ᠬᠡᠭᠡᠷ᠎ᠡ ᠶᠢᠨ ᠴᠠᠢ ᠶᠢᠨ ᠳᠤᠮᠤᠭ
ᠨᠡᠶᠢᠲᠡᠯᠡᠭᠰᠡᠨ ᠴᠠᠭ᠄
2020-06-05
ᠬᠡᠭᠡᠷ᠎ᠡ ᠶᠢᠨ ᠴᠠᠢ ᠶᠢᠨ ᠳᠤᠮᠤᠭ ᠨᠤᠳᠤᠭ ᠤᠨ ᠳᠤᠮᠤᠭ ᠤᠳ ᠰᠠᠯᠬᠢᠨ ᠤ ᠦᠵᠦᠬᠦᠷ ᠲᠤ ᠬᠦᠦᠷᠨᠢᠯᠳᠦᠵᠦ ᠨᠤᠳᠤᠭ ᠠᠮᠢ ᠲᠠᠢ ᠬᠡᠭᠡᠷ᠎ᠡ ᠶᠢᠨ ᠪᠤᠷᠤ ᠴᠢᠯᠠᠭᠤᠳ ᠲᠤ ᠰᠢᠩᠭᠡᠭᠡᠳ ᠳᠤᠯᠭ᠎ᠠ ᠶᠢᠨ ᠭᠤᠷᠪᠠᠨ ᠤᠴᠤᠭ ᠴᠢᠯᠠᠭᠤ ᠨᠢ ᠪᠤᠯᠵᠦ ᠬᠡᠳᠡᠶᠢᠨ ᠳᠤᠭᠤᠭᠠᠨ ᠳᠤ ᠳᠠᠷᠬᠢᠯᠳᠤᠬᠤ ᠴᠠᠢ ᠳᠤ ᠨᠢ ᠶᠠᠷᠢᠭᠰᠠᠨ ᠶᠤᠮ ᠪᠤᠯᠬᠤᠷ ᠳᠠᠯ᠎ᠠ ᠶᠢᠨ ᠬᠦᠭᠡ ᠴᠠᠢ ᠨᠢ ᠳᠤᠮᠤᠭ ᠤᠨ ᠠᠮᠳᠠ ᠲᠠᠢ ᠶᠤᠮ ᠪᠠᠶᠢᠵᠠᠢ᠃ ᠤᠷᠢᠳᠦ ᠶᠢᠨ ᠳᠡᠤᠬᠡ ᠤᠳ ᠠᠭᠤᠯᠠᠨ ᠤ ᠴᠤᠤᠷᠢᠶ᠎ᠠ ᠪᠠᠷ ᠳᠠᠮᠵᠢᠭᠳᠠᠵᠦ ᠠᠭᠤᠯᠠ ᠰᠠᠬᠢᠶ᠎ᠠ ᠲᠠᠢ ᠤᠢ ᠶᠢᠨ ᠮᠦᠴᠢᠷ ᠤᠳ ᠲᠤ ᠳᠤᠭᠳᠠᠭᠠᠳ ᠳᠤᠯᠭ᠎ᠠ ᠶᠢᠨ ᠭᠤᠤᠯ ᠳᠤ ᠳᠦᠯᠡᠭᠡᠨ ᠮᠤᠳᠤ ᠨᠢ ᠪᠤᠯᠵᠦ ᠳᠦᠷᠡᠯᠵᠡᠨ ᠳᠤᠩᠭᠤᠴᠢᠨ ᠰᠠᠮᠠᠷᠠᠬᠤ ᠰᠢᠨᠠᠭᠠᠨ ᠳᠤ ᠨᠢ ᠬᠦᠦᠷᠨᠢᠭᠰᠡᠨ ᠶᠤᠮ ᠪᠤᠯᠬᠤᠷ ᠬᠠᠳᠤᠯᠠᠩ ᠤᠨ ᠬᠦᠭᠡ ᠴᠠᠢ ᠨᠢ ᠳᠡᠤᠬᠡ ᠶᠢᠨ ᠤᠮᠳᠠ ᠲᠠᠢ ᠶᠤᠮ ᠪᠠᠶᠢᠵᠠᠢ᠃ ᠬᠠᠭᠤᠴᠢ ᠵᠤᠭᠤᠭ ᠤᠳ ᠤᠷᠤᠰᠬᠠᠯ ᠤᠨ ᠴᠢᠮᠡᠭᠡ ᠪᠠᠷ ᠰᠤᠨᠤᠷᠳᠠᠵᠦ ᠬᠠᠳᠤᠨ ᠡᠬᠢ ᠲᠠᠢ ᠤᠰᠤᠨ ᠤ ᠮᠦᠬᠦᠯᠢᠭ ᠤᠳ ᠲᠤ ᠠᠭᠤᠰᠤᠭᠠᠳ ᠬᠠᠯᠠᠭᠤᠨ ᠳᠤᠭᠤᠭᠠᠨ ᠳᠤ ᠤᠮᠳᠠ ᠬᠦᠨᠡᠰᠦ ᠨᠢ ᠪᠤᠯᠵᠦ ᠢᠳᠡᠭᠡᠰᠢᠨ ᠬᠦᠭᠡ ᠬᠤᠸᠠᠷᠳᠠᠢ ᠠᠶᠠᠭᠠᠨ ᠳᠤ ᠨᠢ ᠬᠠᠭᠤᠴᠢᠯᠠᠭᠰᠠᠨ ᠶᠤᠮ ᠪᠤᠯᠬᠤᠷ ᠬᠡᠭᠡᠷ᠎ᠡ ᠶᠢᠨ ᠬᠦᠭᠡ ᠴᠠᠢ ᠨᠢ ᠦᠯᠢᠭᠡᠷ ᠤᠨ ᠢᠳᠡᠭᠡ ᠲᠠᠢ ᠶᠤᠮ ᠪᠠᠶᠢᠵᠠᠢ᠃ 2017.04.17 ᠤᠪᠤᠭ ᠨᠡᠷ᠎ᠡ᠄ ᠳᠤᠭᠤᠴᠤᠭ ᠨᠠ᠊ · ᠮᠠᠨᠳᠤᠯ᠎ᠠ 满都拉 ︵ᠵᠢᠨᠢᠩ ᠪᠠᠭᠰᠢ ᠶᠢᠨ ᠳᠡᠭᠡᠳᠦ ᠰᠤᠷᠭᠠᠭᠤᠯᠢ ᠶᠢᠨ ᠳᠡᠳ᠋ ᠫᠷᠤᠹᠧᠰᠰᠤᠷ᠂ ᠪᠠᠷᠠᠭᠤᠨ ᠬᠤᠶᠢᠳᠦ ᠶᠢᠨ ᠦᠨᠳᠦᠰᠦᠳᠠᠨ ᠤ ᠶᠡᠭᠡ ᠰᠤᠷᠭᠠᠭᠤᠯᠢ ᠶᠢᠨ 2019 ᠤᠨ ᠤ ᠳ᠋ᠤᠺᠲ᠋ᠤᠷᠠᠨᠲ︶ ᠤᠳᠠᠰᠤᠨ ᠨᠤᠮᠧᠷ᠄ 15247452264 ᠢᠮᠧᠯ᠄ 326744604@qq.com
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号