ᠢᠷᠠᠭᠤ ᠨᠠᠶᠢᠷᠠᠭ ᠤᠨ ᠵᠢᠬᠦᠷᠢᠳᠦ ᠬᠦᠯᠦᠭ | —2019 ᠣᠨ ᠤ ᠳᠡᠯᠡᠭᠡᠢ ᠶᠢᠨ ᠢᠷᠠᠭᠤ ᠨᠠᠶᠢᠷᠠᠭ ᠤᠨ ᠡᠳᠦᠷ ᠲᠤ | ᠵᠤᠷᠢᠭᠤᠯᠪᠠ᠃ | ᠢᠷᠠᠭᠤ ᠨᠠᠶᠢᠷᠠᠭ ᠤᠨ ᠤᠶᠠᠩᠭᠠᠨ ᠭᠠᠷᠤᠭᠠᠨ ᠳᠤ | ᠢᠨᠴᠠᠭᠠᠨ ᠴᠤᠶᠢᠯᠠᠵᠦ ᠪᠠᠶᠢᠭ᠎ᠠ ᠤᠩᠭᠤᠳ ᠤᠨ ᠢᠶᠠᠨ | ᠤᠶᠠᠭ᠎ᠠ ᠰᠤᠶᠢᠯᠭᠠ ᠶᠢ ᠨᠢ ᠳᠡᠩᠴᠡᠬᠦᠯᠦᠩᠭᠡᠨ ᠪᠠᠶᠢᠵᠦ | ᠤᠶᠠᠩᠭ᠎ᠠ ᠨᠠᠶᠢᠷᠠᠭ ᠢᠶᠠᠨ ᠪᠢᠴᠢᠯ᠎ᠠ ᠪᠢ | ᠰᠤᠳᠤᠨ ᠰᠠᠶᠢᠬᠠᠨ ᠮᠤᠩᠭᠤᠯ ᠰᠤᠶᠤᠯ ᠤᠨ ᠢᠶᠠᠨ | ᠰᠤᠤᠳᠤ ᠶᠡᠭᠡ ᠤᠬᠠᠭᠠᠨ ᠤ ᠳᠠᠯᠠᠢ ᠠᠴᠠ | ᠰᠡᠳᠬᠢᠯ ᠠᠮᠢᠯᠠᠭᠤᠯᠬᠤ ᠦᠭᠡᠨ ᠤ ᠰᠤᠪᠤᠳ ᠬᠠᠶᠢᠭᠰᠠᠨ | ᠰᠡᠮᠬᠡᠨ ᠨᠠᠮᠠᠨᠴᠢᠯᠠᠬᠤ ᠬᠠᠶᠢᠭᠤᠯᠴᠢᠨ ᠪᠠᠶᠢᠯ᠎ᠠ ᠪᠢ | ᠴᠠᠭᠯᠠᠰᠢ ᠦᠭᠡᠢ ᠶᠡᠭᠡ ᠤᠷᠤᠰᠢᠬᠤᠢ ᠶᠢᠨ ᠳᠤᠮᠳᠠᠬᠢ | ᠴᠠᠭ ᠬᠤᠭᠤᠴᠠᠭᠠᠨ ᠤ ᠡᠮᠵᠡᠭ ᠰᠠᠯᠬᠢᠨ ᠠᠴᠠ | ᠰᠠᠨᠠᠭ᠎ᠠ ᠤᠷᠭᠤᠬᠤ ᠮᠡᠳᠡᠷᠡᠮᠵᠢ ᠶᠢᠨ ᠠᠨᠢᠷ ᠴᠢᠩᠨᠠᠭᠰᠠᠨ | ᠰᠤᠨᠤᠷ ᠰᠡᠷᠡᠮᠵᠢ ᠲᠠᠢ ᠳᠤᠷᠰᠢᠭᠤᠯᠴᠢᠨ ᠪᠠᠶᠢᠯ᠎ᠠ ᠪᠢ | ᠠᠮᠢᠳᠤᠷᠠᠯ ᠳᠡᠮᠡᠴᠡᠯ ᠤᠨ ᠶᠠᠨᠳᠠᠰᠢ ᠦᠭᠡᠢ ᠡᠷᠬᠢᠯᠭᠡᠨ ᠤ | ᠠᠮᠢ ᠬᠠᠶᠢᠷ᠎ᠠ ᠶᠢᠨ ᠬᠢᠨᠢ ᠮᠦᠩᠭᠡ ᠶᠢᠨ ᠰᠡᠳᠤᠪ ᠠᠴᠠ | ᠳᠤᠷᠠᠳᠬᠠᠯ ᠨᠢᠰᠭᠡᠬᠦ ᠤᠳᠬ᠎ᠠ ᠶᠢᠨ ᠵᠢᠬᠦᠷ ᠤᠷᠭᠤᠯᠤᠭᠰᠠᠨ | ᠳᠤᠷ᠎ᠠ ᠪᠠᠷ ᠬᠠᠯᠢᠬᠤ ᠨᠢᠰᠭᠡᠯᠴᠢᠨ ᠪᠠᠶᠢᠯ᠎ᠠ ᠪᠢ | ᠳᠡᠯᠡᠮᠡᠨ ᠵᠢᠷᠤᠭ᠎ᠠ ᠰᠢᠯᠦᠭ ᠤᠨ ᠮᠤᠷᠢᠳ ᠤᠨ ᠢᠶᠠᠨ | ᠳᠡᠩᠭᠡ ᠰᠢᠨᠳᠠᠰᠦ ᠶᠢ ᠨᠢ ᠰᠤᠶᠢᠯᠠᠩᠬᠠᠨ ᠪᠠᠶᠢᠵᠦ | ᠢᠷᠠᠭᠤ ᠨᠠᠶᠢᠷᠠᠭ ᠤᠨ ᠪᠠᠷᠢᠶᠠᠨ ᠤ ᠭᠠᠵᠠᠷ ᠲᠤ | ᠢᠯᠳᠠᠮᠬᠠᠨ ᠦᠩᠭᠡ ᠪᠠᠷ ᠢᠶᠠᠨ ᠵᠢᠷᠭᠠᠭᠠᠰᠠᠢ ᠳ᠋ᠠ | 2019.02.22 | ᠤᠪᠤᠭ ᠨᠡᠷ᠎ᠡ᠄ ᠳᠤᠭᠤᠴᠤᠭ ᠨᠠ᠊ · ᠮᠠᠨᠳᠤᠯ᠎ᠠ 满都拉 ︵ᠵᠢᠨᠢᠩ ᠪᠠᠭᠰᠢ ᠶᠢᠨ ᠳᠡᠭᠡᠳᠦ ᠰᠤᠷᠭᠠᠭᠤᠯᠢ ᠶᠢᠨ | ᠳᠡᠳ᠋ ᠫᠷᠤᠹᠧᠰᠰᠤᠷ᠂ ᠪᠠᠷᠠᠭᠤᠨ ᠬᠤᠶᠢᠳᠦ ᠶᠢᠨ ᠦᠨᠳᠦᠰᠦᠳᠠᠨ ᠤ ᠶᠡᠭᠡ ᠰᠤᠷᠭᠠᠭᠤᠯᠢ ᠶᠢᠨ 2019 ᠤᠨ ᠤ | ᠳ᠋ᠤᠺᠲ᠋ᠤᠷᠠᠨᠲ︶ | ᠤᠳᠠᠰᠤᠨ ᠨᠤᠮᠧᠷ᠄ 15247452264 | ᠢᠮᠧᠯ᠄ 326744604@qq.com | |