠡᠭᠦᠰᠪᠦᠷᠢ ᠶᠢᠨ | ᠬᠦᠷᠦᠯᠴᠡᠬᠦ ᠵᠠᠮ ᠢ ᠳᠠᠰᠤᠯᠤᠯᠠ | ᠭᠠᠴᠠᠭ᠎ᠠ ᠳᠤᠰᠬᠤᠨ ᠤ ᠠᠮᠠᠨ ᠳᠡᠭᠡᠷ᠎ᠡ | ᠭᠠᠩ ᠬᠠᠷᠠᠭᠤᠯ ᠵᠤᠭᠰᠤᠭᠠᠯ᠎ᠠ | ᠭᠠᠮᠰᠢᠭᠲᠤ ᠬᠢᠵᠢᠭ ᠤᠨ ᠸᠢᠷᠦ᠋ᠰ ᠤᠨ | ᠭᠠᠳᠠᠨ᠎ᠠ ᠠᠴᠠ ᠬᠠᠯᠳᠠᠪᠤᠷᠢᠯᠠᠬᠤ ᠶᠢ ᠰᠡᠷᠭᠡᠶᠢᠯᠡᠯᠡ | ᠡᠭᠡᠯᠵᠢ ᠬᠠᠯᠠᠭ᠎ᠠ ᠪᠠᠨ ᠰᠤᠯᠪᠢᠴᠠᠭᠤᠯᠤᠨ | ᠡᠳᠤᠷ ᠰᠦᠨᠢ ᠦᠬᠡᠢ ᠠᠵᠢᠯᠯᠠᠯ᠎ᠠ | ᠦᠴᠦᠭᠡᠨ ᠭᠡᠮ ᠰᠤᠭᠤᠭ ᠢ ᠴᠦ | ᠡᠷᠢᠨ ᠭᠠᠷᠭᠠᠵᠦ ᠨᠢᠭᠲᠠᠯᠠᠯᠠ | ᠵᠠᠮ ᠮᠦᠷ ᠢᠶᠠᠨ ᠴᠠᠭᠳᠠᠵᠤ | ᠵᠠᠬ᠎ᠠ ᠬᠢᠵᠠᠭᠠᠷ ᠢᠶᠠᠨ ᠰᠠᠬᠢᠵᠠᠭᠠᠯᠠ | ᠵᠠᠪᠰᠢᠶᠠᠨ ᠴᠢᠯᠦᠭᠡ ᠳᠠᠯᠢᠮᠳᠠᠭᠤᠯᠤᠨ | ᠵᠠᠪᠰᠢᠭᠴᠢ ᠭᠠᠷᠬᠤ ᠶᠢ ᠬᠤᠷᠢᠭᠯᠠᠯ᠎ᠠ᠃ | ᠸᠢᠷᠦ᠋ᠰ ᠲᠠᠷᠬᠠᠬᠤ ᠪᠤᠯᠤᠮᠵᠢ ᠶᠢ | ᠦᠴᠦᠭᠡᠨ ᠴᠦ ᠪᠢᠲᠡᠭᠡᠢ ᠭᠠᠷᠭᠠᠶ᠎ᠠ | ᠣᠷᠤᠵᠦ ᠭᠠᠷᠬᠤ ᠪᠤᠯᠭᠠᠨ ᠳᠠᠭᠠᠨ | ᠤᠴᠢᠷ ᠶᠠᠪᠤᠳᠠᠯ ᠢᠶᠠᠨ ᠲᠡᠮᠳᠡᠭᠯᠡᠭᠦᠯᠦᠶᠡ | ᠵᠠᠩᠭᠢᠯᠠᠭ᠎ᠠ ᠶᠢᠨ ᠴᠠᠭ ᠬᠤᠭᠤᠴᠠᠭᠠᠨ ᠳᠤ | ᠵᠠᠷᠢᠴᠠᠮᠳᠦ ᠤᠬᠠᠮᠰᠠᠷ ᠢᠶᠠᠨ ᠳᠡᠭᠡᠭᠰᠢᠯᠡᠭᠦᠯᠦᠶ᠎ᠡ | ᠵᠠᠷᠯᠢᠭ ᠵᠢᠭᠠᠪᠤᠷᠢ ᠶᠢᠨ ᠪᠠᠶᠢᠷᠢᠯᠠᠭᠤᠯᠤᠯᠲᠡ ᠶᠢ | ᠵᠢᠭᠠᠭᠰᠠᠨ ᠶᠤᠰᠤᠭᠠᠷ ᠨᠢ ᠭᠦᠢᠴᠡᠳᠭᠡᠶ᠎ᠡ | ᠰᠡᠷᠭᠡᠶᠢᠯᠡᠨ ᠡᠵᠡᠮᠳᠡᠬᠦ ᠬᠤᠭᠤᠴᠠᠭᠠᠨ ᠳᠤ | ᠰᠡᠷᠡᠮᠵᠢ ᠪᠤᠯᠪᠠᠰᠤᠷᠠᠯ ᠢᠶᠠᠨ ᠴᠢᠩᠭᠠᠳᠬᠠᠶ᠎ᠠ | ᠰᠡᠯᠲᠡᠭᠦᠷᠡᠵᠦ ᠠᠯᠳᠠᠭ᠎ᠠ ᠭᠠᠷᠭᠠᠪᠠᠯ | ᠰᠡᠯᠪᠢᠬᠦ ᠶᠢᠨ ᠠᠷᠭ᠎ᠠ ᠦᠭᠡᠢ ᠬᠤᠬᠢᠷᠠᠯ ᠰᠢᠤ | ᠭᠡᠷ ᠦᠷᠦᠭᠡᠨ ᠳᠡᠭᠡᠨ ᠪᠤᠯᠪᠠᠴᠤ | ᠭᠡᠭᠡᠬᠡᠨ ᠴᠡᠪᠡᠷᠴᠢ ᠰᠠᠭᠤᠵᠠᠭᠠᠶ᠎ᠠ | ᠭᠡᠰᠤᠵᠦ ᠳᠤᠭᠤᠷᠢᠬᠤ ᠪᠠᠨ ᠪᠠᠭᠠᠰᠬᠠᠨ | ᠭᠡᠮ ᠬᠠᠯᠳᠠᠪᠤᠷᠢ ᠠᠴᠠ ᠵᠠᠶᠢᠯᠠᠵᠠᠭᠠᠶᠠ | ᠪᠡᠭᠡᠯᠢ ᠠᠮᠠᠪᠴᠢ ᠬᠤᠶᠠᠷ ᠢ | ᠪᠡᠶ᠎ᠡ ᠠᠴᠠ ᠪᠠᠨ ᠪᠢᠳᠡᠭᠡᠢ ᠰᠠᠯᠭᠠᠭᠠᠷᠠᠢ | ᠫᠠᠺᠠᠲ᠋ᠧᠷᠢ ᠸᠢᠷᠦ᠋ᠰ ᠤᠨ ᠳᠠᠭᠠᠷᠢᠯᠲᠠ ᠶᠢ | ᠪᠠᠰᠤᠮᠵᠢᠯᠠᠯ ᠦᠭᠡᠢ ᠰᠡᠷᠭᠡᠶᠢᠯᠡᠨ᠎ᠡ ᠰᠢᠤ | ᠠᠷᠢᠭᠤᠨ ᠴᠡᠪᠡᠷ ᠰᠤᠷᠲᠠᠯ ᠢ | ᠠᠷᠠᠳ ᠣᠯᠠᠨ ᠢᠶᠠᠷ ᠢᠶᠠᠨ ᠡᠷᠬᠢᠮᠯᠡᠶ᠎ᠡ | ᠠᠶᠤᠯ ᠳᠦᠭᠰᠢᠭᠦᠷᠢᠳᠦ ᠬᠢᠵᠢᠭ ᠤᠨ | ᠠᠬᠢᠵᠦ ᠦᠷᠪᠢᠰᠬᠦ ᠶᠢ ᠬᠤᠷᠢᠭᠯᠠᠶ᠎ᠠ | ᠬᠤᠨᠤᠭ ᠳᠤᠭᠠᠯᠠᠵᠦ ᠠᠵᠠ ᠬᠠᠷᠠᠬᠤ | ᠬᠤᠶᠢᠷᠠᠭᠤ ᠦᠵᠡᠯᠲᠡ ᠶᠢ ᠳᠡᠪᠴᠢᠶᠡ | ᠬᠤᠭᠤᠴᠠᠭᠠᠳᠦ ᠴᠠᠭ ᠢ ᠵᠠᠪᠳᠤᠨ | ᠬᠤᠪᠢ ᠶᠢᠨ ᠪᠠᠶᠢᠳᠠᠯ ᠢᠶᠠᠨ ᠮᠡᠳᠡᠭᠦᠯᠦᠶ᠎ᠡ | ᠡᠪᠡᠳᠴᠢᠨ ᠤ ᠪᠠᠶᠢᠳᠠᠯ ᠢᠶᠠᠨ ᠨᠢᠭᠤᠬᠤ ᠨᠢ | ᠦᠷᠪᠢᠰᠦᠯ ᠢ ᠨᠡᠩ ᠬᠡᠴᠡᠭᠦᠳᠡᠭᠦᠯᠦᠨᠡ ᠰᠢᠤ | ᠦᠷᠦᠭᠡᠯ ᠪᠤᠰᠤᠳ ᠣᠯᠠᠨ ᠤ ᠪᠠᠨ | ᠡᠷᠡᠭᠦᠯ ᠮᠡᠨᠳᠦ ᠶᠢ ᠨᠦᠯᠦᠭᠡᠯᠡᠨ᠎ᠡ ᠰᠢᠤ | ᠡᠮᠬᠡᠭ ᠬᠢᠵᠢᠭ ᠤᠨ ᠬᠠᠷᠠᠭ᠎ᠠ ᠪᠠᠷ | ᠡᠷᠤᠬᠡ ᠭᠡᠷ ᠲᠡᠭᠡᠨ ᠰᠠᠭᠤᠵᠠᠭᠠᠬᠤ ᠨᠢ | ᠸᠢᠷᠦ᠋ᠰ ᠬᠠᠯᠳᠠᠪᠤᠷᠢᠯᠠᠬᠤ ᠶᠢ ᠬᠢᠵᠠᠭᠠᠷᠯᠠᠬᠤ | ᠦᠨᠡᠭᠡᠷ ᠪᠦᠳᠦᠮᠵᠢ ᠲᠠᠢ ᠠᠯᠬᠤᠮ ᠰᠢᠤ | ︽ᠲᠠᠪᠤᠨ ᠡᠷᠲᠡ︾ ᠶᠢᠨ ᠵᠠᠷᠴᠢᠮ ᠢᠶᠠᠷ | ᠳᠠᠬᠤᠯ ᠬᠢᠵᠢᠭ ᠢ ᠡᠷᠭᠡᠰᠢᠶᠡᠶᠡ | ᠲᠠᠨ ᠤ ᠮᠠᠨ ᠤ ᠦᠭᠡᠢ ᠬᠠᠮᠵᠢᠯᠴᠠᠨ | ᠲᠠᠷᠠᠬᠠᠨ ᠳᠡᠯᠭᠡᠷᠡᠬᠦ ᠶᠢ ᠵᠤᠭᠰᠤᠭᠠᠶᠠ | ᠬᠠᠶᠠᠭᠠᠨ ᠳᠤ ᠢᠷᠡᠭᠰᠡᠨ ᠬᠢᠵᠢᠭ ᠢ | ᠬᠠᠮᠤᠭ ᠬᠦᠴᠦᠨ ᠢᠶᠠᠷ ᠢᠶᠠᠨ ᠬᠤᠷᠢᠭᠯᠠᠶ᠎ᠠ | ᠬᠢᠨᠠᠯᠲᠠ ᠪᠠᠶᠢᠴᠠᠭᠠᠯᠲᠠ ᠪᠠᠨ ᠴᠢᠩᠭᠠᠳᠬᠠᠨ | ᠬᠠᠤᠯᠢ ᠪᠠᠷ ᠡᠵᠡᠮᠳᠡᠬᠦ ᠶᠢ ᠪᠠᠳᠤᠯᠠᠶ᠎ᠠ | ᠬᠤᠯᠪᠤᠭᠠᠯᠠᠨ ᠳᠤᠤᠷᠴᠢᠯᠠᠭᠰᠠᠨ ᠬᠠᠮᠢᠶᠠᠷᠤᠯᠲᠠ ᠶᠢ | ᠬᠤᠲᠠ ᠬᠦᠳᠡᠭᠡ ᠦᠬᠡᠢ ᠪᠦᠷᠬᠦᠭᠦᠯᠦᠶᠡ | ᠬᠤᠤᠷᠠᠳᠦ ᠬᠢᠵᠢᠭ ᠤᠨ ᠲᠠᠷᠠᠬᠠᠯᠲᠠ ᠶᠢᠨ | ᠬᠤᠭ ᠤᠨ ᠦᠨᠳᠦᠰᠦ ᠶᠢ ᠨᠢ ᠳᠠᠰᠤᠯᠤᠶᠠ | ᠳᠤᠤᠷ ᠰᠦᠯᠵᠢᠶ᠎ᠡ ᠪᠠᠨ ᠰᠠᠶᠢᠵᠢᠷᠠᠭᠤᠯᠤᠨ | ᠲᠤᠭᠠᠴᠢᠯᠠᠭᠰᠠᠨ ᠮᠡᠷᠭᠡᠵᠢᠯ ᠢ ᠠᠰᠢᠭᠯᠠᠶ᠎ᠠ | ᠲᠣᠮᠤᠭᠤ ᠬᠢᠵᠢᠭ ᠤᠨ ᠨᠡᠪᠴᠢᠯᠲᠡ ᠶᠢ | ᠲᠣᠳᠤᠷᠬᠠᠢ ᠨᠠᠷᠢᠯᠢᠭ ᠡᠵᠡᠮᠳᠡᠶ᠎ᠡ | ᠠᠭᠯᠠᠭ ᠪᠣᠶᠢᠳᠠ ᠭᠠᠵᠠᠷ ᠢ ᠴᠦ | ᠠᠷᠤ ᠳᠠᠭᠠᠨ ᠣᠷᠬᠢᠯ ᠦᠭᠡᠢ ᠠᠩᠬᠠᠷᠤᠶ᠎ᠠ | ᠠᠷᠠᠳ ᠤᠨ ᠰᠠᠨᠠᠭ᠎ᠠ ᠰᠡᠳᠭᠢᠯ ᠤᠨ | ᠠᠮᠤᠷ ᠲᠠᠶᠢᠪᠤᠩ ᠢ ᠪᠠᠲᠤᠯᠠᠶ᠎ᠠ | ᠬᠠᠤᠯᠢ ᠶᠢᠨ ᠡᠷᠬᠡ ᠰᠦᠷ ᠢ | ᠬᠤᠲᠠᠯᠠ ᠳᠦᠮᠡᠨ ᠳᠡᠭᠡᠨ ᠤᠬᠠᠭᠤᠯᠤᠶᠠ | ᠬᠤᠳᠠᠯ ᠬᠠᠭᠤᠷᠮᠠᠭ ᠪᠦᠬᠦᠨ ᠳᠤ | ᠬᠦᠨᠳᠦ ᠵᠠᠯᠬᠠᠭᠠᠯ ᠦᠵᠡᠭᠦᠯᠦᠶ᠎ᠡ | ᠪᠠᠴᠢᠮ ᠢ ᠠᠷᠭᠠᠴᠠᠭᠠᠬᠤ ᠳᠤᠭᠲᠠᠴᠠ ᠪᠠᠨ | ᠪᠠᠶᠢᠳᠠᠯ ᠤᠨ ᠬᠤᠪᠢᠷᠠᠯᠲᠠ ᠳᠤ ᠵᠤᠬᠢᠴᠠᠭᠤᠯᠤᠶᠠ | ᠪᠠᠷᠠᠭᠠᠨ ᠤ ᠦᠨ᠎ᠡ ᠬᠠᠩᠰᠢ ᠶᠢᠨ | ᠪᠠᠷᠢᠮᠵᠢᠶ᠎ᠠ ᠶᠢ ᠨᠢᠭᠡᠳᠦᠯᠲᠠᠢ ᠬᠠᠮᠢᠶᠠᠷᠤᠶ᠎ᠠ᠃ | ᠰᠠᠶᠢᠨ ᠳᠤᠷᠠᠴᠤᠳ ᠤᠨ ᠪᠦᠯᠬᠦᠮ ᠤᠳ | ᠰᠠᠶᠢᠬᠠᠨ ᠠᠵᠢᠯᠯᠠᠭ᠎ᠠ ᠦᠷᠨᠢᠭᠦᠯᠵᠦ ᠪᠠᠶᠢᠨ᠎ᠠ | ᠰᠠᠬᠠᠭᠠᠯᠲᠠ ᠬᠤᠲᠠ ᠤᠰᠤᠨ ᠤ ᠬᠢᠨ ᠴᠦ | ᠴᠢᠳᠠᠬᠤ ᠶᠢᠨ ᠬᠢᠷᠢ ᠪᠠᠷ ᠢᠶᠠᠨ ᠳᠡᠮᠵᠢᠵᠦ ᠪᠠᠶᠢᠨ᠎ᠠ | ᠨᠡᠶᠢᠭᠡᠮ ᠤᠨ ᠡᠯ᠎ᠡ ᠳᠠᠪᠬᠤᠷᠭ᠎ᠠ ᠶᠢᠨ ᠬᠢᠨ | ᠬᠠᠯᠠᠭᠤᠨ ᠭᠠᠷ ᠢᠶᠠᠨ ᠰᠤᠩᠭᠠᠵᠦ ᠪᠠᠶᠢᠨ᠎ᠠ | ᠨᠢᠩᠵᠢᠨ ᠰᠡᠳᠭᠢᠯᠳᠦ ᠬᠦᠮᠦᠨ ᠵᠤᠨ ᠨᠢ | ᠬᠠᠨᠲᠢᠪ ᠳᠤᠰᠠᠯᠠᠮᠵᠢ ᠬᠦᠷᠭᠡᠵᠦ ᠪᠠᠶᠢᠨ᠎ᠠ | ᠰᠤᠷᠲᠠᠯ ᠤᠬᠠᠭᠤᠯᠭ᠎ᠠ ᠶᠢᠨ ᠨᠢᠭᠡᠴᠡ ᠶᠢᠨ ᠬᠢᠨ | ᠰᠢᠭᠤᠷᠠᠬᠠᠢ ᠮᠡᠳᠡᠭᠡᠯᠡᠯ ᠪᠠᠨ ᠳᠠᠮᠵᠢᠭᠤᠯᠵᠦ ᠪᠠᠶᠢᠨ᠎ᠠ | ᠰᠣᠷᠪᠤᠯᠵᠢᠯᠠᠭᠴᠢ᠂ ᠨᠠᠶᠢᠷᠠᠭᠤᠯᠤᠭᠴᠢᠳ ᠠᠵᠢᠯ ᠠᠵᠢᠯ ᠳᠠᠭᠠᠨ | ᠰᠦᠨᠢ ᠡᠳᠤᠷ ᠦᠭᠡᠢ ᠶᠠᠭᠠᠷᠠᠯᠳᠤᠵᠦ ᠪᠠᠶᠢᠨ᠎ᠠ | ᠳᠡᠭᠡᠳᠦ ᠰᠢᠨᠵᠢᠯᠡᠬᠦ ᠮᠡᠷᠭᠡᠵᠢᠯ ᠢᠶᠠᠷ | ᠳᠡᠰ ᠳᠡᠪᠰᠢᠭᠦᠯᠦᠨ ᠰᠤᠳᠤᠯᠵᠦ ᠪᠠᠶᠢᠨ᠎ᠠ | ᠲᠢᠲᠢᠮᠯᠡᠭ ᠸᠢᠷᠦ᠋ᠰ ᠤᠨ ᠦᠨᠡᠨ ᠳᠦᠷᠢ ᠶᠢ | ᠳᠠᠨᠢᠨ ᠡᠷᠭᠡᠰᠢᠶᠡᠬᠦ ᠪᠠᠷ ᠴᠢᠷᠮᠠᠶᠢᠵᠦ ᠪᠠᠶᠢᠨ᠎ᠠ | ᠤᠯᠤᠰ ᠳᠦᠮᠡᠨ ᠤ ᠬᠦᠴᠦ ᠬᠡᠵᠦ | ᠠᠭᠤᠯᠠ ᠶᠢ ᠨᠡᠭᠦᠯᠭᠡᠬᠦ ᠴᠢᠳᠠᠯ ᠲᠠᠢ ᠶᠤᠮ | ᠤᠷᠰᠢᠭᠲᠤ ᠡᠨᠡ ᠬᠢᠵᠢᠭ ᠢ | ᠤᠳᠠᠬᠤ ᠦᠭᠡᠢ ᠳᠠᠷᠤᠬᠤ ᠨᠢ ᠯᠠᠪᠲᠠᠢ ᠶᠤᠮ | ᠲᠤᠭ ᠲᠡᠮᠳᠡᠭ ᠳᠤᠳᠤᠷᠬᠠᠢ ᠪᠠᠷ | ᠳᠤᠬᠠᠶᠢᠯᠠᠭᠰᠠᠨ ᠠᠵᠢᠯ ᠳᠠᠭᠠᠨ ᠰᠢᠮᠳᠠᠶ᠎ᠠ | ᠳᠤᠯᠭᠠᠷᠠᠵᠦ ᠢᠷᠡᠭᠰᠡᠨ ᠠᠶᠤᠯ ᠢ | ᠳᠤᠭᠤᠯᠬᠤ ᠵᠤᠷᠢᠭ ᠢᠶᠠᠨ ᠬᠦᠪᠴᠢᠯᠡᠶᠡ | ᠡᠪᠡᠳᠴᠢᠨ ᠬᠢᠵᠢᠭ ᠳᠠᠷᠤᠭᠳᠠᠯ᠎ᠠ ᠬᠡᠵᠦ | ᠦᠩᠭᠡᠷᠡᠤ ᠪᠢᠲᠡᠭᠡᠢ ᠲᠠᠶᠢᠪᠤᠰᠢᠷᠠᠶᠠ | ᠸᠢᠷᠦ᠋ᠰ ᠬᠠᠯᠳᠠᠪᠤᠷᠢᠯᠠᠬᠤ ᠵᠠᠮ ᠭᠡᠳᠡᠭ | ᠦᠨᠡᠭᠡᠷ ᠪᠤᠳᠤᠯᠢᠶᠠᠨ ᠲᠠᠢ ᠪᠠᠶᠢᠭᠰᠠᠭᠠᠷ ᠰᠢᠤ | ᠳᠠᠬᠤᠯ ᠬᠢᠵᠢᠭ ᠨᠠᠮᠵᠢᠯᠠ ᠭᠡᠵᠦ | ᠳᠡᠩᠳᠡᠭᠦᠣ ᠪᠤᠦ ᠮᠢᠨᠴᠤᠭᠦᠷᠡᠶᠡ | ᠳᠠᠯᠳᠠ ᠶᠢᠨ ᠭᠡᠮ ᠰᠤᠭᠤᠭ | ᠳᠠᠭᠠᠯᠳᠤᠨ ᠮᠦᠨ ᠣᠷᠤᠰᠢᠭᠰᠠᠭᠠᠷ ᠰᠢᠤ | ᠡᠷᠬᠡ ᠰᠦᠷᠳᠦ ᠮᠡᠳᠡᠭᠡᠯᠡᠯ ᠢᠶᠠᠷ | ᠡᠰᠢ ᠪᠠᠷᠢᠮᠲᠠ ᠪᠤᠯᠭᠠᠶ᠎ᠠ | ᠡᠯᠳᠡᠪ ᠡᠰᠡᠨ ᠴᠤᠤᠷᠬᠠᠯ ᠳᠤ | ᠡᠷᠡᠰ ᠴᠤᠬᠢᠯᠲᠠ ᠦᠭᠭᠦᠵᠡᠭᠡᠶᠡ | ᠦᠨᠡᠨ ᠪᠤᠳᠠᠲᠠᠢ ᠴᠢᠮᠡᠭᠡ ᠶᠢ | ᠸᠢᠴᠠᠲ ᠬᠤᠯᠪᠤᠭᠠᠨ ᠳᠠᠭᠠᠨ ᠳᠠᠮᠵᠢᠭᠤᠯᠤᠶ᠎ᠠ | ᠰᠡᠷᠭᠡᠶᠢᠯᠡᠨ ᠡᠵᠡᠮᠳᠡᠬᠦ ᠭᠤᠤᠯᠳᠤᠯᠭᠠ ᠶᠢ | ᠰᠠᠶᠠᠭᠠᠷ ᠳᠦᠮᠡᠨ ᠳᠡᠭᠡᠨ ᠲᠠᠨᠢᠯᠴᠠᠭᠤᠯᠤᠶ᠎ᠠ | ᠡᠮᠴᠢ ᠰᠤᠪᠢᠯᠠᠭᠴᠢ ᠪᠦᠬᠦᠨ ᠳᠡᠭᠡᠨ | ᠡᠷᠬᠢᠮ ᠬᠦᠨᠳᠦᠳᠭᠡᠯ ᠳᠡᠪᠰᠢᠭᠦᠯᠦᠶ᠎ᠡ | ᠡᠪᠡᠳᠴᠢᠨ ᠤ ᠳᠦᠷᠦᠭᠦᠤ ᠲᠠᠢ ᠳᠡᠮᠡᠴᠡᠭᠰᠡᠨ | ᠡᠷᠡᠯᠬᠡᠭ ᠵᠤᠷᠢᠭ ᠢ ᠨᠢ ᠮᠠᠭᠳᠠᠶ᠎ᠠ᠃ | ᠪᠡᠶ᠎ᠡ ᠪᠡᠶ᠎ᠡ ᠳᠡᠭᠡᠨ ᠬᠠᠷᠢᠭᠤᠴᠠᠨ | ᠪᠦᠬᠦᠶᠢᠯᠡ ᠨᠡᠶᠢᠭᠡᠮ ᠢ ᠳᠠᠶᠢᠴᠢᠯᠠᠭᠰᠠᠨ ᠢᠶᠠᠷ | ᠪᠦᠯᠬᠦᠮᠳᠠᠯ ᠤᠨ ᠬᠦᠴᠦᠨ ᠢᠶᠠᠨ ᠨᠢᠭᠲᠠᠷᠠᠭᠤᠯᠤᠨ | ᠪᠦᠮᠪᠦᠷᠴᠡᠭ ᠳᠡᠯᠡᠬᠡᠢ ᠶᠢ ᠤᠶᠠᠰᠬᠠᠭᠰᠠᠨ ᠢᠶᠠᠷ | ᠤᠲᠤᠭ᠎ᠠ ᠦᠭᠡᠢ ᠳᠠᠶᠢᠨ ᠤ ᠹᠠᠷᠤᠨᠲ ᠳᠤ | ᠤᠯᠠᠭᠠᠨ ᠲᠤᠭ ᠨᠠᠮᠢᠷᠠᠯᠠ | ᠤᠷᠰᠢᠭᠲᠤ ᠬᠢᠵᠢᠭ ᠤᠨ ᠳᠣᠪᠳᠤᠯᠤᠯᠲᠠ ᠳᠤ | ᠤᠬᠤᠷᠢᠬᠤ ᠴᠢᠭ ᠲᠠᠯᠪᠢᠯ᠎ᠠ | ᠬᠦᠴᠦᠷᠬᠡᠭ ᠤᠯᠤᠰ ᠤᠨ ᠠᠯᠳᠠᠷ ᠨᠠᠷ᠎ᠡ | ᠬᠦᠪᠴᠢᠨ ᠳᠡᠯᠡᠭᠡᠢ ᠳᠤ ᠭᠠᠶᠢᠬᠠᠭᠳᠠᠯᠠ | ᠺᠤᠷᠤᠨᠠ ᠸᠢᠷᠦ᠋ᠰ ᠤᠨ ᠬᠢᠵᠢᠭ ᠤᠨ | ᠬᠦᠴᠦ ᠨᠢ ᠪᠠᠭᠤᠷᠠᠨ ᠳᠠᠷᠤᠭᠳᠠᠯ᠎ᠠ | ᠬᠠᠷᠢ ᠭᠠᠳᠠᠭᠠᠳᠦ ᠤᠯᠤᠰ ᠤᠳ ᠴᠦ | ᠬᠠᠨᠤᠮᠵᠢᠲᠠᠢ ᠳᠤᠰᠬᠠᠯ ᠭᠠᠷᠭᠠᠯ᠎ᠠ | ᠬᠠᠶᠢᠷ᠎ᠠ ᠶᠢᠨ ᠠᠯᠠᠭ᠎ᠠ ᠪᠠᠨ ᠳᠡᠯᠭᠡᠵᠦ | ᠬᠠᠯᠠᠭᠤᠨ ᠳᠡᠮᠵᠢᠯᠭᠡ ᠪᠠᠨ ᠦᠵᠡᠭᠦᠯᠦᠯ᠎ᠡ᠃ | ᠡᠬᠡ ᠤᠯᠣᠰ ᠤᠨ ᠢᠶᠠᠨ ᠡᠯᠢᠭᠡᠨ ᠠᠴᠠ | ᠡᠨᠡᠬᠦ ᠡᠪᠡᠳᠴᠢᠨ ᠢ ᠦᠯᠳᠠᠶᠠ | ᠢᠯᠠᠭᠤᠭᠰᠠᠨ ᠳᠠᠭᠤᠨ ᠢᠶᠠᠨ ᠬᠠᠩᠭᠢᠨᠠᠭᠤᠯᠵᠦ | ᠤᠶᠢᠯᠡᠰ ᠬᠦᠳᠡᠯᠮᠦᠷᠢ ᠳᠡᠭᠡᠨ ᠭᠠᠪᠰᠢᠭᠠᠶᠢᠯᠠᠶ᠎ᠠ | ᠦᠬᠦᠯ ᠤᠨ ᠠᠶᠤᠮᠰᠢᠭᠲᠤ ᠬᠢᠵᠢᠭ ᠤᠨ | ᠦᠨᠳᠦᠰᠦ ᠶᠢ ᠨᠢ ᠳᠠᠰᠤᠯᠵᠦ ᠣᠷᠬᠢᠶ᠎ᠠ | ᠦᠨᠢᠲᠡ ᠶᠢᠨ ᠰᠠᠶᠢᠬᠠᠨ ᠮᠠᠷᠭᠠᠰᠢ ᠶᠢᠨ | ᠦᠭᠡᠳᠡ ᠡᠰᠡᠷᠡᠭ ᠢ ᠪᠡᠯᠭᠡᠳᠡᠶ᠎ᠡ︕ | ᠶᠠᠳᠠᠭᠤ ᠠᠴᠠ ᠠᠩᠭᠢᠵᠢᠷᠠᠭᠤᠯᠬᠤ ᠰᠢᠪᠳᠤᠯᠤᠯᠲᠠ ᠶᠢᠨ ᠳᠠᠶᠢᠨ | ᠶᠠᠷᠰᠢᠭᠲᠤ ᠬᠢᠵᠢᠭ ᠤᠨ ᠬᠤᠷᠢᠭᠯᠠᠯᠲᠠ ᠶᠢᠨ ᠳᠠᠶᠢᠨ | ᠬᠤᠣᠰ ᠳᠠᠶᠢᠨ ᠤ ᠢᠯᠠᠯᠲᠠ ᠶᠢ ᠣᠯᠬᠤ ᠪᠠᠷ | ᠬᠤᠲᠠᠯᠠ ᠳᠦᠮᠡᠨ ᠢᠶᠠᠷ ᠢᠶᠠᠨ ᠴᠢᠷᠮᠠᠶᠢᠵᠠᠭᠠᠶ᠎ᠠ | ᠳᠡᠤᠬᠡᠨ ᠳᠤ ᠬᠤᠪᠤᠷᠬᠠᠨ ᠰᠢᠯᠭᠠᠯᠲᠠ ᠶᠢ | ᠳᠦᠭ ᠳᠦᠮᠡᠨ ᠢᠶᠠᠷ ᠢᠶᠠᠨ ᠲᠤᠭᠤᠯᠤᠶ᠎ᠠ | ᠲᠡᠷᠢᠭᠦᠯᠡᠭᠴᠢ ᠰᠢ ᠶᠢᠨ ᠫᠢᠩ ᠤᠨ ᠵᠢᠭᠠᠪᠤᠷᠢ ᠪᠠᠷ | ᠳᠦᠷᠦ ᠭᠦᠷᠦᠨ ᠢᠶᠠᠨ ᠴᠤᠭᠴᠢᠯᠠᠶᠠ | ᠬᠤᠷᠢᠨ ᠨᠢᠭᠡᠨ ᠣᠨ ᠤ | ᠬᠤᠩᠬᠤᠨ ᠳᠠᠭᠤ ᠤᠶᠢᠷᠠᠳᠤᠵᠦ ᠪᠠᠶᠢᠨ᠎ᠠ | ᠬᠤᠣᠰ ᠵᠠᠭᠤᠨ ᠤ ᠬᠠᠷᠠᠯᠲᠠ ᠲᠡᠰᠢ | ᠬᠠᠨᠴᠤᠢ ᠰᠢᠮᠠᠯᠠᠨ ᠤᠷᠤᠭᠰᠢᠯᠠᠵᠠᠭᠠᠶ᠎ᠠ︕ | 2020.2.17 | | | ᠵᠤᠬᠢᠶᠠᠭᠴᠢ ᠶᠢᠨ ᠳᠤᠪᠴᠢ ᠲᠠᠨᠢᠯᠴᠠᠭᠤᠯᠭ᠎ᠠ | ᠪᠤᠷᠵᠢᠭᠢᠨ ᠣᠪᠤᠬᠲᠦ ᠳ᠋᠊᠂ ᠠᠯᠲᠠᠨᠭᠡᠷᠡᠯ ︵ᠡᠪ ᠬᠠᠮᠳᠦ ᠨᠠᠮ ᠤᠨ ᠭᠡᠰᠢᠭᠦᠨ︶᠂ 1958 ᠣᠨ ᠳᠤ ᠣᠳᠣ ᠶᠢᠨ | ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠸᠠ ᠪᠠᠯᠭᠠᠰᠤᠨ ᠤ ᠪᠠᠶᠠᠨᠳᠦ᠋ᠭᠦᠷᠩ ᠭᠠᠴᠠᠭᠠᠨ ᠳᠤ ᠳᠦᠷᠦᠪᠡ᠃ | ᠦᠪᠡᠷᠳᠡᠭᠡᠨ ᠪᠢᠴᠢᠭ ᠰᠤᠶᠤᠯ ᠰᠤᠷᠴᠦ᠂ ᠳᠦᠷᠦ ᠶᠢᠨ ᠪᠤᠳᠤᠯᠭ᠎ᠠ ᠶᠢᠨ ᠨᠠᠶᠢᠳᠠᠪᠤᠷᠢᠵᠢᠭᠤᠯᠤᠯᠲᠡ ᠪᠠᠷ ᠤᠯᠤᠰ ᠤᠨ | ᠠᠵᠢᠯᠲᠠᠨ ᠶᠠᠪᠤᠵᠦ ᠪᠠᠶᠢᠭᠰᠠᠨ ᠢᠶᠠᠨ ᠰᠡᠭᠦᠯ ᠳᠤᠨᠢ ᠬᠦᠳᠡᠭᠡ ᠳᠡᠭᠡᠨ ᠪᠤᠴᠠᠵᠦ ᠮᠠᠯ ᠮᠠᠯᠵᠢᠪᠠ᠃ ᠡᠳᠤᠭᠡ ᠲᠡᠷᠡ | ᠨᠤᠲᠤᠭ ᠤᠰᠤᠨ ᠤ ᠪᠠᠨ ᠲᠡᠤᠬᠡ ᠲᠡᠮᠳᠡᠭᠯᠡᠯ ᠤᠨ ᠠᠵᠢᠯ ᠳᠤ ᠮᠡᠳᠡᠵᠦ ᠴᠢᠳᠠᠬᠤ ᠬᠢᠷᠢ ᠪᠠᠷ ᠢᠶᠠᠨ ᠴᠢᠷᠮᠠᠶᠢᠵᠦ ᠶᠠᠪᠤᠨ᠎ᠠ | ᠃ | |