ᠪᠠᠭᠠᠷᠢᠨ  ᠬᠤᠰᠢᠭᠤᠨ  ᠤ ᠰᠠᠭᠤᠷᠢ  ᠶᠢ  ᠲᠠᠯᠪᠢᠭᠴᠢ  ᠰᠤᠪᠬᠠᠢ  ᠶᠢᠨ  ᠲᠤᠬᠠᠢ  ᠦᠭᠦᠯᠡᠬᠦ  ᠨᠢ
ᠨᠡᠶᠢᠲᠡᠯᠡᠭᠰᠡᠨ ᠴᠠᠭ᠄
2020-06-05
ᠪᠠᠭᠠᠷᠢᠨ  ᠬᠤᠰᠢᠭᠤᠨ   ᠤ ᠰᠠᠭᠤᠷᠢ   ᠶᠢ  ᠲᠠᠯᠪᠢᠭᠴᠢ  ᠰᠤᠪᠬᠠᠢ   ᠶᠢᠨ  ᠲᠤᠬᠠᠢ   ᠦᠭᠦᠯᠡᠬᠦ   ᠨᠢ ᠠᠭᠤᠯᠭ᠎ᠠ   ᠶᠢᠨ  ᠲᠤᠪᠴᠢ ᠪᠠᠭᠠᠷᠢᠨ  ᠬᠤᠰᠢᠭᠤᠨ   ᠤ ᠰᠠᠭᠤᠷᠢ ᠶᠢ  ᠲᠠᠯᠪᠢᠭᠴᠢ  ᠰᠤᠪᠬᠠᠢ   ᠨᠢ  ᠤᠮᠠᠷᠠᠳᠦ  ᠶᠤᠸᠠᠨ  ᠤᠯᠤᠰ ᠤᠨ  ᠵᠠᠳᠠᠷᠠᠯ   ᠤᠨ  ᠦᠶ᠎ᠡ   ᠳᠤ  ᠠᠮᠢᠳᠦᠷᠠᠵᠦ  ᠂  ᠴᠦᠬᠡᠨ  ᠪᠤᠯᠪᠠᠴᠦ  ᠬᠤᠷᠴᠠ   ᠬᠦᠴᠦᠨ   ᠢᠶᠠᠷ  ᠮᠢᠩ   ᠤᠨ  ᠲᠦᠷᠢᠮᠬᠡᠢ  ᠬᠦᠴᠦᠨ   ᠢ  ᠵᠤᠷᠢᠭᠳᠠᠢ  ᠰᠦᠨᠦᠭᠡᠵᠦ  ᠂ ᠬᠤᠵᠢᠮ   ᠨᠢ ᠬᠡᠳᠦᠶᠢᠪᠡᠷ  ᠢᠯᠠᠭᠳᠠᠭᠰᠨᠨ  ᠪᠤᠯᠪᠠᠴᠦ  ᠪᠠᠭᠠᠷᠢᠨ ᠬᠤᠰᠢᠭᠤᠨ   ᠤ ᠰᠠᠭᠤᠷᠢ ᠶᠢ ᠨᠤᠳᠠᠳᠠᠢ  ᠲᠠᠯᠪᠢᠵᠦ  ᠦᠭᠴᠠᠢ  ᠃ ᠲᠡᠷᠡᠪᠡᠷ  ᠪᠤᠷᠵᠢᠬᠢᠨ  ᠤᠪᠤᠭᠳᠠᠨ  ᠂  ᠬᠢᠶᠠᠳ  ᠶᠠᠰᠤᠳᠠᠨ  ᠂ ᠪᠠᠭᠠᠷᠢᠨ  ᠤᠳᠤᠭ   ᠤᠨ  ᠠᠬᠠᠯᠭᠴᠢ  ᠮᠦᠨ  ᠂ ᠬᠤᠵᠢᠮ   ᠤ  ᠪᠠᠭᠠᠷᠢᠨ ᠤ ᠨᠠᠮᠳᠠᠭ ᠸᠠᠩ  ᠲᠡᠭᠦᠨ   ᠤ ᠠᠯᠳᠠᠷ ᠭᠠᠪᠢᠶ᠎ᠡ   ᠶᠢ  ᠲᠤᠷᠠᠰᠠᠬᠠᠨ  ︿ ︿ ᠰᠤᠪᠬᠠᠢ   ᠶᠢᠨ  ᠰᠦᠮ᠎ᠡ  ﹀﹀  ᠪᠤᠰᠬᠠᠵᠠᠢ᠃ ᠵᠠᠩᠭᠢᠯᠭ᠎ᠠ   ᠶᠢᠨ  ᠦᠭᠡᠰ ᠰᠤᠪᠬᠠᠢ       ᠠᠶᠢᠮᠠᠭ     ᠤᠪᠤᠭ       ᠪᠠᠭᠠᠷᠢᠨ  ᠬᠤᠰᠢᠭᠤ       ᠰᠤᠪᠤᠳᠢ   ᠶᠢᠨ  ᠰᠦᠮ᠎ᠡ ᠪᠠᠭᠠᠷᠢᠨ    ᠬᠤᠰᠢᠭᠤᠨ   ᠤ  ᠰᠠᠭᠤᠷᠢ   ᠶᠢ  ᠲᠠᠯᠪᠢᠭᠴᠢ  ᠂  ᠨᠢᠭᠡ  ᠦᠶ᠎ᠡ   ᠶᠢᠨ  ᠠᠤᠭ᠎ᠠ  ᠵᠤᠷᠢᠭᠳᠠᠨ  ᠂  ᠴᠢᠷᠡᠭ   ᠲᠠᠶᠢᠨᠴᠢ  ᠂   ᠦᠪᠦᠷ ᠬᠠᠯᠬ᠎ᠠ  ᠠᠶᠢᠮᠠᠭ   ᠤᠨ  ᠪᠠᠭᠠᠷᠢᠨ  ᠤᠳᠤᠭ   ᠤᠨ  ᠠᠬᠠᠯᠠᠭᠴᠢ  ᠂ ᠮᠤᠩᠭᠤᠯ    ᠤᠨ  ᠬᠢᠶᠠᠳ  ᠠᠶᠢᠮᠠᠭ   ᠤᠨ ᠪᠤᠷᠵᠢᠬᠢᠨ  ᠤᠪᠤᠭᠳᠤ  ᠰᠤᠪᠬᠠᠢ   ᠠᠨᠤ  ᠪᠤᠳᠠᠷᠠᠨ  ᠵᠠᠳᠠᠷᠠᠭᠰᠠᠨ  ᠤᠮᠠᠷᠠᠳᠦ ᠶᠤᠸᠠᠨ   ᠵᠢᠴᠢ  ᠮᠤᠩᠭᠤᠯ  ᠲᠤᠭᠤᠷᠭᠠᠳᠠᠨ   ᠤ  ᠨᠠᠶᠢᠳᠠ   ᠶᠢᠨ  ᠠᠰᠢᠭ  ᠲᠤᠰᠠ   ᠶᠢᠨ  ᠡᠮᠤᠨ᠎ᠡ  ᠰᠠᠭᠠᠴᠢᠯᠭᠠᠳᠠᠢ  ᠪᠤᠶᠤ  ᠰᠠᠭᠠᠴᠢᠯᠭᠠᠭᠦᠢ   ᠪᠠᠷ  ᠵᠤᠭᠰᠤᠵᠤ᠂  ᠲᠦᠮᠡᠨ ᠵᠠᠰᠠᠭᠳᠦ  ᠬᠠᠭᠠᠨ   ᠤ  ᠪᠠᠶᠢᠷᠢ ᠰᠠᠭᠤᠷᠢ   ᠶᠢ  ᠨᠦᠬᠦᠷᠰᠡᠭ   ᠢᠶᠠᠷ  ᠮᠡᠳᠡᠷᠡᠨ  ᠂  ᠴᠠᠬᠠᠷ   ᠤᠨ  ᠤᠯᠠᠨ  ᠠᠶᠢᠮᠠᠭ   ᠲᠠᠢ  ᠨᠠᠶᠢᠷᠠᠮᠳᠠᠭᠤ   ᠪᠠᠷ  ᠬᠠᠷᠢᠯᠴᠠᠵᠦ  ᠂  ᠮᠢᠩ   ᠤᠨ  ᠲᠦᠷᠢᠮᠬᠡᠢ  ᠬᠦᠴᠦᠨ   ᠲᠠᠢ   ᠪᠠᠭᠠᠳᠤᠷᠯᠠᠨ  ᠲᠡᠮᠡᠴᠡᠵᠦ  ᠂  ᠡᠴᠦᠰ   ᠲᠡᠭᠡᠨ  ᠬᠦᠴᠦᠨ   ᠲᠤᠶᠢᠯᠳᠠᠨ   ᠠᠮᠢ   ᠪᠠᠨ   ᠡᠷᠰᠳᠡᠭᠰᠡᠨ ᠴᠦ  ᠮᠤᠩᠭᠤᠯ  ᠲᠤᠭᠤᠷᠭᠠᠳᠠᠨ   ᠤ  ᠲᠡᠦᠬᠡᠨ   ᠳᠤ  ︿︿ᠪᠠᠭᠠᠷᠢᠨ  ﹀﹀ ᠬᠡᠮᠡᠬᠦ   ᠴᠢᠬᠤᠯᠠ  ᠪᠠᠶᠢᠷᠢ  ᠰᠠᠭᠤᠷᠢ   ᠲᠠᠢ  ᠬᠤᠰᠢᠭᠤ   ᠶᠢ  ᠦᠯᠡᠳᠡᠭᠡᠨ  ᠦᠭᠴᠠᠢ  ᠃ ᠨᠢᠭᠡ  ᠄  ᠰᠤᠪᠬᠠᠢ   ᠶᠢᠨ  ᠲᠤᠪᠴᠢ   ᠨᠠᠮᠳᠠᠷ ᠰᠤᠪᠬᠠᠢ  ᠠᠨᠦ  ᠪᠤᠷᠵᠢᠬᠢᠨ  ᠤᠪᠤᠭᠳᠠᠨ  ᠃  ᠪᠤᠳᠠᠨᠴᠢᠷ   ᠤᠨ  ᠠᠪᠠᠯᠢ  ᠡᠮ᠎ᠡ ᠠᠴᠠ  ᠲᠦᠷᠦᠭᠰᠡᠨ  ᠪᠠᠷᠢᠮ  ᠰᠢᠬᠢᠷᠳᠦ  ᠬᠠᠪᠢᠴᠢ  ᠪᠠᠭᠠᠳᠤᠷ   ᠤᠨ  ᠬᠤᠶᠢᠴᠢ  ᠂   ᠪᠤᠭᠳᠠ ᠴᠢᠩᠭᠢᠰ  ᠬᠠᠭᠠᠨ   ᠤ  ᠠᠷᠪᠠᠨ   ᠨᠠᠢᠮᠠᠳᠤᠭᠠᠷ  ᠦᠶ᠎ᠡ   ᠶᠢᠨ  ᠬᠤᠶᠢᠴᠢ   ᠪᠠᠳᠤᠮᠦᠩᠭᠡ   ᠲᠢᠶᠠᠨ  ᠬᠠᠭᠠᠨ   ᠤ  ᠤᠴᠢ  ᠃ ᠬᠤᠯᠬᠠᠴᠢ ᠶᠢᠨ ᠲᠡᠳ᠋  ᠬᠦᠪᠡᠭᠦᠨ   ᠃ ᠮᠢᠩ  ᠤᠯᠤᠰ   ᠤᠨ  ᠵᠢᠶᠠ  ᠵᠢᠩ   ᠤᠨ  ᠤᠯᠠᠭᠠᠨ  ᠮᠤᠷᠢ  ᠤᠨ  ︵1546︶   ᠳᠤ    ᠯᠢᠶᠤᠤᠶᠠᠩ   ᠤᠨ  ᠤᠮᠠᠷᠳᠦ  ᠡᠯᠡᠰᠦᠨ  ᠴᠦᠯ   ᠳᠤ  ᠴᠢᠷᠡᠭ  ᠪᠠᠶᠢᠷᠰᠢᠵᠠᠢ  ᠃    ᠵᠢᠶᠠ  ᠵᠢᠩ   ᠤᠨ  ᠤᠨ   ᠤ  ︵1522 —1582︶    ᠰᠡᠭᠦᠯᠴᠢ ᠪᠠᠷ   ᠲᠠᠢ  ᠨᠢᠩ ᠸᠧᠢ  ᠂  ᠹᠦ᠋  ᠢᠦᠢ  ᠸᠧᠢ  ᠵᠡᠷᠭᠡ  ᠭᠠᠵᠠᠷ   ᠢᠶᠠᠷ  ᠰᠠᠭᠤᠷᠢᠰᠢᠵᠦ  ᠂ ᠭᠤᠸᠠᠩ  ᠨᠢᠩ   ᠤᠨ  ᠵᠡᠭᠦᠨ   ᠬᠤᠶᠢᠳᠦ  ᠯᠢᠶᠤᠤ  ᠾᠧ  ᠭᠤᠤᠯ   ᠤᠨ  ᠲᠤᠬᠤᠢ  ᠭᠠᠵᠠᠷ   ᠢᠶᠠᠷ ᠮᠠᠯᠵᠢᠵᠤ  ᠂  ᠮᠢᠩ  ᠤᠯᠤᠰ   ᠢ  ᠤᠯᠠᠨᠳᠠ  ᠰᠦᠷᠳᠡᠭᠦᠯᠦᠨ ᠴᠤᠬᠢᠵᠦ  ᠪᠠᠶᠢᠵᠠᠢ᠃  ᠡᠶᠢᠮᠦ   ᠠᠴᠠ  ᠮᠢᠩ  ᠤᠯᠤᠰ   ᠤᠨ  ᠬᠦᠮᠦᠰ   ᠲᠤ   ᠲᠠᠢ  ᠨᠢᠩ  ᠸᠧᠢ   ᠶᠢᠨ ᠠᠬᠠᠯᠠᠭᠴᠢ  ᠬᠡᠮᠡᠭᠳᠡᠨ  ᠰᠦᠷ  ᠬᠦᠴᠦᠨ ᠪᠠᠳᠠᠷᠠᠵᠦ  ᠂ ᠦᠪᠦᠷ  ᠬᠠᠯᠬ᠎ᠠ   ᠶᠢᠨ ᠲᠦᠯᠦᠭᠡᠯᠡᠭᠴᠢ  ᠪᠤᠯᠵᠦ  ᠂ ᠴᠠᠬᠠᠷ  ᠲᠦᠮᠡᠨ   ᠤ  ᠬᠠᠭᠠᠨ   ᠳᠤ ᠮᠤᠩᠭᠤᠯ   ᠤᠨ  ᠵᠠᠰᠠᠭ  ᠪᠠᠷᠢᠭᠴᠢ ᠬᠡᠷᠡᠭ  ᠡᠷᠬᠢᠯᠡᠭᠴᠢ   ᠶᠢᠨ   ᠭᠡᠰᠢᠭᠦᠨ   ᠢᠶᠠᠷ  ᠰᠤᠩᠭᠤᠭᠳᠠᠨ  ᠂  ᠨᠢᠭᠡ  ᠦᠶ᠎ᠡ  ᠯᠢᠶᠤᠤ   ᠳ᠋ᠦᠩ  ᠤᠷᠤᠨ   ᠢ  ᠲᠤᠩᠰᠤᠯᠭᠠᠵᠠᠢ  ᠃    ᠲᠦᠷᠪᠡᠨ ᠬᠦᠪᠡᠭᠦᠨ ᠲᠠᠢ  ᠄  ᠤᠤᠭᠠᠨ  ᠬᠦᠪᠡᠭᠦᠨ ᠪᠤᠶᠠᠨᠳᠦ  ᠪᠠᠰᠠ ᠪᠠᠶᠠᠨᠬᠦᠦ  ᠭᠡᠳᠡᠭ  ᠂   ᠲᠡᠳ᠋  ᠬᠦᠪᠡᠭᠦᠨ ᠪᠤᠶᠠᠨᠪᠠᠭᠠᠳᠤᠷ  ᠂ ᠭᠤᠳᠠᠭᠠᠷ  ᠬᠦᠪᠡᠭᠦᠨ  ᠪᠦᠬᠡ  ᠂ ᠤᠳᠬᠤᠨ  ᠬᠦᠪᠡᠭᠦᠨ᠂ ᠵᠤᠷᠢᠭᠳᠦ  ᠪᠤᠯᠤᠨ᠎ᠠ  ᠃ ᠬᠤᠶᠠᠷ  ᠄  ᠴᠢᠷᠡᠭ  ᠲᠠᠶᠢᠨ   ᠤ  ᠠᠵᠢᠯᠠᠯᠭ᠎ᠠ ︿︿ᠸᠠᠨ  ᠯᠢ   ᠶᠢᠨ  ᠴᠢᠷᠡᠭ   ᠤᠨ  ᠵᠢᠳᠬᠦᠯᠳᠡᠨ   ᠤ  ᠲᠡᠮᠳᠡᠭᠡᠯᠡᠯ  ﹀﹀   ᠤᠨ  ᠠᠷᠪᠠᠨ ᠬᠤᠶᠠᠳᠤᠭᠠᠷ  ᠪᠤᠳᠢ ︿︿ᠰᠤᠪᠬᠠᠢ   ᠶᠢᠨ  ᠱᠠᠰᠳᠢᠷ  ﹀﹀ ᠲᠤ  ᠲᠡᠭᠦᠨ   ᠤ ᠨᠢᠭᠡ  ᠨᠠᠰᠤᠨ   ᠤ  ᠪᠠᠶᠢᠯᠳᠤᠨ   ᠲᠡᠶᠢᠯᠠᠭᠰᠠᠨ  ᠲᠡᠦᠬᠡ   ᠶᠢ  ᠨᠠᠷᠢᠨ  ᠨᠢᠭᠳᠠ  ᠲᠡᠮᠳᠡᠭᠡᠯᠡᠵᠠᠢ  ᠃  ᠠᠳᠡ  ᠰᠤᠩᠭᠤᠨ   ᠲᠡᠮᠳᠡᠭᠡᠯᠡᠬᠦ   ᠨᠢ  ᠄ ︿︿ᠰᠤᠪᠬᠠᠢ  ᠰᠠᠭᠤᠷᠢᠨ   ᠢ  ᠵᠠᠯᠭᠠᠮᠵᠢᠯᠭᠰᠠᠨ   ᠤ  ᠲᠠᠷᠠᠭ᠎ᠠ  ᠰᠦᠷ ᠬᠦᠴᠦᠨ ᠨᠢ  ᠤᠯᠠᠮ  ᠪᠠᠳᠠᠷᠠᠵᠦ  ᠂ ᠮᠤᠩᠭᠤᠯ  ᠮᠤᠷᠢᠳᠠᠨ   ᠢ  ᠲᠠᠶᠢᠴᠢᠯᠠᠨ  ᠬᠠᠢ  ᠴᠧᠩ᠂  ᠭᠠᠢ  ᠰᠢᠶᠠ  ᠂ ᠺᠠᠢ ᠶᠤᠸᠠᠨ  ᠂ ᠮᠦᠭᠳᠡᠨ  ᠂  ᠯᠢᠶᠤᠤᠶᠠᠩ  ᠵᠡᠷᠭᠡ   ᠤᠷᠤᠨ   ᠳᠤ  ᠬᠦᠮᠦᠨ  ᠦᠭᠡᠢ ᠭᠠᠵᠠᠷ  ᠶᠠᠪᠤᠬᠤ ᠮᠡᠳᠦ  ᠲᠠᠭᠠᠷᠢᠨ  ᠲᠤᠪᠳᠤᠯᠠᠵᠠᠢ᠃ ᠵᠢᠶᠠ  ᠵᠢᠩ   ᠤᠨ  ᠲᠦᠴᠢᠨ  ᠲᠦᠷᠪᠡᠨ  ᠤᠨ   ᠤ  ︵1565︶ ᠶᠢᠰᠦᠨ ᠰᠠᠷ᠎ᠠ   ᠳᠤ   ᠨᠠᠢᠮᠠᠨ  ᠮᠢᠩᠭᠠᠨ  ᠮᠤᠷᠢᠳᠠᠨ   ᠢ  ᠲᠠᠭᠠᠭᠤᠯᠤᠨ  ᠵᠧᠨ ᠠᠨ   ᠠᠴᠠ  ᠭᠠᠷᠴᠦ  ᠂  ᠭᠤᠸᠠᠩ  ᠨᠢᠩ  ᠬᠤᠳᠠᠨ   ᠳᠤ  ᠲᠦᠷᠢᠮᠬᠡᠶᠢᠯᠡᠨ  ᠤᠷᠦᠵᠦ  ᠂ ᠵᠡᠭᠦᠨᠰᠢ  ᠴᠢᠩ  ᠶᠦᠨ ᠲᠠᠢ ᠶᠢ  ᠲᠠᠭᠠᠷᠢᠵᠦ  ᠬᠦᠮᠦᠨ  ᠠᠳᠦᠭᠤᠰᠦᠨ  ᠤᠯᠵᠠᠯᠠᠵᠦ  ᠡᠭᠡᠪᠡ  ᠃ ᠠᠷᠪᠠᠨ ᠰᠠᠷ᠎ᠠ   ᠳᠤ  ᠢ  ᠵᠧᠦ ᠠᠴᠠ  ᠸᠠᠩ  ᠬᠠᠨ  ᠲᠦᠨ   ᠳᠤ  ᠤᠷᠤᠵᠦ  ᠂  ᠮᠢᠩ  ᠤᠯᠤᠰ   ᠤᠨ  ᠡᠤ   ᠯᠤᠸᠠᠨ  ᠵᠡᠷᠭᠡ ᠠᠯᠪᠠᠨ  ᠴᠢᠷᠡᠭ   ᠲᠠᠯᠠᠭᠠᠳ  ᠬᠦᠮᠦᠨ   ᠢ  ᠰᠦᠨᠦᠭᠡᠵᠦ  ᠂ ᠬᠤᠶᠠᠷ ᠵᠠᠭᠤ  ᠭᠠᠷᠤᠢ   ᠶᠢ   ᠰᠢᠷᠠᠭᠳᠤᠭᠤᠯᠵᠠᠢ  ᠃   ᠠᠷᠪᠠᠨ  ᠨᠢᠭᠡᠳᠦᠭᠡᠷ  ᠰᠠᠷ᠎ᠠ   ᠳᠤ  ᠶᠢᠰᠦᠨ  ᠮᠢᠩᠭᠠᠨ  ᠮᠤᠷᠢᠳᠠᠨ   ᠢ  ᠲᠠᠭᠠᠭᠤᠯᠵᠦ  ᠫᠢᠡᠭ  ᠯᠤ᠋  ᠪᠤᠦ   ᠠᠴᠠ   ᠮᠦᠭᠳᠡᠨ   ᠳᠤ  ᠤᠷᠤᠵᠤ  ᠂  ᠤᠳᠠᠯ  ᠦᠭᠡᠢ ᠲᠦᠮᠡ  ᠢᠯᠡᠭᠦᠤ  ᠮᠤᠷᠢᠳᠠᠨ   ᠢ  ᠲᠠᠭᠠᠭᠤᠯᠤᠨ  ᠮᠦᠭᠳᠡᠨ   ᠠᠴᠠ  ᠴᠠᠩ    ᠱᠧᠡᠭ  ᠪᠤᠦ   ᠳᠤ  ᠤᠷᠤᠵᠠᠢ  ᠃ᠲᠦᠴᠢᠨ  ᠲᠠᠪᠤᠨ  ︵1566︶ ᠤᠨ   ᠤ  ᠴᠠᠭᠠᠨ  ᠰᠠᠷ᠎ᠠ   ᠳᠤ   ᠴᠠᠩ  ᠱᠧᠩ  ᠪᠤᠦ   ᠳᠤ  ᠲᠠᠬᠢᠨᠳᠠ  ᠤᠷᠤᠵᠦ  ᠂  ᠲᠦᠷᠪᠡᠨ ᠰᠠᠷ᠎ᠠ   ᠳᠤ ᠵᠧᠨ  ᠡᠦ  ᠪᠤᠤ  ᠤᠷᠴᠢᠮ   ᠨᠠᠢᠮᠠᠨ  ᠮᠢᠩᠭᠠᠨ ᠮᠤᠷᠢᠳᠦ ᠴᠢᠷᠡᠭ  ᠪᠦᠭᠭᠦᠭᠦᠯᠵᠦ  ᠂  ᠨᠢᠭᠡ   ᠰᠠᠯᠠᠭ᠎ᠠ  ᠴᠢᠷᠡᠭ   ᠢᠶᠠᠷ  ᠵᠧᠨ  ᠡᠦ  ᠪᠣᠦ  ᠨᠢᠭᠤᠴᠠ   ᠪᠠᠷ   ᠴᠤᠬᠢᠵᠦ  ᠂  ᠨᠢᠭᠡ  ᠵᠠᠮ   ᠤᠨ  ᠴᠢᠷᠡᠭ   ᠢᠶᠠᠷ  ᠰᠢᠩ  ᠪᠠᠢ  ᠬᠡᠦ  ᠵᠡᠷᠭᠡ   ᠠᠷᠪᠠᠨ  ᠨᠢᠭᠡᠨ  ᠰᠠᠭᠤᠷᠢ  ᠮᠠᠨᠳᠠᠯ   ᠢ  ᠲᠠᠭᠠᠷᠢᠵᠦ᠂ ᠮᠢᠩ   ᠤᠨ  ᠴᠢᠷᠡᠭ   ᠢ  ᠲᠦᠴᠢᠭᠡᠳ  ᠰᠦᠨᠦᠭᠡᠵᠠᠢ  ᠃  ᠲᠠᠷᠠᠭᠠᠪᠡᠷ ᠵᠧᠨ  ᠡᠦ   ᠶᠢᠨ  ᠪᠠᠷᠠᠭᠤᠨ  ᠡᠮᠦᠨ᠎ᠡ    ᠠᠴᠠ ᠭᠤᠸᠠᠩ ᠨᠢᠩ ᠤᠨ ᠵᠡᠭᠦᠨ  ᠡᠮᠦᠨ᠎ᠡ  ᠤᠷᠤᠵᠤ  ᠲᠦᠮᠡᠨ  ᠮᠤᠷᠢᠳᠠᠨ   ᠢᠶᠠᠷ  ᠴᠢᠶᠠᠩ  ᠯᠢᠩ   ᠳᠤ  ᠤᠷᠤᠵᠤ  ᠂ ᠲᠠᠶᠢᠰᠦᠨ   ᠢ   ᠦᠳᠦᠭᠡᠨ  ᠮᠢᠩ   ᠤᠨ  ᠪᠧᠢ ᠢᠦᠢ   ᠲᠦᠰᠢᠮᠡᠯ  ᠭᠧᠦ ᠯᠢᠨ   ᠢᠶᠠᠷ  ᠬᠡᠳᠦᠷᠬᠡᠶᠢᠮᠡᠯᠡᠨ   ᠨᠡᠬᠡᠭᠦᠯᠵᠦ  ᠂   ᠭᠧᠦ  ᠯᠢᠨ ᠵᠡᠷᠭᠡ   ᠮᠢᠩ   ᠤᠨ  ᠴᠢᠷᠡᠭ   ᠢ  ᠭᠤᠷᠪᠠᠨ  ᠵᠠᠭᠤᠭᠠᠳ  ᠠᠯᠠᠵᠦ  ᠂ ᠲᠦᠷᠪᠠ  ᠲᠠᠪᠤᠨ ᠵᠠᠭᠤ  ᠭᠠᠷᠤᠢ    ᠬᠦᠯᠦᠭ ᠮᠤᠷᠢᠨ   ᠢ  ᠤᠯᠵᠠᠯᠠᠵᠠᠢ᠃ ᠲᠦᠴᠢᠨ   ᠵᠢᠷᠭᠤᠭᠠᠨ  ᠤᠨ  ︵1567︶  ᠤᠨ   ᠤ  ᠴᠠᠭᠠᠨ  ᠰᠠᠷ᠎ᠠ   ᠳᠤ  ᠬᠤᠶᠠᠷ  ᠮᠢᠩᠭᠠᠨ  ᠮᠤᠷᠢᠳᠠᠨ   ᠢᠶᠠᠷ  ᠴᠠᠩ ᠵᠢᠩ  ᠪᠤᠦ   ᠠᠴᠠ  ᠠᠨ   ᠱᠠᠨ   ᠳᠤ  ᠤᠷᠤᠵᠦ  ᠂  ᠭᠤᠷᠪᠠᠨ ᠰᠠᠷ᠎ᠠ   ᠳᠤ   ᠮᠢᠩᠭᠠᠳ  ᠮᠦᠷᠢᠳᠠᠨ   ᠢᠶᠠᠷ  ᠴᠠᠩ  ᠳ᠋ᠢᠩ  ᠪᠤᠦ   ᠠᠴᠠ  ᠶᠢᠩ   ᠲᠠᠢ   ᠶᠢ ᠲᠠᠭᠠᠷᠢᠵᠦ  ᠂  ᠮᠢᠩ  ᠤᠯᠤᠰ   ᠤᠨ   ᠪᠧᠢ  ᠢᠦᠢ   ᠲᠦᠰᠢᠮᠡᠯ  ᠸᠠᠩ  ᠴᠧᠩ  ᠳ᠋ᠧ   ᠶᠢ ᠲᠠᠶᠢᠳᠦᠨ   ᠦᠬᠦᠭᠦᠯᠪᠡ᠃   ᠲᠤᠰ  ᠤᠨ   ᠤ   ᠴᠠᠭᠠᠨ ᠰᠠᠷ᠎ᠠ   ᠳᠤ  ᠴᠠᠩ  ᠶᠠ  ᠳᠦᠨ   ᠲᠤᠷ  ᠤᠷᠤᠵᠤ  ᠂ ᠲᠠᠶᠢᠰᠦᠨ   ᠳᠤ  ᠨᠡᠬᠡᠭᠳᠡᠨ  ᠨᠢᠭᠡ  ᠬᠦᠮᠦᠨ  ᠬᠤᠶᠠᠷ  ᠮᠤᠷᠢ  ᠰᠦᠢᠳᠴᠠᠢ  ᠃   ᠤᠳᠠᠯ  ᠦᠭᠡᠢ   ᠰᠦᠩ  ᠱᠤ᠋  ᠺᠧᠦ ᠠᠴᠠ  ᠰᠢᠶᠤᠤ  ᠭᠧᠦ  ᠱᠠᠨ   ᠳᠤ  ᠮᠢᠩ   ᠤᠨ   ᠬᠠᠵᠠᠭᠤ   ᠶᠢᠨ  ᠵᠠᠩᠵᠣᠨ   ᠸᠠᠩ  ᠱᠢ  ᠯᠤ᠋  ᠨᠠᠷ   ᠤᠨ  ᠬᠠᠳᠠᠭᠤ  ᠡᠰᠡᠷᠭᠦᠴᠡᠯ   ᠳᠤ  ᠲᠤᠯᠭᠠᠷᠠᠨ  ᠬᠤᠶᠠᠷ  ᠬᠦᠮᠦᠨ   ᠢᠶᠠᠨ  ᠦᠷᠡᠭᠳᠡᠭᠦᠯᠵᠠᠢ  ᠃ ᠲᠠᠪᠤᠨ ᠰᠠᠷ᠎ᠠ   ᠳᠤ ᠠᠨ  ᠱᠠᠨ   ᠠᠴᠠ  ᠾᠦᠨ  ᠾᠧ   ᠳᠤ  ᠤᠷᠤᠵᠦ  ᠲᠦᠷᠪᠡᠨ  ᠬᠦᠮᠦᠨ   ᠢᠶᠠᠨ ᠠᠯᠠᠭᠤᠯᠠᠵᠠᠢ᠃  ᠭᠡᠬᠦ   ᠳᠤ ᠲᠠᠶᠢᠰᠦᠨ   ᠤ  ᠴᠢᠶᠠᠨ  ᠪᠠ  ᠽᠦᠩ  ᠲᠦᠰᠢᠮᠡᠯ ᠸᠠᠩ  ᠰᠢ  ᠵᠦᠩ  ᠂ ᠰᠦᠨ  ᠶᠠᠨ  ᠴᠢᠩ   ᠵᠡᠷᠭᠡ  ᠲᠦᠴᠢᠨ  ᠲᠦᠷᠪᠡᠨ  ᠬᠦᠮᠦᠨ  ᠦᠬᠦᠵᠦ᠂  ᠶᠢᠷᠡᠨ  ᠬᠤᠶᠠᠷ  ᠬᠦᠮᠦᠨ  ᠰᠢᠷᠠᠭᠳᠤᠨ᠂  ᠨᠠᠶᠠᠨ  ᠬᠤᠶᠠᠷ  ᠮᠤᠷᠢ  ᠰᠦᠢᠳᠴᠠᠢ  ᠃  ᠵᠢᠷᠭᠤᠭᠠᠨ  ᠰᠠᠷ᠎ᠠ   ᠳᠤ  ᠵᠧᠨ  ᠵᠢᠩ ᠪᠤᠦ   ᠳᠤ   ᠤᠷᠤᠭᠠᠳ   ᠴᠧᠨ  ᠶᠠᠨ  ᠬᠢᠭᠡᠳ  ᠮᠢᠩᠭᠠᠨ  ᠡᠷᠦᠬᠡ   ᠶᠢᠨ  ᠲᠠᠷᠤᠭ᠎ᠠ ᠵᠣᠣ ᠱᠧᠨ  ᠂ ᠵᠧᠦ  ᡁᠢ  ᠸᠠᠩ  ᠨᠠᠷ  ᠵᠡᠭᠦᠨ ᠴᠠᠩ ᠯᠢᠩ  ᠬᠦᠷᠳᠡᠯ᠎ᠡ   ᠨᠡᠬᠡᠭᠰᠡᠨ   ᠳᠤ ᠭᠤᠴᠢᠨ   ᠭᠤᠷᠪᠠᠨ    ᠮᠢᠩ   ᠤᠨ  ᠴᠢᠷᠡᠭ    ᠂   ᠲᠠᠯᠠᠨ  ᠵᠢᠷᠭᠤᠭᠠᠨ  ᠮᠤᠷᠢ   ᠶᠢ   ᠨᠢ  ᠠᠯᠠᠵᠠᠢ  ᠃   1570 ᠣᠨ   ᠳᠤ  ᠰᠤᠪᠬᠠᠢ  ᠂  ᠤᠶᠢᠵᠠᠩ  ᠂   ᠲᠠᠶᠢᠴᠢᠨ    ᠨᠠᠷ  ᠶᠠᠩ  ᠴᠠᠩ ᠾᠧ ᠭᠤᠤᠯ ᠳᠤ  ᠴᠢᠷᠭ ᠨᠡᠶᠢᠯᠡᠭᠦᠯᠡᠨ  ᠲᠦᠮᠡᠨ  ᠵᠠᠰᠠᠭᠳᠦ   ᠢ   ᠲᠠᠭᠠᠷᠢᠬᠤ   ᠭᠡᠵᠦ  ᠠᠯᠳᠠᠷᠰᠢᠭᠤᠯᠠᠨ  ᠾᠧ  ᠳ᠋ᠦᠩ  ᠂ ᠯᠢᠶᠤᠤ  ᠶᠠᠩ  ᠶᠢ  ᠴᠤᠬᠢᠬᠤ   ᠪᠠᠷ  ᠲᠦᠯᠦᠪᠡᠯᠠᠵᠠᠢ᠃  ᠡᠭᠦᠨ  ᠢ  ᠮᠢᠩ   ᠤᠨ  ᠲᠠᠯ᠎ᠠ   ᠶᠢᠨ  ᠬᠢᠨᠢ  ᠰᠡᠷᠡᠨ  ᠮᠡᠳᠡᠵᠦ ᠲᠡᠳ᠋ ᠽᠦᠩ  ᠷᠦᠩ  ᠲᠦᠰᠢᠮᠡᠯ ᠵᠤᠤ  ᠸᠠᠨ   ᠨᠠᠷ ᠯᠢᠶᠤᠤ  ᠶᠠᠩ   ᠶᠢ  ᠂ ᠽᠠᠨ  ᠵᠢᠶᠦ᠋ᠨ  ᠲᠦᠰᠢᠮᠡᠯ  ᠭᠦᠸᠧ  ᠴᠧᠩ  ᠡᠧᠨ   ᠵᠡᠷᠭᠡ   ᠪᠠᠷ ᠾᠧᠦ  ᠫᠢ  ᠽᠧ   ᠶᠢ    ᠂ ᠪᠧᠢ  ᠢᠦᠢ   ᠲᠦᠰᠢᠮᠡᠯ   ᠵᠡᠷᠭᠡ ᠠᠨᠳᠠᠢ   ᠪᠠᠷ   ᠹᠧᠩ ᠵᠢᠢ  ᠪᠤᠦ   ᠶᠢ  ᠂ ᠫᠧᠢ  ᠴᠧᠩ  ᠽᠦ   ᠨᠠᠷ   ᠢᠶᠠᠷ  ᠪᠤᠦ ᠵᠢᠶᠠ ᠲᠦᠨ  ᠂ ᠾᠧ   ᠸᠠᠨ   ᠢᠶᠠᠷ  ᠫᠢᠩ  ᠯᠦ  ᠪᠤᠦ   ᠶᠢ   ᠲᠤᠰ  ᠲᠤᠰ    ᠰᠠᠬᠢᠭᠤᠯᠤᠨ  ᠲᠡᠮᠦᠷ  ᠬᠦᠷᠢᠶ᠎ᠡ ᠮᠡᠳᠦ   ᠪᠤᠯᠵᠠᠢ᠃  ᠲᠠᠷᠡ  ᠲᠤᠬᠠᠢ  ᠰᠤᠪᠬᠠᠢ   ᠶᠢᠨ  ᠮᠠᠢ  ᠵᠢᠦ ᠸᠠᠩ  ᠲᠠᠪᠠᠭ᠎ᠠ   ᠪᠠᠷ    ᠪᠠᠭᠤᠵᠦ  ᠢᠷᠡᠬᠦ   ᠳᠡᠭᠡᠨ  ᠮᠢᠩ   ᠤᠨ  ᠴᠢᠷᠡᠭ   ᠲᠤ  ᠬᠤᠮᠤᠷᠭᠠᠯᠠᠭᠳᠠᠨ  ᠴᠤᠬᠢᠭᠳᠠᠵᠦ  ᠠᠶᠢᠮᠠᠭ   ᠤᠨ  ᠠᠬᠠᠯᠠᠭᠴᠢ  ᠪᠠᠷᠰᠳᠠᠢ  ᠵᠡᠷᠭᠡ  ᠬᠦᠮᠦᠨ  ᠠᠯᠭᠳᠠᠵᠤ  ᠂ ᠲᠠᠪᠤᠨ  ᠵᠠᠭᠤᠨ  ᠨᠠᠶᠠᠨ  ᠬᠦᠮᠦᠨ  ᠬᠤᠬᠢᠷᠠᠵᠠᠢ  ᠃ 1571   ᠤᠨ   ᠳᠤ ᠰᠤᠪᠬᠠᠢ  ᠂  ᠲᠠᠶᠢᠴᠢᠩ  ᠨᠠᠷ  ᠭᠤᠤᠯ   ᠤᠨ  ᠬᠦᠪᠡᠭᠡ   ᠪᠠᠷ  ᠪᠠᠷᠳᠠᠭ᠎ᠠ  ᠪᠤᠯᠭᠠᠨ ᠴᠢᠷᠡᠭ  ᠪᠠᠭᠤᠵᠠᠢ  ᠃  ᠲᠤᠬᠠᠢ   ᠶᠢᠨ  ᠦᠶ᠎ᠡ   ᠳᠤ  ᠠᠶᠢᠮᠠᠭ   ᠤᠨ  ᠠᠬᠠᠯᠠᠭᠴᠢ  ᠲᠤᠩᠰᠤᠯᠭᠠᠭᠴᠢ  ᠂ ᠱᠢᠩᠭᠡᠨᠲᠠᠭᠤᠳᠦ  ᠨᠠᠷ ᠽᠠᠨ  ᠶᠠᠩ  ᠭᠧᠦ  ᠂ ᠴᠢᠩ  ᠾᠧ  ᠤᠷᠴᠢᠮ   ᠢᠶᠠᠷ  ᠴᠢᠷᠡᠭ  ᠬᠤᠷᠠᠭᠤᠯᠠᠨ  ᠮᠢᠩ   ᠤᠨ  ᠬᠢᠯᠢ   ᠶᠢ   ᠲᠤᠪᠳᠤᠯᠠᠬᠤ   ᠪᠠᠷ  ᠪᠡᠯᠡᠳᠬᠡᠵᠠᠢ  ᠃ ᠲᠡᠷᠡ ᠲᠤᠬᠠᠢ ᠰᠤᠪᠬᠠᠢ   ᠵᠠᠭᠤᠭᠠᠳ ᠮᠤᠷᠢᠳᠠᠨ   ᠢ  ᠲᠠᠭᠠᠭᠤᠯᠵᠤ  ᠴᠠᠩ  ᠱᠧᠩ  ᠪᠤᠦ  ᠵᠠᠷᠭᠡ  ᠭᠠᠵᠡᠷ   ᠲᠤ  ᠤᠷᠤᠵᠤ  ᠮᠢᠩ   ᠤᠨ  ᠶᠡᠭᠡ  ᠵᠠᠩᠵᠤᠨ   ᠴᠦ  ᠯᠢᠶᠠᠨ  ᠬᠤᠸᠠ   ᠭᠦᠸᠧ   ᠳᠤ   ᠢᠯᠠᠭᠳᠠᠵᠦ  ᠲᠦᠴᠢᠭᠡᠳ  ᠬᠦᠮᠦᠨ   ᠬᠤᠷᠤᠭᠳᠠᠵᠠᠢ  ᠃  ᠭᠡᠬᠦ   ᠳᠤ  ᠮᠢᠩ   ᠤᠨ  ᠴᠢᠷᠡᠭ   ᠢ  ᠪᠠᠰᠠ  ᠠᠷᠪᠠᠨ  ᠨᠠᠶᠢᠮᠠᠨ  ᠬᠦᠮᠦᠨ   ᠢ  ᠰᠢᠷᠠᠭᠳᠠᠭᠤᠯᠤᠭᠰᠠᠨ    ᠪᠠᠶᠢᠨ᠎ᠠ᠃    ᠨᠠᠢᠮᠠ  ᠶᠢᠰᠦᠨ ᠡᠳᠦᠷ   ᠤᠨ  ᠲᠠᠷᠠᠭ᠎ᠠ  ᠰᠤᠪᠬᠠᠢ   ᠶᠢᠨ  ᠲᠠᠪᠤ  ᠵᠢᠷᠭᠤᠭᠠᠨ  ᠵᠠᠭᠤᠨ  ᠴᠢᠷᠡᠭ   ᠴᠢᠩ  ᠠᠨ  ᠺᠧᠦ  ᠠᠮᠠ   ᠪᠠᠷ  ᠤᠷᠤᠭᠠᠳ  ᠮᠢᠩ   ᠤᠨ  ᠴᠢᠷᠡᠭ   ᠲᠤ  ᠨᠡᠭᠡᠭᠳᠡᠨ  ᠲᠤᠩᠰᠤᠯᠭᠠᠭᠴᠢ  ᠵᠡᠷᠭᠡ   ᠨᠢᠭᠡ  ᠵᠠᠭᠤ  ᠲᠡᠪᠢᠨ  ᠨᠢᠭᠡᠨ  ᠬᠦᠮᠦᠨ  ᠂ ᠵᠠᠭᠤ ᠬᠤᠷᠢᠨ  ᠵᠢᠷᠭᠤᠭᠠᠨ  ᠮᠤᠷᠢ ᠬᠤᠬᠢᠷᠡᠪᠠ  ᠃  ᠬᠠᠷᠢᠨ  ᠮᠢᠩ ᠤᠨ   ᠲᠠᠯ᠎ᠠ ᠠᠴᠠ  ᠭᠤᠷᠪᠠᠨ  ᠬᠦᠮᠦᠨ  ᠂ ᠭᠤᠴᠢᠨ  ᠲᠠᠪᠤᠨ  ᠮᠤᠷᠢ    ᠯᠡ   ᠬᠤᠷᠤᠭᠳᠠᠵᠤ  ᠂ ᠵᠠᠭᠤ  ᠢᠯᠡᠭᠦᠦ  ᠬᠦᠮᠦᠨ   ᠢ   ᠰᠢᠷᠠᠭᠳᠤᠵᠠᠢ  ᠃1572 ᠤᠨ   ᠳᠤ   ᠴᠠᠩ  ᠱᠧᠩ  ᠪᠤᠤ   ᠳᠤ  ᠢᠯᠠᠭᠳᠠᠭᠠᠳ   ᠶᠠᠳᠠᠷ  ᠲᠤᠷᠤᠢ   ᠬᠦᠯᠦᠭ  ᠮᠤᠷᠢ   ᠪᠠᠨ  ᠲᠡᠩᠬᠡᠷᠡᠭᠦᠯᠬᠦ ᠭᠡᠵᠦ  ᠭᠤᠸᠠᠩ  ᠨᠢᠩ   ᠤᠨ  ᠬᠤᠶᠢᠳᠦ  ᠪᠡᠶ᠎ᠡ   ᠳᠤ  ᠪᠠᠭᠤᠳᠠᠯᠠᠯᠵᠦ  ᠪᠠᠶᠢᠭᠠᠳ  ᠮᠢᠩ   ᠤᠨ  ᠵᠠᠩᠵᠤᠨ  ᠯᠢ  ᠴᠧᠩ  ᠯᠢᠶᠠᠩ   ᠳᠤ  ᠰᠡᠷᠡᠭᠳᠡᠨ  ᠲᠠᠭᠠᠷᠢᠭᠳᠠᠵᠠᠢ  ᠃ ᠮᠢᠩ   ᠤᠨ  ᠽᠠᠩ  ᠲᠧᠦ  ᠵᠢᠶᠦ᠋ᠨ  ᠮᠧᠩ  ᠳ᠋ᠠ  ᠽᠢ  ᠂  ᠯᠢᠦ  ᠳ᠋ᠠ  ᠼᠢ  ᠨᠠᠷ  ᠵᠧᠨ  ᠠᠨ  ᠪᠤᠦ ᠪᠠᠷ  ᠭᠠᠷᠴᠦ  ᠰᠤᠪᠬᠠᠢ   ᠶᠢ ᠬᠡᠨᠡᠳᠡᠭᠦᠯᠦᠨ  ᠲᠠᠭᠠᠷᠢᠵᠠᠢ  ᠃ ᠲᠠᠳᠡᠨ   ᠤ  ᠵᠦᠪᠯᠡᠬᠦ  ᠵᠠᠩᠵᠤᠨ  ᠾᠧᠢ  ᠶᠦᠨ  ᠯᠦᠩ  ᠲᠤᠮᠳᠠ  ᠵᠠᠮ   ᠢᠶᠠᠷ  ᠂ ᠪᠧᠢ  ᠢᠦᠢ   ᠲᠦᠰᠢᠮᠡᠯ  ᠳ᠋ᠠᠢ  ᠭᠤᠸᠠᠨ   ᠪᠠᠷᠠᠭᠤᠨ  ᠲᠠᠯ᠎ᠠ   ᠪᠠᠷ  ᠂ ᠴᠢᠷᠡᠭ   ᠤᠨ  ᠡᠷᠭᠦᠭᠰᠡᠳ  ᠯᠢᠩ  ᠶᠦᠨ  ᠵᠡᠭᠦᠨ  ᠰᠦᠪᠡᠭᠡ   ᠶᠢ   ᠨᠢ  ᠲᠤᠰ  ᠲᠤᠰ   ᠲᠠᠭᠠᠷᠢᠵᠠᠢ  ᠃  ᠶᠢᠦ  ᠵᠢᠢ  ᠲᠦᠰᠢᠮᠡᠯ ᠹᠦ᠋  ᠶᠠᠨ  ᠱᠦᠨ  ᠂  ᠵᠦᠩ  ᠵᠢᠶᠦ᠋ᠨ ᠲᠦᠰᠢᠮᠡᠯ  ᠰᠤ᠋  ᠴᠧᠩ ᠱᠦᠨ  ᠪᠠᠶᠢᠯᠳᠣᠭᠠᠨ   ᠤ  ᠲᠡᠷᠭᠡ   ᠶᠢ   ᠬᠠᠮᠢᠶᠠᠷᠴᠠᠢ  ᠃   ᠲᠡᠭᠡᠭᠡᠳ  ᠮᠢᠩ   ᠤᠨ  ᠬᠤᠯᠠᠭᠠᠢ  ᠨᠠᠷ  ᠲᠤᠰ ᠤᠨ   ᠤ ᠴᠠᠭᠠᠨ ᠰᠠᠷ᠎ᠠ   ᠠᠴᠠ  ᠭᠤᠷᠪᠠᠨ  ᠰᠠᠷ᠎ᠠ ᠶᠢᠨ  ᠬᠤᠭᠤᠷᠤᠨᠳᠦ  ᠰᠤᠪᠬᠠᠢ   ᠶᠢᠨ  ᠴᠢᠷᠡᠭ   ᠢ  ᠲᠠᠰᠤᠷᠠᠯᠳᠠ ᠦᠭᠡᠢ  ᠲᠠᠭᠠᠷᠢᠵᠠᠢ  ᠃ ᠰᠤᠪᠬᠠᠢ ᠠᠷᠭ᠎ᠠ ᠦᠭᠡᠶᠢᠳᠡᠨ  ᠬᠦᠨ ᠠᠭᠤᠯᠠᠨ   ᠳᠤ  ᠰᠢᠷᠭᠤᠬᠤ   ᠳᠠᠭᠠᠨ  ᠮᠢᠩ   ᠤᠨ  ᠴᠢᠷᠡᠭ   ᠲᠤ  ᠨᠡᠭᠡᠭᠳᠡᠨ  ᠵᠢᠷᠭᠤᠭᠠᠨ ᠬᠦᠮᠦᠨ  ᠂ ᠬᠤᠶᠠᠷ  ᠵᠠᠭᠤ  ᠢᠯᠡᠭᠦᠦ   ᠮᠤᠷᠢ  ᠬᠤᠬᠢᠷᠠᠪᠠ  ᠃  ᠬᠠᠷᠢᠨ  ᠮᠢᠩ   ᠤᠨ  ᠴᠢᠷᠡᠭ  ᠵᠦᠪᠬᠡᠨ  ᠬᠤᠶᠠᠷ ᠬᠦᠮᠦᠨ  ᠂ ᠠᠷᠪᠠᠨ ᠮᠤᠷᠢ  ᠯᠡ  ᠰᠢᠷᠠᠭᠳᠤᠵᠠᠢ᠃ ᠸᠠᠨ ᠯᠢ   ᠶᠢᠨ ᠲᠡᠷᠢᠭᠦᠨ ᠤᠨ  ︵1573︶   ᠳᠤ ᠰᠤᠪᠬᠠᠢ ᠲᠡᠶᠧ  ᠯᠢᠩ  ᠂ ᠮᠦᠭᠳᠡᠨ  ᠵᠡᠷᠭᠡ ᠭᠠᠵᠠᠷ ᠢ  ᠲᠠᠭᠠᠷᠢᠬᠤ   ᠪᠠᠷ ᠲᠦᠯᠦᠪᠡᠯᠵᠦ᠂ ᠨᠠᠢᠮᠠᠨ  ᠮᠢᠩᠭᠠᠨ ᠮᠤᠷᠢᠳᠠᠨ   ᠢ  ᠠᠭᠤᠯᠠᠨ ᠰᠢᠭᠤᠢ   ᠳᠤ ᠪᠦᠭᠦᠭᠦᠯᠵᠦ  ᠪᠠᠶᠢᠬᠤ  ᠶᠢ  ᠲᠡᠨᠦᠭᠦᠯ  ᠬᠦᠮᠦᠨ  ᠶᠤᠸᠠᠨ  ᠶᠠ  ᠽᠢ   ᠳᠤ   ᠤᠯᠵᠤ  ᠮᠡᠳᠡᠭᠡᠳ  ᠮᠢᠩ   ᠤᠨ  ᠴᠢᠷᠡᠭ   ᠲᠤ   ᠮᠡᠳᠡᠭᠦᠯᠵᠠᠢ᠃  ᠮᠢᠩ   ᠤᠨ  ᠶᠡᠭᠡ  ᠵᠠᠩᠵᠤᠨ  ᠯᠢ  ᠴᠧᠩ ᠯᠢᠶᠠᠩ  ᠫᠧᠩ  ᠵᠢᠶᠠ  ᠸᠠᠨ   ᠳᠤ  ᠲᠤᠪᠳᠤᠯᠠᠨ  ᠬᠦᠷᠴᠦ   ᠰᠠᠬᠢᠬᠤ   ᠶᠢᠨ  ᠬᠠᠮᠳᠦ   ᠨᠠᠷᠢᠨ  ᠪᠠᠶᠢᠷᠠᠭᠤᠯᠯᠤᠯᠳᠠ   ᠶᠢ  ᠬᠢᠵᠠᠢ᠃  ᠮᠢᠩ ᠤᠨ  ᠲᠠᠯ᠎ᠠ   ᠶᠢᠨ  ᠲᠡᠳ᠋  ᠽᠠᠨ  ᠵᠢᠶᠦ᠋ᠨ   ᠲᠦᠰᠢᠮᠡᠯ ᠶᠠᠩ  ᠲᠧᠩ  ᠂  ᠶᠢᠦ   ᠵᠢᠢ  ᠨᠠᠷ   ᠢᠶᠠᠷ  ᠼᠧᠩ  ᡂᠢ  ᠪᠤᠤ   ᠶᠢ    ᠂   ᠵᠦᠪᠯᠡᠬᠦ  ᠵᠠᠩᠵᠤᠨ  ᠽᠤᠤ  ᠹᠦ᠋  ᠫᠢᠩ   ᠢᠶᠠᠷ  ᠳ᠋ᠢᠩ  ᠪᠤᠤ   ᠶᠢ  ᠂  ᠵᠦᠪᠯᠡᠬᠦ  ᠵᠠᠩᠵᠤᠨ  ᠭᠦᠸᠧ  ᠮᠧᠩ  ᠵᠧᠩ  ᠂  ᠪᠧᠢ  ᠢᠦᠢ ᠲᠦᠰᠢᠮᠡᠯ   ᠰᠦ᠋  ᠭᠦᠸᠧ  ᠹᠦ᠋  ᠂ ᠶᠠᠩ  ᠴᠢᠶᠠᠨ  ᠂  ᠾᠧ  ᠸᠠᠨ  ᠨᠠᠷ   ᠨᠢ  ᠵᠧᠨ  ᠰᠢ  ᠪᠤᠤ   ᠶᠢ ᠲᠤᠰ  ᠲᠤᠰ   ᠰᠠᠬᠢᠭᠤᠯᠵᠠᠢ  ᠃  ᠰᠤᠪᠬᠠᠢ   ᠲᠠᠶᠢᠰᠦᠨ ᠨᠢᠭᠡᠨᠳᠡ  ᠪᠡᠯᠳᠬᠡᠭᠰᠡᠨ   ᠢ  ᠦᠵᠡᠭᠡᠳ  ᠲᠦᠷᠭᠡᠯᠡᠨ ᠴᠢᠷᠡᠭ  ᠡᠭᠡᠵᠦ  ᠲᠠᠶᠢᠰᠦᠨ   ᠳᠤ  ᠨᠡᠭᠡᠭᠳᠡᠨ  ᠂   ᠳ᠋ᠢᠶᠤᠤ  ᠪᠧᠢ ᠱᠠᠨ  ᠠᠭᠤᠯᠠᠨ   ᠳᠤ  ᠤᠶᠢᠷᠳᠤᠬᠤ   ᠳᠤ   ᠲᠡᠭᠷᠢ  ᠭᠡᠨᠡᠳᠳᠡ  ᠬᠤᠪᠢᠷᠠᠵᠦ  ᠴᠠᠰᠦ ᠪᠤᠷᠤᠭᠠᠨ  ᠬᠤᠯᠢᠯᠳᠤᠨ   ᠪᠠᠭᠤᠭᠰᠠᠨ   ᠳᠤ     ᠬᠡᠩᠷᠡᠭᠡ  ᠲᠠᠯᠪᠠᠭ᠎ᠠ   ᠪᠠᠨ  ᠤᠷᠬᠢᠵᠦ  ᠠᠭᠤᠯᠠᠨ   ᠳᠤ  ᠰᠢᠷᠭᠤᠬᠤ   ᠳᠠᠭᠠᠨ  ᠲᠠᠪᠢᠨ  ᠲᠤᠯᠤᠭᠠᠨ  ᠬᠦᠮᠦᠨ   ᠢᠶᠠᠨ ᠠᠯᠠᠭᠤᠯᠵᠦ  ᠂ ᠬᠤᠶᠠᠷ ᠵᠠᠭᠤ  ᠲᠠᠯᠠᠨ ᠢᠯᠡᠭᠦᠦ  ᠤᠨᠤᠭ᠎ᠠ ᠬᠦᠯᠦᠭ  ᠵᠢᠴᠢ  ᠨᠡᠯᠢᠶᠡᠳ ᠲᠤᠭᠠᠨ ᠤ ᠵᠠᠷ ᠵᠡᠪᠰᠡᠭ   ᠢᠶᠠᠨ ᠪᠤᠯᠢᠶᠠᠯᠭᠠᠵᠠᠢ  ᠃ ᠸᠠᠨ  ᠯᠢ   ᠶᠢᠨ  ᠬᠤᠶᠠᠷ  ᠤᠨ  ︵1574︶   ᠤ ᠰᠡᠭᠦᠯᠡᠷ  ᠰᠤᠪᠬᠠᠢ ᠶᠢᠨ  ᠴᠢᠷᠡᠭ  ᠢᠯᠠᠭᠳᠠᠬᠤ   ᠨᠢ ᠤᠯᠠᠰᠢᠷᠠᠵᠠᠢ  ᠃ ᠲᠦᠭᠦᠮ ᠪᠦᠷᠢᠳᠬᠡᠯ   ᠢ  ᠦᠨᠳᠦᠰᠦᠯᠡᠪᠡᠯ᠄ ᠸᠠᠨ ᠯᠢ   ᠶᠢᠨ  ᠶᠢᠰᠦᠨ  ᠣᠨ  ︵1581︶  ᠪᠤᠯᠳᠠᠯ᠎ᠠ  ᠶᠢᠰᠦᠨ ᠵᠠᠭᠤᠨ  ᠵᠢᠷᠠᠨ‌ᠢᠯᠡᠭᠦᠦ ᠬᠦᠮᠦᠨ ᠬᠤᠬᠢᠷᠠᠵᠦ᠂ ᠬᠤᠶᠠᠷ   ᠮᠢᠩᠭ᠎ᠠ  ᠭᠠᠷᠤᠢ  ᠬᠦᠮᠦᠨ ᠰᠢᠷᠠᠭᠳᠦᠵᠠᠢ  ᠃ ᠪᠠᠰᠠ ᠭᠤᠤᠯ ᠳᠤ ᠰᠢᠪᠠᠷᠳᠠᠨ  ᠠᠯᠳᠠᠵᠦ ᠲᠠᠪᠤ  ᠵᠢᠷᠭᠤᠭᠠᠨ  ᠮᠢᠩᠭᠠᠨ  ᠬᠦᠮᠦᠨ  ᠦᠷᠡᠭᠳᠡᠵᠦ  ᠂ ᠮᠢᠩᠭ᠎ᠠ  ᠬᠤᠶᠠᠷ  ᠵᠠᠭᠤ  ᠭᠠᠷᠤᠢ ᠠᠭᠳᠠ  ᠮᠤᠷᠢ  ᠂ ᠵᠠᠭᠤ  ᠶᠡᠷᠢᠨ  ᠢᠯᠡᠭᠦᠦ ᠡᠯᠵᠢᠭᠡ᠂ ᠬᠤᠶᠠᠷ ᠵᠠᠭᠤᠨ  ᠲᠦᠴᠢᠨ ᠲᠡᠮᠡᠭᠡ  ᠂ ᠲᠦᠮᠡ  ᠭᠠᠷᠦᠢ  ᠵᠡᠪᠰᠡᠭ   ᠢᠶᠠᠨ ᠠᠯᠳᠠᠵᠠᠢ  ᠃ ᠮᠢᠩ   ᠤᠨ  ᠲᠠᠯ᠎ᠠ   ᠶᠢᠨ  ᠬᠢᠨᠢ  ᠮᠢᠩᠭ᠎ᠠ   ᠲᠠᠪᠤᠨ  ᠵᠠᠭᠤ  ᠭᠠᠷᠦᠢ  ᠬᠦᠮᠦᠨ  ᠦᠬᠦᠵᠦ  ᠰᠢᠷᠠᠭᠳᠤᠵᠤ᠂  ᠲᠤᠯᠤᠭᠠᠨ  ᠵᠠᠭᠤ  ᠢᠯᠡᠭᠦᠦ  ᠮᠤᠷᠢ ᠪᠤᠯᠢᠶᠠᠭᠳᠠᠵᠦ  ᠂ ᠠᠮᠤ  ᠪᠤᠳᠠᠭ᠎ᠠ  ᠬᠤᠶᠠᠷ  ᠮᠢᠩᠭ᠎ᠠ  ᠨᠢᠭᠡ ᠵᠠᠭᠤᠨ ᠳ᠋ᠠᠨ  ᠰᠦᠢᠳᠴᠠᠢ  ᠃ ᠸᠠᠨ  ᠯᠢ   ᠶᠢᠨ ᠠᠷᠪᠠᠳᠤᠭᠠᠷ  ᠤᠨ  ︵1582︶ ᠲᠦᠷᠪᠡᠨ  ᠰᠠᠷ᠎ᠠ   ᠳᠤ  ᠰᠤᠪᠬᠠᠢ  ᠲᠦᠴᠢᠭᠡᠳ  ᠮᠤᠷᠢᠳᠠᠨ   ᠢ  ᠲᠠᠭᠠᠭᠤᠯᠵᠤ ᠳ᠋ᠠᠢ  ᠽᠠᠢ ᠾᠧ ᠤᠯᠤᠮ   ᠢᠶᠠᠷ ᠭᠦᠨᠵᠡᠶᠢᠭᠡᠷᠡᠭᠡᠳ ᠮᠢᠩ   ᠤᠨ  ᠴᠢᠷᠡᠭ   ᠲᠤ ᠨᠡᠬᠡᠭᠳᠡᠵᠠᠢ᠃ ᠤᠳᠠᠯ  ᠦᠭᠡᠢ ᠰᠤᠪᠬᠠᠢ   ᠬᠤᠶᠠᠷ  ᠮᠢᠩᠭ᠎ᠠ  ᠢᠯᠡᠭᠦᠦ  ᠮᠤᠷᠢᠳᠠᠨ  ᠲᠠᠭᠠᠭᠤᠯᠵᠤ  ᠵᠧᠨ ᠢ  ᠪᠤᠤ   ᠳᠤ ᠰᠢᠷᠦᠭᠦᠨ ᠲᠠᠶᠢᠨ ᠪᠤᠯᠵᠤ᠂ ᠲᠤᠰ ᠲᠠᠶᠢᠨ ᠤ ᠲᠤᠮᠳᠠ ᠮᠢᠩ ᠤᠨ  ᠵᠠᠩᠵᠤᠨ  ᠯᠢ  ᠴᠧᠩ ᠯᠢᠶᠡᠩ   ᠤᠨ  ᠵᠦᠪᠯᠡᠬᠦ ᠵᠠᠩᠵᠦᠨ  ᠯᠢ  ᠫᠢᠩ  ᠾᠧᠦ ᠳᠤ  ᠵᠡᠭᠦᠨ ᠰᠦᠪᠡᠭᠡ   ᠨᠢ  ᠬᠠᠷᠪᠤᠭᠳᠠᠨ ᠤᠨᠠᠵᠦ  ᠂ ᠮᠢᠩ ᠤᠨ  ᠽᠠᠩ ᠲᠧᠦ ᠵᠢᠶᠦ᠋ᠨ  ᠯᠢ ᠶᠢᠦ ᠮᠢᠩ ᠳᠤ   ᠲᠡᠷᠢᠭᠦᠨ   ᠢᠶᠠᠨ  ᠤᠭᠳᠤᠯᠤᠭᠤᠯᠵᠠᠢ  ᠃ ᠬᠢᠳᠡᠳ   ᠲᠤ   ᠲᠠᠭᠠᠭᠰᠠᠨ  ᠵᠠᠩᠵᠤᠨ   ᠴᠠᠭᠠᠨ  ᠬᠡᠭᠦᠷ   ᠢ   ᠨᠢ ᠨᠤᠳᠠᠯᠵᠠᠢ  ᠃   ᠲᠡᠭᠦᠨ   ᠤ  ᠲᠡᠷᠢᠭᠦᠨ   ᠨᠢ  ᠳ᠋ᠧᠦ   ᠶᠢᠨ  ᠴᠢᠨᠡᠭᠡ  ᠲᠤᠮᠦ  ᠪᠠᠶᠢᠪᠠ   ᠭᠡᠨᠡᠮ  ᠃  ᠦᠯᠡᠳᠡᠭᠳᠡᠯ  ᠬᠦᠴᠦᠨ ᠨᠢ  ᠢ ᠡᠤ ᠯᠢᠦᠢ  ᠱᠠᠨ   ᠤ  ᠪᠠᠷᠠᠭᠤᠨ ᠰᠠᠯᠪᠤᠷᠢ ᠪᠤᠯᠬᠤ  ᠳ᠋ᠠ ᠴᠢᠩ ᠱᠠᠨ  ᠠᠭᠤᠯᠠᠨ   ᠳᠤ  ᠤᠬᠤᠷᠢᠨ ᠤᠷᠦᠵᠠᠢ  ᠃    ᠬᠦᠷᠭᠡᠨ ᠲᠡᠭᠦᠦ  ᠬᠤᠸᠠ  ᠳ᠋ᠠ ᠬᠡᠭᠦᠷ   ᠢ   ᠨᠢ ᠠᠴᠢᠵᠦ  ᠶᠠᠪᠤᠭᠠᠳ  ᠰᠡᠷᠬᠡ  ᠭᠤᠤᠯ ᠪᠠ  ᠡᠮᠡᠭᠡᠯ   ᠤᠨ  ᠭᠤᠤᠯ   ᠤᠨ  ᠴᠢᠳᠬᠤᠯᠠᠩ   ᠤᠨ  ᠭᠤᠤᠯ   ᠤᠨ  ᠪᠠᠷᠠᠭᠤᠨ ᠡᠷᠭᠢ   ᠶᠢᠨ  ᠲᠠᠮᠤᠬᠤ  ᠤᠯᠤᠮ  ᠭᠡᠬᠦ ᠭᠠᠵᠠᠷ  ᠤᠷᠤᠰᠢᠭᠤᠯᠵᠠᠢ᠃ ᠭᠤᠷᠪᠠ  ᠄  ᠰᠤᠪᠬᠠᠢ   ᠶᠢᠨ    ᠨᠡᠶᠢᠭᠡᠮ   ᠤᠨ   ᠪᠠᠶᠢᠷᠢ  ᠰᠠᠭᠤᠷᠢ   ᠶᠢᠨ   ᠲᠤᠬᠠᠢ ᠰᠤᠪᠬᠠᠢ     ᠨᠢ  ᠪᠠᠭᠠᠷᠢᠨ  ᠠᠶᠢᠮᠠᠭ   ᠤᠨ  ᠠᠭᠯᠠᠭᠴᠢ  ᠪᠢᠰᠢ  ᠃ ᠬᠠᠷᠢᠨ  ᠪᠠᠭᠠᠷᠢᠨ  ︵ᠪᠠᠶᠢᠷᠢᠨ︶ ᠣᠳᠤᠭ   ᠤᠨ   ᠠᠬᠠᠯᠭᠴᠢ  ᠮᠦᠨ  ᠃  ᠰᠤᠪᠬᠠᠢ   ᠶᠢᠨ  ᠠᠮᠢᠳᠦᠷᠠᠵᠦ  ᠬᠦᠳᠡᠯᠭᠡᠭᠡᠨ  ᠬᠢᠵᠦ ᠪᠠᠶᠢᠭᠰᠠᠨ ᠴᠠᠭ  ᠬᠤᠭᠤᠴᠠᠭ᠎ᠠ  ᠪᠤᠯᠪᠠᠯ   ᠤᠮᠠᠷᠠᠳᠦ  ᠶᠤᠸᠠᠨ  ᠤᠯᠤᠰ   ᠤᠨ  ᠲᠦᠮᠡᠨ  ᠵᠠᠰᠠᠭᠳᠦ  ᠬᠠᠭᠠᠨ   ᠤ  ᠦᠶ᠎ᠡ  ᠪᠢᠯᠡ   ᠃   ᠲᠦᠮᠡᠨ  ᠵᠠᠰᠠᠭᠳᠦ   ᠬᠠᠭᠠᠨ  ᠪᠤᠰᠣᠳ   ᠲᠦᠮᠡᠨ   ᠤ  ᠡᠯ᠎ᠡ  ᠶᠡᠭᠡ  ᠡᠵᠡᠮᠰᠢᠯ   ᠤᠨ  ᠭᠠᠵᠠᠷ   ᠲᠤ  ᠪᠦᠷ  ᠵᠠᠰᠠᠭ  ᠪᠠᠷᠢᠭᠴᠢ  ᠸᠠᠩ  ᠭᠦᠩ  ᠲᠠᠯᠪᠢᠵᠠᠢ  ᠃   ᠲᠡᠳᠡᠭᠡᠷ  ᠵᠠᠰᠠᠭ  ᠪᠠᠷᠢᠭᠴᠢ  ᠸᠠᠩ  ᠭᠦᠩ   ᠨᠢ  ᠪᠦᠷᠢᠮᠦᠰᠦᠨ  ᠪᠡᠶ᠎ᠡ   ᠪᠠᠨ   ᠲᠠᠭᠠᠭᠠᠵᠦ  ᠵᠠᠰᠠᠭ  ᠶᠠᠪᠤᠭᠤᠯᠬᠤ  ᠡᠷᠬᠡ  ᠮᠡᠳᠡᠯ   ᠲᠠᠢ  ᠪᠠᠶᠢᠵᠦ  ᠂ ᠤᠳᠤᠬᠠᠨ   ᠤ  ᠬᠤᠯᠪᠤᠭᠠᠳᠦ  ᠤᠯᠤᠰ   ᠤᠨ  ᠬᠠᠷᠢᠶᠠᠨ   ᠳᠠᠬᠢ  ᠲᠤᠰᠭᠠᠷ  ᠡᠷᠬᠡ  ᠮᠡᠳᠡᠯ   ᠲᠠᠢ  ᠤᠯᠤᠰ   ᠲᠠᠢ  ᠲᠦᠰᠦᠭᠡᠳᠡᠢ  ᠪᠠᠶᠢᠪᠠ᠃  ᠲᠡᠳᠡᠨ   ᠤ  ᠨᠤᠶᠠᠷᠬᠠᠯ   ᠤᠨ  ᠲᠤᠤᠷᠠᠬᠢ  ᠡᠵᠡᠮᠰᠢᠯ   ᠤᠨ  ᠭᠠᠵᠠᠷ   ᠢ   ᠬᠤᠰᠢᠭᠤ  ᠭᠡᠵᠦ  ᠂   ᠬᠤᠰᠢᠭᠤᠨ   ᠤ  ᠲᠤᠤᠷᠠᠬᠢ   ᠶᠢ  ᠤᠳᠤᠭ  ᠪᠤᠶᠤ  ᠠᠶᠢᠮᠠᠭ  ᠭᠡᠵᠦ  ᠂ ᠪᠦᠳᠦᠭᠦᠯᠢᠩ  ᠦᠯᠢᠳᠬᠡᠪᠡᠯ   ᠲᠠᠪᠢᠭᠠᠳ  ᠤᠨ   ᠤ  ᠨᠤᠳᠤᠭ  ᠪᠤᠶᠤ  ᠤᠳᠤᠬᠠᠨ   ᠤ  ᠰᠤᠮᠤ   ᠲᠠᠢ  ᠲᠡᠩᠴᠡᠭᠦᠦ   ᠵᠠᠰᠠᠭ  ᠵᠠᠬᠢᠷᠭᠠᠨ   ᠤ  ᠨᠢᠭᠡᠴᠨ᠃  ᠤᠳᠤᠭ   ᠤᠨ  ᠲᠤᠤᠷᠠᠬᠢ   ᠶᠢ  ᠬᠦᠷᠢᠶ᠎ᠠ  ᠭᠡᠵᠠᠢ   ᠪᠦᠳᠦᠭᠦᠯᠢᠩ   ᠢᠶᠠᠷ  ᠠᠳᠠᠯᠢᠳᠬᠠᠪᠠᠯ ᠤᠳᠤᠬᠠᠨ   ᠤ  ᠭᠠᠴᠠᠭ᠎ᠠ   ᠲᠠᠢ  ᠦᠨᠳᠦᠰᠦᠨ   ᠱᠠᠳᠦᠨ ᠤ  ᠪᠠᠶᠢᠭᠤᠯᠤᠮᠵᠢ᠃ ᠰᠤᠪᠬᠠᠢ   ᠨᠢ  ᠵᠠᠰᠠᠭ  ᠵᠠᠬᠢᠷᠭᠠᠨ   ᠤ  ᠵᠢᠩᠬᠢᠨᠢ  ᠵᠡᠷᠭᠡ  ᠲᠤᠰᠢᠶᠠᠯ   ᠨᠢ  ᠪᠠᠭᠠᠷᠢᠨ  ︵ᠪᠠᠶᠢᠷᠢᠨ︶ ᠤᠳᠤᠭ   ᠤᠨ  ᠠᠭᠯᠠᠭᠴᠢ  ᠪᠠᠶᠢᠪᠠ  ᠃ ᠡᠭᠦᠨ ᠤ  ᠲᠤᠬᠠᠢ  ︿︿ ᠤᠮᠠᠷᠠᠳᠦ  ᠶᠤᠸᠠᠨ   ᠤ  ᠲᠡᠤᠬᠡ  ﹀ 263 ᠳ᠋ᠤᠭᠠᠷ  ᠨᠢᠭᠤᠷ   ᠲᠤ  ᠲᠤᠳᠤᠷᠬᠠᠢ  ᠲᠤᠭᠠᠴᠢᠵᠠᠢ᠃ ︿︿ᠲᠢᠶᠠᠨ  ᠬᠠᠭᠠᠨ  ᠵᠢᠷᠭᠤᠳᠤᠭᠠᠷ   ᠬᠦᠪᠡᠭᠦᠨ  ᠠᠯᠴᠤᠪᠤᠯᠤᠤᠳ  ᠪᠤᠯᠤᠨ  ᠠᠷᠪᠠᠨ  ᠨᠢᠭᠡᠳᠦᠭᠡᠷ  ᠬᠦᠪᠡᠭᠦᠨ  ᠵᠠᠯᠠᠶᠢᠷ  ᠬᠤᠩ  ᠲᠠᠶᠢᠵᠢ   ᠳᠤ  ᠬᠠᠯᠬ᠎ᠠ  ᠠᠶᠢᠮᠠᠭ   ᠢ  ᠦᠭᠪᠡ  ᠃  ᠬᠠᠯᠬ᠎ᠠ  ᠠᠶᠢᠮᠠᠭ  ᠨᠡᠶᠢᠳᠡ  ᠠᠷᠪᠠᠨ  ᠬᠤᠶᠠᠷ  ᠤᠳᠤᠭ   ᠲᠠᠢ  ᠪᠠᠶᠢᠪᠠ  ︔ ᠠᠯᠴᠤᠪᠤᠯᠤᠳ  ᠡᠮᠤᠨᠡᠰᠢ  ᠨᠡᠭᠦᠭᠡᠳ  ᠦᠪᠦᠷ  ᠬᠠᠯᠬ᠎ᠠ  ᠪᠤᠯᠵᠠᠢ  ︔  ᠠᠯᠴᠤᠪᠤᠯᠤᠳ   ᠤᠨ  ᠬᠦᠪᠡᠭᠦᠨ  ᠬᠤᠷᠬᠠᠴᠢ  ᠬᠠᠰᠠᠷ ᠲᠤ  ᠲᠠᠪᠤᠨ  ᠬᠦᠪᠡᠭᠦᠨ   ᠲᠠᠢ  ᠪᠠᠶᠢᠵᠦ  ᠲᠠᠪᠤᠨ  ᠤᠳᠤᠭ  ᠬᠠᠯᠬ᠎ᠠ   ᠶᠢᠨ  ᠡᠵᠡᠨ  ᠪᠤᠯᠪᠠ  ︔ ᠠᠬᠠᠮᠠᠳ  ᠬᠦᠪᠡᠭᠦᠨ  ᠤᠶᠢᠵᠢᠩ ᠨᠢ  ᠵᠠᠷᠤᠳ  ᠤᠳᠤᠭ   ᠤᠨ  ᠡᠵᠡᠨ  ᠂  ᠬᠤᠶᠠᠳᠤᠭᠠᠷ  ᠬᠦᠪᠡᠭᠦᠨ   ᠰᠤᠪᠬᠠᠢ   ᠲᠠᠷᠬᠠᠨ   ᠨᠢ  ᠪᠠᠭᠠᠷᠢᠨ  ︵ᠪᠠᠶᠢᠷᠢᠨ︶  ᠤᠳᠤᠭ   ᠤᠨ  ᠡᠵᠡᠨ  ᠂ ᠭᠤᠳᠠᠭᠠᠷ  ᠬᠦᠪᠡᠭᠦᠨ  ᠤᠪᠠᠨ  ᠪᠤᠶᠢᠮᠦ   ᠨᠢ   ᠬᠤᠩᠬᠢᠷᠠᠳ  ᠤᠳᠤᠭ   ᠤᠨ  ᠡᠵᠡᠨ  ᠂ ᠲᠦᠷᠪᠡᠳᠦᠭᠡᠷ  ᠬᠦᠪᠡᠭᠦᠨ  ᠲᠤᠭᠰᠢᠨ ᠰᠤᠨᠢᠨ  ᠲᠠᠶᠢᠴᠢᠩ ᠨᠢ  ᠪᠠᠶᠤᠳ  ᠤᠳᠤᠭ   ᠤᠨ  ᠡᠵᠡᠨ  ᠂ ᠲᠠᠪᠤᠳᠤᠭᠠᠷ   ᠬᠦᠪᠡᠭᠦᠨ  ᠱᠤᠤᠬᠠᠨ  ᠵᠤᠷᠢᠭᠳᠦ  ᠬᠤᠩ  ᠪᠠᠭᠠᠳᠦᠷ   ᠨᠢ  ᠦᠵᠢᠶᠡᠳ   ᠤᠨ  ᠡᠵᠡᠨ  ᠪᠤᠯᠪᠠ  ﹀﹀ ᠭᠡᠵᠠᠢ  ᠃ ᠰᠤᠪᠬᠠᠢ  ᠬᠡᠳᠦᠶᠢᠪᠡᠷ  ᠨᠢᠭᠡᠨ  ᠤᠳᠤᠭ   ᠤᠨ  ᠡᠵᠡᠨ  ᠵᠡᠷᠭᠡ ᠲᠠᠢ  ᠪᠤᠯᠪᠠᠴᠦ  ᠲᠤᠬᠠᠢ   ᠶᠢᠨ  ᠦᠶ᠎ᠡ   ᠶᠢᠨ  ᠲᠦᠷᠦ   ᠳᠤ  ᠲᠦᠪᠯᠡᠷᠡᠨ  ᠵᠠᠬᠢᠷᠠᠬᠤ   ᠡᠷᠬᠡ  ᠤᠨᠴᠠᠭᠠᠢ  ᠰᠤᠯᠠᠷᠠᠭᠰᠠᠨ   ᠦᠶ᠎ᠡ   ᠳᠤ  ᠬᠦᠴᠦᠷᠭᠡᠵᠢᠨ   ᠴᠠᠬᠢᠷᠠᠭᠵᠢᠵᠦ   ᠪᠤᠳᠠᠳᠤ  ᠬᠦᠴᠦᠨ   ᠨᠢ  ᠲᠦᠮᠡᠨ  ᠵᠠᠰᠠᠭᠳᠦ  ᠬᠠᠭᠠᠨ   ᠲᠠᠢ  ᠮᠦᠷᠦ  ᠵᠡᠷᠭᠡᠴᠭᠰᠡᠨ  ᠪᠠᠶᠢᠳᠠᠯ   ᠲᠠᠢ  ᠪᠤᠯᠵᠠᠢ  ᠃  ᠤᠮᠠᠷᠠᠳᠦ  ᠶᠤᠸᠠᠨ   ᠤ   ᠲᠡᠦᠬᠡ   ᠶᠢᠨ365 — 366  ᠳ᠋ᠤᠭᠠᠷ  ᠨᠢᠭᠤᠷ   ᠲᠤ  ︿︿ᠲᠦᠮᠡᠨ  ᠵᠠᠰᠠᠭᠳᠦ  ᠬᠠᠭᠠᠨ  ᠡᠪ  ᠨᠠᠶᠢᠷᠠᠮᠳᠠᠯ   ᠤᠨ  ᠬᠡᠯᠪᠡᠷᠢ   ᠪᠠᠷ  ᠲᠦᠪ   ᠵᠠᠬᠢᠷᠤᠯ   ᠤᠨ  ᠡᠷᠬᠡ   ᠪᠠᠨ  ᠪᠠᠶᠢᠭᠤᠯᠵᠤ  ᠂ ᠲᠡᠷᠡ  ᠵᠡᠭᠦᠨ  ᠪᠠᠷᠠᠭᠤᠨ  ᠲᠦᠮᠡᠨ   ᠤ  ᠹᠧᠤᠳᠡᠯ  ᠡᠵᠡᠨ   ᠢ  ᠦᠪᠡᠷ   ᠤᠨ  ᠲᠤᠭᠤᠷᠢᠨ   ᠳᠤ  ᠨᠢᠭᠳᠠᠷᠠᠭᠤᠯᠬᠤ   ᠶᠢᠨ  ᠲᠦᠯᠦᠭᠡ  ᠲᠠᠪᠤᠨ ᠬᠠᠨ   ᠤ  ᠵᠠᠰᠠᠭ  ᠪᠠᠷᠢᠭᠴᠢ  ᠨᠤᠶᠠᠨ  ᠲᠠᠯᠪᠢᠵᠠᠢ  ︔  ᠲᠠᠷᠦᠢ  ᠴᠠᠬᠠᠷ  ᠲᠦᠮᠡᠨ   ᠤ  ᠠᠮᠤᠳᠠᠢ  ᠬᠤᠩ  ᠲᠠᠶᠢᠵᠢ  ᠂  ᠦᠪᠦᠷ   ᠬᠠᠯᠬ᠎ᠠ   ᠶᠢᠨ  ᠦᠢᠵᠢᠩ  ᠰᠤᠪᠬᠠᠢ  ᠂  ᠤᠷᠳᠤᠰ  ᠲᠦᠮᠡᠨ   ᠤ  ᠬᠤᠳᠤᠭᠳᠦ  ᠰᠡᠴᠡᠨ  ᠬᠤᠩ  ᠲᠠᠶᠢᠵᠢ  ᠂ ᠲᠦᠮᠡᠳ  ᠲᠦᠮᠡᠨ   ᠤ  ᠴᠦᠷᠦᠭᠡ  ᠬᠤᠩ  ᠲᠠᠶᠢᠵᠢ  ᠂  ᠶᠤᠩᠰᠢᠶᠠᠩᠪᠤ  ᠲᠦᠮᠡᠨ   ᠤ  ᠠᠰᠤᠳ  ᠠᠶᠢᠮᠠᠨ   ᠤᠨ  ᠨᠤᠮᠠᠳᠠᠷ᠎ᠠ  ᠭᠤᠤᠯᠴᠢ  ᠨᠤᠶᠠᠨ  ᠵᠡᠷᠭᠡ  ᠪᠤᠯᠤᠨ᠎ᠠ  ﹀﹀  ᠲᠦᠮᠡᠨ  ᠵᠠᠰᠠᠭᠳᠦ ᠬᠠᠭᠠᠨ  ᠡᠨᠡᠬᠦ   ᠵᠠᠰᠠᠭ   ᠤᠨ  ᠪᠠᠶᠢᠭᠤᠯᠤᠮᠵᠢ   ᠪᠠᠨ  ︿ᠵᠠᠰᠠᠭ  ﹀ ᠭᠡᠵᠦ ᠨᠡᠷᠯᠡᠭᠰᠡᠨ ᠪᠤᠯᠪᠠᠴᠦ ᠬᠡᠷᠡᠭ  ᠲᠡᠭᠡᠷ᠎ᠡ ᠪᠠᠨ  ᠹᠧᠦᠳᠡᠯ  ᠡᠵᠡᠳ   ᠤᠨ  ᠲᠤᠳᠤᠷᠠᠬᠢ  ᠬᠠᠮᠤᠭ  ᠬᠦᠴᠦᠷᠬᠡᠭ  ᠲᠠᠪᠤᠨ  ᠲᠦᠷᠦᠭᠦᠦ   ᠪᠠᠷ  ᠪᠦᠷᠢᠯᠳᠦᠭᠰᠡᠨ  ᠵᠢᠵᠢᠭ  ᠬᠡᠪᠴᠢᠶᠡᠨ   ᠤ  ᠲᠦᠪ  ᠵᠠᠰᠠᠭ  ᠪᠠᠶᠢᠭᠤᠯᠤᠨ  ᠂᠂᠂  ᠂᠂᠂﹀﹀ ᠭᠡᠵᠦ  ᠰᠤᠪᠬᠠᠢ   ᠶᠢᠨ  ᠨᠢᠭᠡᠨ  ᠤᠳᠤᠭ   ᠤᠨ  ᠠᠬᠠᠯᠭᠴᠢ  ᠪᠠᠶᠢᠭᠰᠠᠨ   ᠢᠶᠠᠨ  ᠵᠢᠩᠬᠢᠨᠢ  ᠬᠦᠴᠦᠨ   ᠳᠡᠭᠡᠨ  ᠲᠦᠰᠢᠭᠯᠡᠨ  ᠦᠪᠦᠷ  ᠬᠠᠯᠬ᠎ᠠ   ᠠᠶᠢᠮᠠᠭ   ᠢ  ᠲᠦᠯᠦᠭᠡᠯᠡᠨ  ︿︿  ᠵᠠᠰᠠᠭ  ﹀  ﹀   ᠲᠤ  ᠰᠤᠩᠭᠤᠭᠳᠠᠨ  ᠤᠷᠤᠭᠰᠠᠨ   ᠢ  ᠭᠡᠷᠴᠢᠯᠠᠵᠠᠢ  ᠃  ᠵᠠᠰᠠᠭ  ᠭᠡᠳᠡᠭ  ᠡᠷᠳᠡᠨ   ᠤ  ᠮᠤᠩᠭᠤᠯ   ᠦᠭᠡ   ᠶᠢ  ᠤᠷᠴᠢᠨ  ᠴᠠᠭ   ᠤᠨ  ᠮᠤᠩᠭᠤᠯ  ᠦᠭᠡ   ᠪᠠᠷ  ᠤᠶᠢᠯᠭᠠᠯᠪᠠᠯ  ︿︿ ᠪᠠᠶᠢᠩᠭᠤ   ᠶᠢᠨ  ᠭᠡᠰᠢᠭᠦᠨ  ﹀﹀  ᠦᠭᠡ   ᠲᠠᠢ  ᠠᠳᠠᠯᠢ  ᠭᠡᠵᠦ  ᠦᠵᠡᠵᠦ  ᠪᠤᠯᠤᠨ᠎ᠠ  ᠃  ᠲᠦᠷᠪᠡ  ᠄  ᠰᠤᠪᠬᠠᠢ   ᠶᠢᠨ  ᠲᠡᠦᠬᠡᠳᠦ  ᠭᠠᠪᠢᠶᠠᠳᠦ  ᠵᠢᠳᠬᠦᠯ   ᠤᠨ   ᠲᠤᠬᠠᠢ  ᠶᠠᠷᠢᠬᠤ   ᠨᠢ ᠨᠢᠭᠡ   ᠳᠤ  ᠪᠠᠭᠠᠷᠢᠨ   ᠬᠤᠰᠢᠭᠤᠨ   ᠤ  ᠰᠠᠭᠤᠷᠢ   ᠶᠢ   ᠲᠠᠯᠪᠢᠵᠠᠢ  ᠃ ᠰᠤᠪᠬᠠᠢ  ᠰᠠᠭᠤᠷᠢᠨ   ᠳᠤ  ᠪᠠᠶᠢᠬᠤ  ᠦᠶᠡᠰ  ᠪᠠᠭᠠᠷᠢᠨ   ᠤᠳᠤᠭ   ᠨᠢ   ᠮᠠᠨᠳᠤᠨ    ᠬᠦᠭᠵᠢᠵᠦ  ᠬᠦᠴᠦᠷᠬᠡᠭ  ᠶᠡᠭᠡ  ᠬᠦᠴᠦᠨ  ᠪᠤᠯᠵᠦ   ᠬᠤᠪᠢᠷᠠᠵᠠᠢ  ᠃ ᠰᠤᠪᠬᠠᠢ  ᠦᠷᠡᠭᠳᠡᠭᠰᠡᠨ   ᠤ  ᠲᠠᠷᠠᠭ᠎ᠠ ᠢ ᠰᠡᠴᠡᠨ  ᠲᠡᠭᠷᠢ   ᠶᠢᠨ  ᠬᠤᠶᠠᠷ  ︵1628︶ ᠤᠨ   ᠳᠤ ᠲᠡᠭᠦᠨ   ᠤ   ᠤᠴᠢ  ᠰᠠᠳᠡᠷ  ᠦᠪᠡᠷ   ᠤᠨ   ᠬᠦᠪᠡᠭᠦᠨ  ᠰᠡᠪᠳᠠᠨ  ᠂  ᠡᠪᠦᠭᠡᠳᠠᠢ ᠬᠤᠩ  ᠪᠠᠭᠠᠳᠦᠷ  ᠲᠠᠶᠢᠵᠢ   ᠶᠢ  ᠲᠠᠭᠠᠭᠤᠯᠵᠦ᠂᠂ ᠲᠤᠭᠠᠷ  ᠠᠩᠭ᠎ᠠ   ᠲᠠᠢ  ᠬᠠᠮᠳᠤᠪᠡᠷ  ᠪᠠᠶᠢᠷᠢᠨ ᠠᠶᠢᠮᠠᠭ   ᠤᠨ  ᠨᠠᠷ᠎ᠡ   ᠪᠠᠷ  ᠰᠤᠪᠬᠠᠢ   ᠶᠢᠨ  ᠬᠠᠷᠢᠶᠠᠳᠦ  ᠤᠯᠠᠨ  ᠵᠢᠴᠢ  ᠦᠯᠡᠳᠡᠭᠰᠡᠨ ᠴᠢᠷᠡᠭ   ᠤᠨ  ᠬᠦᠴᠦᠨ   ᠢᠶᠠᠨ ᠲᠠᠭᠠᠭᠤᠯᠵᠦ  ᠂  ᠮᠠᠨᠵᠦ   ᠶᠢᠨ  ᠲᠠᠳᠬᠠᠯ   ᠢᠶᠠᠷ  ᠬᠤᠶᠢᠳᠦ  ᠠᠯᠳᠠᠨ  ᠤᠯᠤᠰ   ᠲᠤ ᠲᠠᠭᠠᠵᠠᠢ  ᠃ ᠬᠤᠵᠢᠮ   ᠨᠢ ᠰᠠᠳᠡᠷ   ᠤᠨ  ᠭᠤᠷᠪᠠᠳᠤᠭᠠᠷ  ᠬᠦᠪᠡᠭᠦᠨ  ᠰᠡᠪᠳᠠᠨ  ᠰᠠᠭᠤᠷᠢᠨ   ᠢ  ᠵᠠᠯᠭᠠᠮᠵᠢᠯᠠᠵᠦ  ᠪᠠᠭᠠᠷᠢᠨ ᠬᠤᠰᠢᠭᠤ   ᠶᠢᠨ  ᠸᠠᠩ ᠪᠤᠯᠵᠠᠢ  ᠃ ᠡᠨᠡᠬᠦ   ᠬᠤᠭᠤᠴᠠᠭᠠᠨ ᠳᠠᠬᠢ ︿︿ᠮᠤᠩᠭᠤᠯ   ᠤᠨ  ᠨᠡᠭᠦᠳᠡᠯ  ᠮᠠᠯᠵᠢᠯ   ᠤᠨ  ᠲᠡᠮᠳᠡᠭᠡᠯᠡᠯ  ﹀﹀ ᠤᠨ  ᠭᠤᠷᠪᠠᠳᠤᠭᠠᠷ   ᠡᠪᠬᠡᠮᠡᠯ   ᠳᠤ ᠲᠡᠭᠦᠨ ᠤ ᠠᠶᠢᠮᠠᠭ ᠢ  ︿︿ᠪᠠᠶᠢᠷᠢᠨ﹀﹀ ᠭᠡᠵᠦ ᠨᠠᠷᠡᠶᠢᠳᠴᠠᠢ᠃ ᠰᠢᠨᠡᠬᠡᠨ  ᠭᠡᠪᠯᠡᠭᠳᠡᠭᠰᠡᠨ  ︿︿ᠦᠭᠡᠰ ᠤᠨ  ᠲᠠᠯᠠᠢ  ﹀﹀ ᠳᠤ ᠰᠤᠪᠬᠠᠢ ᠶᠢᠨ ᠨᠠᠷᠡᠶᠢᠳᠦᠭᠰᠡᠨ ︿︿ᠪᠠᠶᠢᠷᠡᠨ﹀﹀ ᠢ ᠮᠤᠩᠭᠤᠯ  ᠬᠡᠯᠡᠨ ᠤ  ︿︿ᠴᠢᠷᠡᠭ   ᠤᠨ  ᠪᠠᠭᠤᠳᠠᠯ﹀﹀ ᠭᠡᠵᠦ ᠲᠠᠶᠢᠯᠪᠥᠷᠢᠯᠠᠵᠠᠢ  ᠃ ︿︿ ᠮᠤᠩᠭᠤᠯ   ᠤᠨ  ᠨᠡᠭᠦᠳᠡᠯ  ᠮᠠᠯᠵᠢᠯ   ᠤᠨ  ᠲᠡᠮᠳᠡᠭᠡᠯᠡᠯ﹀﹀  ᠵᠡᠷᠭᠡ  ᠲᠡᠦᠬᠡᠨ  ᠮᠠᠲ᠋ᠧᠷᠡᠶᠠᠯ   ᠢ  ᠦᠨᠳᠦᠰᠦᠯᠡᠪᠡᠯ  ᠤᠳᠤᠬᠠᠨ   ᠤ ᠪᠠᠭᠠᠷᠢᠨ  ᠬᠤᠰᠢᠭᠤᠨ   ᠤ  ︿︿ ᠪᠠᠶᠢᠷᠢᠨ  ﹀﹀   ᠢ  ᠴᠢᠩ  ᠤᠯᠤᠰ   ᠤᠨ ᠲᠡᠭᠷᠢ  ᠲᠡᠳᠬᠦᠭᠴᠢ ᠬᠠᠭᠠᠨ   ᠤ  ᠦᠶᠡᠰ   ᠠᠴᠠ  ᠡᠬᠢᠯᠡᠨ  ᠵᠠᠷᠢᠮ  ᠡᠷᠳᠡᠮᠳᠡᠨ  ︿︿ᠪᠠᠭᠠᠷᠢᠨ﹀﹀ ᠭᠡᠵᠦ  ᠪᠢᠴᠢᠬᠦ  ᠪᠤᠯᠵᠤ᠂  ᠪᠦᠷᠢᠨᠳᠦ  ᠵᠠᠰᠠᠭᠴᠢ   ᠶᠢᠨ  ᠦᠶ᠎ᠡ   ᠠᠴᠠ ᠡᠬᠢᠯᠡᠨ ᠰᠠᠶ᠋ᠢ  ︿︿ᠪᠠᠭᠠᠷᠢᠨ﹀﹀ ᠭᠡᠵᠦ   ᠦᠭᠡᠷᠴᠢᠯᠡᠨ  ᠪᠢᠴᠢᠵᠦ  ᠲᠦᠯᠦᠪᠰᠢᠷᠡᠵᠠᠢ᠃  ᠠᠳᠡ  ᠨᠡᠷᠡᠶᠢᠳᠦᠯ   ᠤᠨ  ᠲᠤᠬᠠᠢ  ᠬᠤᠶᠠᠷ  ᠵᠦᠢᠯ   ᠤᠨ  ᠠᠳᠠᠯᠢ  ᠪᠤᠰᠤ  ᠦᠵᠡᠯᠳᠡ  ᠭᠠᠷᠦᠭ᠌ᠰᠠᠨ   ᠨᠢ  ᠢᠯᠡᠷᠬᠡᠢ  ᠪᠤᠯᠪᠠᠴᠦ    ︿︿ᠪᠠᠭᠠᠷᠢᠨ﹀  ﹀  ᠬᠤᠰᠢᠭᠤ  ᠪᠤᠢ  ᠪᠤᠯᠤᠭᠰᠠᠨ   ᠶᠠᠪᠤᠴᠠ   ᠳᠤ  ᠤᠨᠴᠠᠭᠠᠢ  ᠵᠦᠷᠢᠶ᠎ᠡ  ᠤᠷᠤᠰᠢᠵᠦ  ᠦᠭᠡᠢ  ᠃ ᠬᠤᠶᠠᠷ   ᠲᠤ   ᠤᠮᠠᠷᠠᠳᠦ  ᠶᠤᠸᠠᠨ  ᠤᠯᠤᠰ   ᠤᠨ  ᠨᠤᠶᠠᠷᠬᠠᠯ   ᠢ  ᠪᠠᠬᠢᠵᠢᠭᠦᠯᠵᠠᠢ  ᠃   ᠡᠭᠦᠨ   ᠤ ᠨᠢᠭᠡ ᠳᠤ    ᠤᠷᠢᠶᠠᠩᠬᠠᠢ ᠶᠢᠨ  ᠭᠤᠷᠪᠠᠨ  ᠸᠧᠢ   ᠶᠢ   ᠬᠤᠷᠢᠶᠠᠨ  ᠲᠠᠭᠠᠭᠤᠯᠵᠦ  ᠦᠪᠡᠷ   ᠤᠨ  ᠬᠦᠴᠦᠨ   ᠢᠶᠠᠨ ᠰᠢᠭᠤᠳ  ᠦᠷᠭᠡᠳᠬᠡᠬᠦ   ᠪᠠᠷ   ᠲᠠᠮᠵᠢᠭᠤᠯᠤᠨ  ᠤᠮᠠᠷᠠᠳᠦ  ᠶᠤᠸᠠᠨ   ᠤ  ᠨᠢᠭᠡᠳᠦᠯ   ᠢ  ᠬᠠᠮᠠᠭᠠᠯᠵᠠᠢ  ᠃  ᠡᠭᠦᠨ   ᠤ  ᠬᠤᠶᠠᠷ   ᠲᠤ  ᠮᠢᠩ  ᠤᠯᠤᠰ   ᠲᠤ  ᠤᠳᠠᠭ᠎ᠠ  ᠲᠠᠷᠭᠠᠨᠯᠠᠨ  ᠬᠦᠨᠳᠦ  ᠴᠤᠬᠢᠯᠳᠠ  ᠦᠭᠴᠦ  ᠂  ᠮᠢᠩ  ᠤᠯᠤᠰ   ᠤᠨ   ᠪᠤᠭᠤᠮᠳᠠ  ᠭᠠᠷᠴᠦ  ︿︿ᠠᠳᠤᠭᠤ  ᠪᠤᠯᠢᠶᠠᠬᠤ﹀﹀  ᠂ ︿︿ᠦᠨᠳᠦᠰᠦ  ᠲᠠᠰᠤᠯᠬᠤ  ﹀﹀  ᠂ ︿︿ᠪᠡᠯᠴᠢᠭᠡᠷ  ᠭᠠᠯᠳᠠᠬᠤ  ﹀﹀ ᠭᠤᠷᠪᠠᠨ  ᠭᠠᠵᠢᠭᠤ  ᠵᠠᠰᠠᠭ   ᠲᠤ   ᠬᠦᠴᠦᠳᠠᠢ   ᠴᠤᠬᠢᠯᠳᠠ   ᠦᠭᠴᠠᠢ  ᠃   ᠡᠭᠦᠨ   ᠤ ᠭᠤᠷᠪᠠ   ᠳᠤ  ᠮᠢᠩ  ᠤᠯᠤᠰ   ᠲᠤ  ᠬᠢᠭᠰᠡᠨ  ᠴᠢᠷᠡᠭ  ᠲᠠᠶᠢᠨ   ᠢᠶᠠᠷ  ᠲᠠᠮᠵᠢᠭᠤᠯᠤᠨ   ᠲᠤᠬᠠᠢ   ᠶᠢᠨ  ᠦᠶ᠎ᠡ   ᠶᠢᠨ  ᠲᠦᠮᠡᠨ  ᠵᠠᠰᠠᠭᠳᠦ  ᠬᠠᠭᠠᠨ  ᠬᠢᠭᠡᠨ  ᠠᠯᠳᠠᠨ  ᠬᠠᠨ   ᠨᠠᠷ  ᠮᠢᠩ  ᠤᠯᠤᠰ   ᠢ  ᠠᠯᠪᠠᠳᠠᠨ   ᠪᠤᠭᠤᠮᠳᠠ   ᠶᠢᠨ  ᠠᠷᠠᠯᠵᠢᠶ᠎ᠠ  ᠨᠡᠭᠡᠭᠡᠯᠭᠡᠬᠦ  ᠬᠦᠳᠡᠯᠦᠩᠭᠭᠦᠢ  ᠡᠷᠭᠡ   ᠶᠢ  ᠤᠯᠬᠤ   ᠳᠤ   ᠲᠤᠰᠠ  ᠲᠡᠮᠵᠢᠯᠭᠡ  ᠪᠤᠯᠵᠤ  ᠪᠠᠶᠢᠪᠠ  ᠃ ᠭᠤᠷᠪᠠ   ᠳᠤ᠄  ᠠᠶᠢᠮᠠᠭ  ᠬᠤᠯᠪᠤᠭᠠᠨ   ᠤ  ᠪᠦᠷᠢᠯᠳᠦᠯ   ᠳᠤ  ᠬᠦᠴᠦᠳᠠᠢ  ᠨᠦᠯᠦᠭᠡ  ᠭᠠᠷᠭᠠᠵᠠᠢ  ᠃   ᠰᠤᠪᠬᠠᠢ   ᠶᠢᠨ  ᠬᠦᠴᠦᠨ  ᠦᠷᠭᠡᠵᠢᠨ  ᠬᠦᠴᠦᠷᠬᠡᠵᠢᠭᠡᠳ  ᠲᠦᠮᠡᠨ  ᠵᠠᠰᠠᠭᠳᠦ   ᠬᠠᠭᠠᠨ   ᠲᠠᠢ  ᠮᠦᠷᠦ   ᠵᠡᠷᠭᠡᠴᠡᠭᠡᠰᠨ  ᠪᠠᠶᠢᠳᠠᠯ   ᠲᠠᠢ  ᠪᠤᠯᠵᠠᠢ  ᠃ ᠡᠭᠦᠨ   ᠢ  ︿︿ ᠤᠮᠠᠷᠠᠳᠦ  ᠶᠤᠸᠠᠨ   ᠤ  ᠲᠡᠦᠭᠡ  ﹀﹀   ᠶᠢᠨ 366 ᠨᠢᠭᠤᠷ   ᠲᠤ  ᠴᠤᠬᠤᠰ  ᠲᠤᠷᠠᠳᠴᠠᠢ  ᠃  ︿︿ ᠵᠡᠭᠦᠨ   ᠭᠠᠷᠳ  ᠲᠦᠮᠡᠨ   ᠤ ᠵᠠᠰᠠᠭ  ᠪᠠᠷᠢᠭᠰᠠᠨ ᠸᠠᠩ  ᠭᠦᠩ   ᠤᠨ  ᠲᠤᠳᠤᠷ᠎ᠠ  ᠲᠦᠮᠡᠨ  ᠵᠠᠰᠠᠭᠳᠦ  ᠬᠠᠭᠠᠨ   ᠠᠴᠠ   ᠭᠠᠳᠠᠨ᠎ᠠ  ᠠᠮᠤᠳᠠᠢ  ᠬᠤᠩ  ᠲᠠᠶᠢᠵᠢ  ᠂  ᠤᠶᠢᠵᠢᠩ ᠰᠤᠪᠬᠠᠢ  ︵ ᠬᠤᠷᠬᠠᠴᠢ   ᠶᠢᠨ   ᠲᠡᠳ᠋  ᠬᠦᠪᠡᠭᠦᠨ  ᠂ ᠲᠡᠭᠦᠨ ᠤ  ᠦᠷᠡᠰ   ᠨᠢ  ᠪᠠᠭᠠᠷᠢᠨ  ᠪᠤᠯᠵᠠᠢ  ︶  ᠨᠠᠷ ᠪᠠᠶᠢᠪᠠ﹀﹀  ᠭᠡᠵᠠᠢ  ᠃  ᠭᠡᠳᠡᠯ᠎ᠡ  ᠰᠤᠪᠬᠠᠢ  ᠮᠤᠩᠭᠤᠯ  ᠲᠦᠮᠡᠨ   ᠤ  ᠠᠰᠢᠭ  ᠲᠤᠰᠠ  ᠡᠮᠦᠨ᠎ᠡ  ᠡᠵᠡᠨ  ᠬᠠᠭᠠᠨ   ᠲᠠᠢ  ᠡᠷᠭᠡ  ᠪᠤᠯᠢᠶᠠᠯᠳᠤᠨ  ᠲᠡᠮᠡᠴᠡᠭᠡᠭᠰᠡᠨ  ᠦᠭᠡᠢ  ᠬᠠᠷᠢᠨ  ᠲᠦᠮᠡᠨ  ᠵᠠᠰᠠᠭᠳᠦ  ᠬᠠᠭᠠᠨ   ᠤ  ᠵᠠᠰᠠᠭ   ᠲᠤ  ᠤᠷᠤᠯᠴᠠᠨ ᠬᠠᠮᠳᠦᠪᠡᠷ  ᠲᠦᠷᠦ  ᠵᠠᠰᠠᠭ   ᠤᠨ  ᠶᠡᠭᠡ  ᠬᠡᠷᠡᠭ   ᠢ  ᠵᠦᠪᠯᠡᠨ  ᠰᠡᠶᠢᠳᠪᠦᠷᠢᠯᠡᠬᠦ  ᠲᠦᠷᠢᠮ  ᠲᠤᠭᠳᠠᠭᠠᠯ   ᠢ   ᠨᠢ   ᠪᠠᠬᠢᠵᠢᠭᠦᠯᠵᠠᠢ  ᠃   ᠡᠶᠢᠮᠦ  ᠲᠦᠷᠢᠮ  ᠲᠤᠭᠳᠠᠭᠠᠯ   ᠨᠢ  ᠠᠷᠠᠳᠴᠢᠯᠠᠯᠳᠦ  ᠵᠦᠪᠯᠡᠯᠡᠭᠡᠨ   ᠤ  ᠬᠡᠯᠪᠡᠷᠢ   ᠪᠠᠷ  ᠪᠤᠳᠠᠷᠠᠨ  ᠰᠠᠷᠨᠢᠵᠦ  ᠠᠭᠰᠠᠨ  ᠡᠯ᠎ᠡ  ᠠᠶᠢᠮᠠᠭ  ᠪᠦᠯᠦᠭ   ᠢ  ᠲᠦᠪ ᠵᠠᠬᠢᠷᠤᠯ   ᠤᠨ  ᠡᠷᠬᠡᠨ   ᠳᠤ  ᠬᠤᠷᠠᠯᠳᠠᠭᠤᠯᠤᠨ  ᠨᠢᠭᠡᠳᠬᠡᠵᠦ  ᠴᠢᠳᠠᠭᠰᠠᠨ ᠮᠦᠷᠳᠡᠭᠡᠨ  ᠬᠤᠵᠢᠮ   ᠤᠨ  ᠠᠶᠢᠮᠠᠭ  ᠴᠢᠭᠤᠯᠭᠠᠨ   ᠤ  ᠬᠤᠯᠪᠤᠭᠠᠨ   ᠳᠤ  ᠰᠠᠭᠤᠷᠢ  ᠲᠠᠯᠪᠢᠵᠠᠢ  ᠃ ᠡᠭᠦᠨ   ᠤ ᠭᠤᠤᠯ  ᠭᠠᠪᠢᠶ᠎ᠠ  ᠵᠢᠳᠬᠦᠯ   ᠨᠢ  ᠶᠠᠷᠢᠶᠠᠨ  ᠦᠭᠡᠢ  ᠲᠦᠮᠡᠨ  ᠵᠠᠰᠠᠭᠳᠦ  ᠬᠠᠭᠠᠨ   ᠤ   ᠬᠢ  ᠮᠦᠨ  ᠃  ᠭᠡᠳᠡᠯ᠎ᠡ  ᠰᠤᠪᠬᠠᠢ  ᠨᠠᠷ   ᠤᠨ  ᠬᠦᠴᠦᠳᠠᠢ  ᠲᠡᠮᠵᠢᠯᠭᠡ  ᠦᠭᠡᠢ ᠪᠤᠯᠪᠠᠯ  ᠲᠡᠳᠡᠨᠡᠷ   ᠤᠨ  ᠠᠤᠭ᠎ᠠ  ᠬᠦᠰᠡᠯ   ᠨᠢ  ᠪᠡᠶᠡᠯᠡᠭᠳᠡᠵᠦ ᠴᠢᠳᠠᠰᠢ  ᠦᠭᠡᠢ   ᠨᠢ  ᠮᠠᠷᠭᠤᠰᠢ  ᠦᠭᠡᠢ  ᠃ ᠲᠦᠷᠪᠡ   ᠳᠤ᠄  ᠮᠤᠩᠭᠤᠯ  ᠦᠨᠳᠦᠰᠦᠳᠡᠨ   ᠤ  ᠪᠦᠯᠬᠦᠮᠳᠡᠯ  ᠨᠢᠭᠡᠳᠦᠯ   ᠤᠨ ᠵᠤᠷᠢᠭ   ᠰᠠᠨᠠᠭ᠎ᠠ   ᠶᠢ   ᠪᠠᠳᠤᠳᠬᠠᠵᠠᠢ  ᠃  ᠰᠤᠪᠬᠠᠢ   ᠶᠢᠨ  ᠪᠠᠳᠠᠷᠠᠵᠦ  ᠬᠦᠭᠵᠢᠵᠦ  ᠬᠦᠳᠡᠯᠭᠡᠭᠡᠨ  ᠬᠢᠵᠦ  ᠪᠠᠶᠢᠭᠰᠠᠨ ᠴᠠᠭ  ᠬᠤᠭᠤᠴᠠᠭ᠎ᠠ   ᠳᠤ    ᠤᠮᠠᠷᠠᠳᠦ  ᠶᠤᠸᠠᠨ  ᠤᠯᠤᠰ   ᠤᠨ  ᠦᠶ᠎ᠡ   ᠳᠤ ᠲᠦᠮᠡᠨ  ᠵᠠᠰᠠᠭᠳᠦ  ᠬᠠᠭᠠᠨ   ᠬᠢᠭᠡᠳ  ᠠᠯᠳᠠᠨ  ᠬᠠᠨ  ᠵᠡᠷᠭᠡᠴᠡᠨ  ᠤᠷᠤᠰᠢᠵᠦ  ᠂  ᠮᠤᠩᠭᠤᠯ   ᠤᠨ  ᠶᠡᠭᠡ  ᠪᠠᠭ᠎ᠠ  ᠹᠧᠥᠳᠡᠯ   ᠤᠨ  ᠬᠦᠴᠦᠨ  ᠬᠠᠷᠢᠯᠴᠠᠨ  ᠲᠠᠶᠢᠳᠦᠵᠦ  ᠪᠠᠶᠢᠭᠰᠠᠨ ᠴᠠᠭ  ᠬᠤᠭᠤᠴᠠᠭ᠎ᠠ  ᠮᠦᠨ  ᠃   ᠭᠡᠳᠡᠯ᠎ᠡ ᠰᠤᠪᠬᠠᠢ  ᠪᠠᠷᠤᠭ  ᠰᠠᠷ᠎ᠠ  ᠪᠦᠷᠢ  ᠮᠢᠩ  ᠤᠯᠤᠰ   ᠢ  ᠲᠤᠪᠳᠦᠯᠠᠵᠦ  ᠪᠠᠶᠢᠭᠰᠠᠨ  ᠪᠤᠯᠪᠠᠴᠦ  ᠂ ᠮᠠᠨ   ᠳᠤ  ᠤᠯᠳᠠᠭᠰᠠᠨ  ᠲᠡᠦᠬᠡᠨ ᠮᠠᠲ᠋ᠧᠷᠢᠶᠠᠯ   ᠳᠤ  ᠰᠤᠪᠬᠠᠢ   ᠶᠢᠨ  ᠮᠤᠩᠭᠤᠯ  ᠢᠵᠠᠭᠤᠷᠳᠠᠨ   ᠲᠠᠢ  ᠲᠠᠶᠢᠨ  ᠲᠠᠵᠢᠨ  ᠡᠭᠦᠰᠭᠡᠰᠡᠨ   ᠲᠡᠮᠳᠡᠭᠡᠯᠡᠯ  ᠬᠠᠷᠬᠠᠨ  ᠦᠭᠡᠢ  ᠪᠠᠶᠢᠨ᠎ᠠ  ᠃   ᠬᠠᠷᠢᠨ ︿ ︿ᠸᠠᠨ   ᠯᠢ  ᠴᠢᠷᠡᠭ   ᠤᠨ  ᠵᠢᠳᠬᠦᠯᠳᠡᠨ   ᠤ  ᠲᠡᠮᠳᠡᠭᠡᠯᠡᠯ  ﹀﹀   ᠤᠨ  ᠤᠯᠠᠩᠬᠢ   ᠬᠠᠭᠤᠳᠠᠰᠤᠨ   ᠳᠤ  ︿︿ ᠴᠠᠬᠠᠷ   ᠤᠨ  ᠡᠯ᠎ᠡ  ᠠᠶᠢᠮᠠᠭ   ᠯᠤᠭ᠎ᠠ   ᠬᠤᠯᠪᠤᠭᠠᠨᠯᠠᠨ  ﹀﹀   ᠭᠡᠵᠦ   ᠲᠡᠮᠳᠡᠭᠡᠯᠡᠭᠰᠡᠨ  ᠪᠠᠶᠢᠳᠠᠭ  ᠃  ᠬᠠᠷᠢᠨ  ᠮᠢᠩ   ᠤᠨ  ᠬᠤᠯᠭᠠᠢ  ᠵᠠᠩ  ᠰᠢᠦᠧᠠᠢ  ᠶᠠᠨ  ᠲᠦᠮᠡᠨ  ᠯᠠᠩ   ᠤᠨ  ᠬᠦᠨᠳᠦ   ᠪᠠᠷ  ᠮᠤᠩᠭᠤᠯ  ᠢᠵᠠᠭᠤᠷᠳᠠᠳ   ᠢ  ᠵᠠᠪᠰᠠᠷᠠᠭᠤᠯᠤᠨ  ᠂ ᠮᠤᠩᠭᠤᠯ  ᠢᠵᠠᠭᠤᠷᠳᠠᠳ   ᠤᠨ  ᠭᠠᠷ    ᠢᠶᠠᠷ ᠰᠤᠪᠬᠠᠢ   ᠶᠢ  ᠠᠯᠠᠭᠤᠯᠬᠤ ᠶᠢ  ᠭᠤᠷᠢᠳᠠᠭᠰᠠᠨ ᠴᠦ  ᠤᠶᠢᠰᠢᠶᠠᠭᠰᠨ  ᠬᠦᠮᠦᠨ ᠭᠠᠷᠤᠭᠰᠠᠨ  ᠦᠭᠡᠢ ᠪᠠᠶᠢᠳᠠᠭ  ᠃  ᠡᠨᠡ   ᠨᠢ ᠰᠤᠪᠬᠠᠢ  ᠬᠢᠭᠡᠳ  ᠪᠤᠰᠤᠳ   ᠨᠤᠶᠠᠷᠬᠠᠭᠴᠢᠳ   ᠤᠨ ᠬᠠᠷᠢᠴᠠᠭ᠎ᠠ  ᠲᠤᠶᠢᠯ   ᠤᠨ  ᠲᠤᠳᠤᠨᠤ   ᠪᠠᠶᠢᠭᠰᠠᠨ   ᠢ  ᠬᠠᠷᠠᠭᠤᠯᠵᠦ ᠪᠠᠶᠢᠨ᠎ᠠ  ᠃    ᠰᠤᠪᠬᠠᠢ   ᠲᠦᠮᠡᠨ  ᠵᠠᠰᠠᠭᠳᠦ  ᠬᠠᠭᠠᠨ   ᠤ  ︿︿ᠵᠠᠰᠠᠭ  ﹀﹀ ᠲᠤ   ᠰᠤᠩᠭᠤᠭᠳᠠᠨ  ᠤᠷᠤᠭᠰᠠᠨ   ᠨᠢ ᠲᠡᠭᠦᠨ   ᠤ   ᠲᠦᠪ   ᠲᠤ  ᠲᠦᠪᠯᠡᠷᠡᠬᠦ  ᠡᠷᠬᠡ   ᠨᠢ ᠰᠤᠯᠠᠷᠠᠭᠰᠠᠨ  ᠲᠦᠷᠦ  ᠵᠠᠰᠠᠭ   ᠢᠶᠠᠨ  ᠮᠡᠳᠡᠷᠡᠨ  ᠬᠠᠷᠠᠭᠠᠯᠵᠠᠵᠤ  ᠪᠦᠯᠬᠦᠮᠳᠡᠯ   ᠤᠨ  ᠬᠦᠴᠦᠨ   ᠢᠶᠠᠷ   ᠲᠡᠳᠬᠦᠬᠦ  ᠭᠡᠰᠡᠨ  ᠬᠦᠰᠡᠯ   ᠢ   ᠨᠢ  ᠢᠯᠡᠷᠬᠡᠶᠢᠯᠡᠵᠠᠢ  ᠃   ᠲᠠᠪᠤ  ᠄  ᠰᠤᠪᠬᠠᠢ   ᠶᠢᠨ   ᠤᠪᠤᠭ   ᠬᠢᠭᠡᠳ  ᠠᠶᠢᠮᠠᠭ   ᠤᠨ  ᠲᠤᠬᠠᠢ  ᠪᠠᠭᠠᠷᠢᠨ   ᠬᠤᠰᠢᠭᠤᠨ   ᠤ  ᠰᠠᠭᠤᠷᠢ   ᠶᠢ ᠲᠠᠯᠪᠢᠭᠴᠢ  ᠰᠤᠪᠬᠠᠢ   ᠨᠢ    ᠭᠢᠶᠠᠳ  ᠠᠶᠢᠮᠠᠭ   ᠤᠨ   ᠪᠤᠷᠵᠢᠬᠢᠨ  ᠤᠪᠤᠭᠳᠠᠨ  ᠮᠦᠨ    ᠃   ᠪᠠᠭᠠᠷᠢᠨ  ᠭᠡᠳᠡᠭ   ᠨᠢ  ᠲᠡᠭᠦᠨ   ᠤ  ᠵᠠᠬᠢᠷᠤᠭᠰᠠᠨ  ᠵᠠᠰᠠᠭ  ᠵᠠᠬᠢᠷᠭᠠᠨ   ᠤ   ᠨᠡᠷᠡᠶᠢᠳᠦᠯ  ᠮᠦᠨ  ᠃    ᠬᠠᠷᠢᠨ  ᠠᠶᠢᠮᠠᠭ   ᠨᠢ  ᠪᠢᠰᠢ  ᠂  ᠤᠪᠤᠭ   ᠨᠢ   ᠨᠡᠩ  ᠪᠢᠰᠢ  ᠃ ᠤᠳᠤᠬᠠᠨ   ᠳᠤ  ᠬᠡᠰᠡᠭ  ᠪᠦᠯᠦᠭ  ᠮᠤᠩᠭᠤᠯ  ᠬᠦᠮᠦᠨ   ᠢ  ᠪᠠᠭᠳᠠᠭᠠᠭᠰᠠᠨ  ᠨᠢᠭᠡ  ᠪᠦᠯᠦᠭ  ᠬᠦᠮᠦᠰ  ᠮᠤᠩᠭᠤᠯ  ᠬᠦᠮᠦᠨ   ᠳᠤ   ᠤᠪᠤᠭ  ᠦᠭᠡᠢ  ᠭᠡᠵᠦ ᠶᠠᠷᠢᠵᠦ ᠪᠤᠢ  ᠃   ᠮᠤᠩᠭᠤᠯᠴᠤᠤᠳ  ᠲᠡᠭᠡᠳᠦ   ᠶᠢᠨ  ᠦᠶ᠎ᠡ   ᠲᠡᠭᠡᠨ  ᠤᠪᠤᠭ  ᠪᠠᠶᠢᠭᠰᠠᠨ  ᠦᠭᠡᠢ   ᠨᠢ  ᠯᠠᠪᠳᠠᠢ  ᠂ ᠤᠴᠠᠷ   ᠨᠢ  ᠶᠠᠮᠠᠷ  ᠪᠠ  ᠦᠨᠳᠦᠰᠦᠳᠡᠨ   ᠨᠢ  ᠪᠦᠷᠢᠯᠳᠦᠮᠡᠩᠴᠨ  ᠤᠪᠤᠭ  ᠪᠠᠶᠢᠭᠰᠨ᠋  ᠦᠭᠡᠢ  ᠂ ᠨᠡᠷ᠎ᠡ  ᠴᠦ  ᠪᠠᠶᠢᠭᠰᠠᠨ ᠦᠭᠡᠢ  ᠃  ᠭᠡᠳᠡᠯ᠎ᠡ ᠮᠤᠩᠭᠤᠯ ᠬᠦᠮᠦᠨ   ᠳᠤ  ᠬᠠᠮᠤᠭ  ᠨᠠᠭᠠᠳᠦ   ᠵᠠᠬ᠎ᠠ   ᠳᠠᠭᠠᠨ ᠤᠳᠤᠬᠠᠨ   ᠳᠤ  ᠨᠢᠭᠡᠨᠳᠡ  ᠤᠪᠤᠭ   ᠲᠠᠢ  ᠪᠤᠯᠤᠭᠰᠠᠨ  ᠭᠡᠳᠡᠭ  ᠮᠡᠳᠡᠷᠡᠬᠦ  ᠬᠡᠷᠡᠭᠳᠠᠢ  ᠃ ᠮᠤᠩᠭᠤᠯ  ᠬᠦᠮᠦᠨ   ᠤ  ᠤᠪᠤᠭ   ᠨᠢ  ᠶᠡᠷᠦᠩᠭᠬᠢ   ᠳᠡᠭᠡᠨ  ᠭᠤᠷᠪᠠᠨ  ᠢᠷᠡᠯᠳᠡ   ᠲᠠᠢ  ᠃  ᠨᠢᠭᠡ ᠳᠤ  ᠄  ᠡᠷᠳᠡᠨ ᠤ  ᠮᠤᠩᠭᠤᠯ  ᠠᠶᠢᠮᠠᠭ   ᠤᠨ  ᠰᠠᠭᠤᠷᠢᠨ ᠲᠡᠭᠡᠷ᠎ᠡ  ᠬᠦᠭᠵᠢᠵᠦ  ᠤᠪᠤᠭ  ᠪᠤᠯᠤᠭᠰᠠᠨ   ᠲᠡᠳᠡᠨᠡᠷ  ᠪᠤᠯᠪᠠᠯ  ᠮᠤᠩᠭᠤᠯ  ᠦᠨᠳᠦᠰᠦᠳᠡᠨ   ᠤ  ᠨᠢᠷᠤᠭᠤ  ᠲᠤᠯᠭᠠᠭᠤᠷᠢ  ᠮᠦᠨ︔  ᠬᠤᠶᠠᠷ   ᠲᠤ᠄  ᠮᠤᠩᠭᠤᠯ   ᠤᠨ  ᠬᠦᠴᠦᠷᠬᠡᠵᠢᠯ   ᠤᠨ  ᠦᠶ᠎ᠡ   ᠳᠤ  ᠮᠤᠩᠭᠤᠯ  ᠢᠵᠠᠭᠤᠷᠳᠠᠨ   ᠤ  ᠪᠤᠭᠤᠯ  ᠠᠯᠪᠠᠳᠦ  ᠨᠠᠷ  ᠹᠢᠥᠳᠡᠯ   ᠢᠵᠠᠭᠤᠷᠳᠠᠨ   ᠤ   ᠪᠠᠨ  ᠠᠶᠢᠮᠠᠭ  ᠤᠪᠤᠭ   ᠤᠨ  ᠨᠡᠷ᠎ᠡ   ᠶᠢ  ᠬᠦᠯᠢᠶᠡᠵᠦ  ᠠᠪᠤᠭᠰᠠᠨ  ︔  ᠡᠳᠡᠭᠡᠷ  ᠬᠦᠮᠦᠰ   ᠲᠤ  ᠤᠯᠠᠨ  ᠲᠤᠭᠠᠨ   ᠤ  ᠬᠠᠷᠢ ᠦᠨᠳᠦᠰᠦᠳᠡᠨ   ᠤ  ᠠᠯᠪᠠᠳᠦ ᠢᠷᠭᠡᠨ  ᠪᠠᠭᠳᠠᠵᠦ  ᠂ ᠲᠡᠦᠬᠡᠨ  ᠬᠦᠭᠵᠢᠯᠳᠡ   ᠶᠢ ᠲᠠᠭᠠᠯᠳᠦᠨ   ᠵᠢᠩᠬᠢᠨᠢ  ᠮᠤᠩᠭᠤᠯ  ᠬᠦᠮᠦᠨ  ᠪᠤᠯᠵᠤ  ᠬᠤᠪᠢᠷᠠᠨ  ᠠᠭᠤᠰᠴᠦ  ᠮᠤᠩᠭᠤᠯᠴᠤᠳ   ᠤᠨ  ᠮᠠᠨᠳᠤᠯ  ᠪᠠᠭᠤᠷᠠᠯ   ᠳᠤ  ᠬᠦᠨᠳᠦ  ᠨᠦᠯᠦᠭᠡ   ᠭᠠᠷᠭᠠᠭᠰᠠᠭᠠᠷ  ︔   ᠭᠤᠷᠪᠠ   ᠳᠤ  ᠴᠢᠩ  ᠤᠯᠤᠰ   ᠤᠨ  ᠬᠠᠭᠠᠳ  ᠮᠤᠩᠭᠤᠯ  ᠸᠠᠩ  ᠭᠦᠩ   ᠳᠤ  ᠮᠤᠷᠳᠠᠭᠤᠯᠠᠭᠰᠠᠨ  ᠠᠪᠠᠭᠠᠢ  ᠭᠦᠩᠵᠦ ᠨᠠᠷ   ᠤᠨ  ᠲᠠᠭᠠᠭᠰᠠᠨ  ᠢᠨᠵᠦ  ᠮᠠᠨᠵᠦ  ᠨᠠᠷ ᠤᠨ  ᠬᠤᠶᠢᠴᠢᠰ  ᠦᠪᠡᠷ   ᠤᠨ  ᠤᠪᠤᠭ   ᠢᠶᠠᠨ ᠰᠢᠭᠤᠳ  ᠪᠠᠷᠢᠮᠳᠠᠯᠠᠭᠰᠠᠨ  ᠃  ᠡᠳᠡᠭᠡᠷ  ᠬᠦᠮᠦᠨ  ᠮᠤᠩᠭᠤᠯ   ᠲᠠᠢ  ᠢᠵᠢᠯᠰᠢᠨ  ᠠᠭᠤᠰᠤᠭᠠᠳ  ᠮᠤᠩᠭᠤᠯ  ᠰᠤᠶᠤᠯ  ᠂  ᠨᠡᠶᠢᠭᠡᠮ  ᠂  ᠠᠵᠤ  ᠠᠬᠤᠢ   ᠶᠢᠨ  ᠴᠢᠨᠨᠠᠭᠰᠢᠯᠠᠪᠠᠯ  ᠴᠢᠷᠡᠭ  ᠲᠠᠶᠢᠨ   ᠤ  ᠲᠡᠦᠬᠡᠨ ᠳᠤ  ᠪᠠᠯᠠᠷᠠᠰᠢ  ᠦᠭᠡᠢ  ᠦᠢᠯᠳᠦᠯ   ᠦᠵᠡᠭᠦᠯᠦᠭᠰᠡᠭᠡᠷ  ᠃  ᠭᠡᠬᠦ   ᠳᠤ  ᠬᠡᠰᠡᠭ  ᠪᠦᠯᠦᠭ  ᠢᠪᠴᠦ   ᠦᠵᠡᠯᠳᠡᠳ  ᠲᠡᠳᠡᠨᠡᠷ   ᠢ  ᠭᠠᠳᠠᠭᠤᠷᠴᠢᠯᠠᠵᠦ  ᠶᠠᠷᠢᠳᠠᠭ   ᠨᠢ  ᠲᠡᠦᠬᠡᠨ  ᠴᠢᠨᠠᠷᠳᠠᠢ   ᠬᠠᠷᠠᠮᠰᠠᠯ  ᠪᠤᠯᠬᠤ  ᠶᠤᠮ  ᠃  ᠮᠤᠩᠭᠤᠯ  ᠬᠦᠮᠦᠨ   ᠳᠤ  ᠤᠪᠤᠭ   ᠲᠠᠢ ᠪᠤᠯᠤᠭᠰᠠᠨ  ᠬᠠᠮᠤᠭ  ᠢᠯᠡ ᠪᠠᠷᠢᠮᠳᠠ  ᠪᠤᠯᠪᠠᠯ ︿︿ ᠤᠪᠤᠭ﹀﹀ ᠭᠡᠬᠦ  ᠨᠡᠷ᠎ᠡ  ᠦᠭᠡ ᠮᠦᠨ  ᠃    ᠮᠤᠩᠭᠤᠯ  ᠬᠦᠮᠦᠨ   ᠳᠤ  ᠤᠪᠤᠭ   ᠲᠠᠢ  ᠭᠡᠳᠡᠭ   ᠲᠤ  ᠵᠤᠬᠢᠶᠠᠯ  ᠠᠭᠤᠯᠠᠭ᠎ᠠ   ᠠᠴᠠ   ᠬᠤᠯᠠᠳᠠᠬᠤ  ᠦᠭᠡᠢ   ᠶᠢᠨ  ᠲᠦᠯᠦᠭᠡ  ᠬᠤᠶᠠᠷᠬᠠᠨ   ᠵᠢᠰᠢᠶ᠎ᠡ  ᠲᠤᠷᠠᠳᠤᠶ᠎ᠠ  ᠃   ᠨᠢᠭᠡ ᠳᠤ ᠦᠭᠡ  ᠪᠤᠯᠪᠠᠯ  ᠪᠤᠰᠤᠳᠴᠢ ᠠᠬᠤᠢ   ᠶᠢᠨ  ᠰᠢᠭᠤᠳ   ᠲᠤᠰᠬᠠᠯ ᠮᠦᠨ  ᠃  ︿︿ ᠤᠪᠤᠭ  ﹀﹀ ᠭᠡᠰᠡᠨ   ᠦᠭᠡ   ᠪᠤᠢ  ᠪᠤᠯᠵᠤ  ᠬᠡᠷᠡᠭᠯᠡᠳᠡᠭᠰᠡᠨ   ᠨᠢ  ᠨᠢᠭᠡ  ᠪᠠᠷᠢᠮᠳᠠ  ᠃  ᠬᠤᠶᠠᠷ   ᠲᠤ  ᠤᠷᠴᠢᠨ  ᠦᠶ᠎ᠡ   ᠶᠢᠨ  ᠠᠯᠳᠠᠷᠳᠦ  ᠡᠷᠳᠡᠮᠳᠡᠨ  ᠲᠠᠮᠳᠢᠩᠰᠦᠷᠤᠩ   ᠤᠨ  ᠰᠢᠯᠦᠭ   ᠲᠤ ︿︿ ᠬᠠᠳᠠᠭᠢᠨ  ᠤᠪᠤᠭ   ᠤᠨ  ᠨᠡᠭᠦᠳᠡᠯᠴᠢᠨ  ᠂  ᠬᠠᠷᠠᠴᠦ  ᠢᠵᠠᠭᠤᠷᠳᠦ  ᠲᠠᠮᠳᠢᠩᠰᠦᠷᠦᠩ  ﹀﹀  ᠭᠡᠵᠦ  ᠤᠶᠠᠩᠭᠠᠯᠭᠰᠠᠨ  ᠪᠠᠶᠢᠳᠠᠭ  ᠃   ᠲᠠᠮᠳᠢᠩᠰᠦᠷᠦᠩ   ᠨᠠᠷ  ᠮᠤᠩᠭᠤᠯ  ᠦᠨᠳᠦᠰᠦᠳᠡᠨ   ᠤ  ᠤᠷᠴᠢᠨ  ᠦᠶ᠎ᠡ   ᠶᠢᠨ  ᠲᠡᠦᠬᠡᠨ   ᠲᠠᠬᠢ  ᠬᠠᠮᠤᠭ    ᠭᠠᠷᠮᠠᠭᠠᠢ   ᠬᠡᠯᠡ  ᠰᠤᠶᠤᠯ  ᠂ ᠲᠡᠦᠬᠡ   ᠶᠢᠨ ᠡᠷᠳᠡᠮᠳᠡᠨ ᠭᠡᠳᠡᠭ   ᠲᠤ  ᠮᠠᠷᠭᠤᠬᠤ  ᠬᠦᠮᠦᠨ  ᠴᠦᠬᠡᠨ  ᠪᠠᠶᠢᠭ᠎ᠠ  ᠃ᠮᠤᠩᠭᠤᠯ  ᠬᠦᠮᠦᠨ   ᠢ  ᠤᠪᠤᠭ  ᠦᠭᠡᠢ   ᠭᠡᠳᠡᠭ   ᠨᠢ  ᠨᠢᠭᠡ  ᠵᠦᠢᠯ   ᠤᠨ  ᠲᠤᠷᠤᠮᠵᠢ  ᠪᠠᠶᠢᠭ᠎ᠠ  ᠶᠤᠮ  ᠃   ᠡᠶᠢᠮᠦ   ᠠᠴᠠ  ᠰᠤᠪᠬᠠᠢ   ᠶᠢᠨ  ᠪᠠᠭᠠᠷᠢᠨ   ᠢ   ᠪᠤᠳᠠᠨᠴᠢᠷ   ᠤᠨ  ᠪᠠᠷᠢᠵᠦ  ᠠᠪᠤᠭᠰᠠᠨ  ᠡᠬᠡᠨᠡᠷ   ᠠᠴᠠ  ᠲᠦᠷᠦᠭᠰᠡᠨ   ︿︿ᠪᠠᠷᠢᠶᠠᠳᠠᠢ  ﹀   ᠶᠢᠨ  ᠬᠤᠶᠢᠴᠢᠰ   ᠲᠠᠢ   ᠬᠤᠳᠬᠤᠨ  ᠶᠠᠷᠢᠳᠠᠭ  ᠦᠵᠡᠯᠳᠡ   ᠳᠤ  ᠨᠠᠷᠢᠨ  ᠰᠤᠳᠤᠯᠤᠯᠳᠠ   ᠬᠢᠪᠡᠯ  ᠵᠤᠬᠢᠨ᠎ᠠ  ᠃  ᠤᠯᠠᠭᠠᠨᠬᠠᠳᠠ   ᠶᠢᠨ  ᠡᠳᠦᠷ   ᠤᠨ  ᠰᠤᠨᠢᠨ   ᠤ 2010 ᠤᠨ 1 ᠰᠠᠷ᠎ᠠ   ᠶᠢᠨ 1   ᠤ  ᠬᠢᠳᠠᠳ  ᠬᠡᠪᠯᠡᠯ   ᠲᠤ  ᠴᠧᠨ  ᠭᠤᠸᠠᠩ  ᠡᠦ   ᠶᠢᠨ  ᠪᠢᠴᠢᠭᠰᠡᠨ  ︿︿ ᠵᠡᠭᠦᠨ  ᠪᠠᠷᠠᠭᠤᠨ  ᠬᠤᠶᠠᠷ  ᠪᠠᠭᠠᠷᠢᠨ  ᠬᠤᠰᠢᠭᠤᠨ   ᠤ  ᠨᠡᠷᠡᠶᠢᠳᠦᠯ  ᠲᠤᠬᠠᠢ  ᠬᠠᠶᠢᠨ  ᠰᠦᠪᠡᠭᠴᠢᠯᠡᠯ  ﹀﹀ ᠭᠡᠬᠦ  ᠵᠤᠬᠢᠶᠠᠯ   ᠳᠠᠭᠠᠨ   ︿︿ ᠬᠤᠶᠢᠳᠦ  ᠠᠯᠳᠠᠨ  ᠤᠯᠤᠰ   ᠤᠨ  ᠰᠡᠭᠦᠯᠴᠢ   ᠪᠠᠷ  ᠤᠤᠯ   ᠤᠨ  ᠮᠤᠩᠭᠤᠯ  ᠠᠶᠢᠮᠠᠭ  ᠪᠦᠯᠦᠭ  ᠪᠦᠯᠦᠭ   ᠢᠶᠠᠷ  ᠵᠠᠳᠠᠷᠠᠨ  ᠰᠢᠨ᠎ᠡ  ᠠᠶᠢᠮᠠᠭ  ᠪᠦᠷᠢᠯᠳᠦᠨ  ᠲᠤᠭᠳᠠᠨᠢᠵᠠᠢ  ᠃  ᠡᠨᠡᠬᠦ  ᠦᠶᠡᠰ  ᠪᠠᠭᠠᠷᠢᠨ  ᠭᠠᠷᠦᠯ   ᠲᠠᠢ  ᠮᠤᠩᠭᠤᠯ  ᠴᠢᠷᠡᠭ   ᠢᠶᠠᠷ  ᠭᠤᠤᠯ  ᠪᠤᠯᠭᠠᠭᠰᠠᠨ  ᠰᠢᠨ᠎ᠡ  ᠪᠠᠭᠠᠷᠢᠨ  ᠠᠶᠢᠮᠠᠭ  ᠪᠦᠷᠢᠯᠳᠦᠵᠦ  ᠰᠤᠪᠬᠠᠢ  ᠲᠡᠭᠦᠨ   ᠢ  ᠶᠡᠷᠦᠩᠭᠡᠶᠢᠯᠡᠨ  ᠵᠠᠬᠢᠷᠴᠠᠢ  ᠃  ᠲᠤᠰ  ᠠᠶᠢᠮᠠᠭ   ᠨᠢ  ᠪᠠᠭᠠᠷᠢᠨ  ᠠᠶᠢᠮᠠᠭ   ᠤᠨ  ᠬᠦᠮᠦᠨ  ᠪᠠ  ᠴᠢᠷᠡᠭ  ᠪᠠᠭᠤᠳᠠᠯᠯᠠᠭᠰᠠᠨ  ︿︿ᠪᠠᠶᠢᠷᠢ  ﹀﹀  ᠪᠤᠯᠤᠭᠰᠠᠨ   ᠠᠴᠠ  ︿ ︿ ᠪᠠᠶᠢᠷᠢᠨ  ﹀﹀  ᠬᠡᠮᠡᠭᠳᠡᠬᠦ  ᠪᠤᠯᠵᠠᠢ  ᠭᠡᠵᠦ    ᠬᠤᠶᠠᠷ  ᠦᠵᠡᠯᠳᠡ ᠶᠢ  ᠨᠡᠶᠢᠯᠡᠭᠦᠯᠦᠨ  ᠲᠤᠷᠠᠳᠤᠭᠰᠠᠨ  ᠪᠠᠶᠢᠳᠠᠭ  ᠃  ᠡᠨᠡᠬᠦ  ᠪᠦᠭᠡᠷᠡᠩᠬᠢ  ᠦᠵᠡᠯᠳᠡ   ᠪᠠᠷ  ᠲᠡᠦᠬᠡ   ᠶᠢᠨ  ᠨᠠᠷᠢᠨ   ᠢ  ᠲᠠᠶᠢᠯᠪᠦᠷᠢᠯᠠᠬᠤ   ᠨᠢ  ᠵᠤᠬᠢᠰ  ᠦᠭᠡᠢ  ᠃ ᠶᠠᠭᠤ  ᠴᠦ  ᠭᠡᠰᠡᠨ  ᠰᠤᠪᠬᠠᠢ   ᠶᠢᠨ  ᠪᠠᠭᠠᠷᠢᠨ  ᠬᠢᠭᠡᠳ  ︿︿ᠪᠠᠷᠢᠶᠠᠳᠠᠢ  ﹀﹀   ᠶᠢᠨ  ᠬᠤᠶᠢᠴᠢᠰ  ᠪᠠᠭᠠᠷᠢᠨ   ᠤᠪᠤᠭᠳᠠᠨ   ᠲᠠᠢ  ᠶᠠᠮᠠᠷ  ᠨᠢᠭᠡᠨ  ᠬᠤᠯᠪᠤᠭᠳᠠᠯᠳᠠᠢ  ᠭᠡᠳᠡᠭ   ᠢ   ᠤᠠᠯᠮ  ᠨᠢᠭᠡ  ᠠᠯᠬᠤᠮ  ᠲᠤᠳᠤᠷᠬᠠᠶᠢᠯᠠᠬᠤ  ᠴᠢᠬᠤᠯᠠ   ᠲᠠᠢ  ᠃ ᠠᠳᠡ  ᠵᠤᠬᠢᠶᠠᠯ   ᠤᠨ  ᠰᠡᠳᠦᠪ   ᠠᠴᠠ  ᠰᠠᠯᠬᠤ   ᠠᠴᠠ  ᠬᠢᠴᠢᠶᠡᠬᠦ   ᠶᠢᠨ  ᠲᠦᠯᠦᠭᠡ  ᠠᠳᠡ  ᠬᠦᠷᠳᠡᠯ᠎ᠡ  ᠶᠠᠷᠢᠶ᠎ᠠ  ᠃  ᠵᠢᠷᠭᠤᠭ᠎ᠠ  ᠄   ᠰᠤᠪᠬᠠᠢ   ᠶᠢᠨ  ᠰᠦᠮ᠎ᠡ   ᠶᠢᠨ  ᠲᠤᠬᠠᠢ ᠰᠤᠪᠬᠠᠢ   ᠶᠢᠨ  ᠰᠦᠮ᠎ᠡ   ᠶᠢᠨ  ᠪᠦᠷᠢᠨ  ᠨᠡᠷᠡᠶᠢᠳᠦᠯ   ᠨᠢ  ︿︿ ᠰᠤᠪᠬᠠᠢ   ᠶᠢᠨ  ᠲᠠᠷᠬᠠᠨ  ᠰᠦᠮ᠎ᠡ﹀﹀  ᠭᠡᠳᠡᠭ  ᠃  ᠨᠤᠳᠤᠭ   ᠤᠨ   ᠮᠤᠩᠭᠤᠯᠴᠤᠤᠳ  ᠲᠡᠭᠦᠨ   ᠢ  ︿︿ ᠰᠤᠪᠤᠳᠢ   ᠶᠢᠨ   ᠰᠦᠮ᠎ᠡ  ﹀﹀   ᠭᠡᠳᠡᠭ  ᠃   ᠪᠠᠭᠠᠷᠢᠨ  ᠪᠠᠷᠠᠭᠤᠨ  ᠬᠤᠰᠢᠭᠤᠨ   ᠤ   ᠠᠩᠬᠠᠳᠤᠭᠴᠢ  ᠸᠠᠩ  ᠰᠡᠪᠳᠠᠨ  ᠡᠩᠬᠡ  ᠠᠮᠤᠭᠤᠯᠠᠩ   ᠤᠨ  ᠵᠢᠷᠭᠤᠳᠤᠭᠠᠷ  ᠤᠨ   ᠳᠤ  ᠲᠡᠭᠷᠢ   ᠳᠤ  ᠬᠠᠯᠢᠬᠤ   ᠳᠠᠭᠠᠨ  ᠪᠠᠭᠠᠷᠢᠨ   ᠬᠤᠰᠢᠭᠤᠨ   ᠤ ᠰᠭᠤᠷᠢ  ᠲᠠᠯᠪᠢᠭᠴᠢ  ᠰᠤᠪᠬᠠᠢ   ᠳᠤ  ᠰᠦᠮ᠎ᠡ ᠪᠤᠰᠬᠠᠨ  ᠲᠤᠷᠰᠬᠠᠬᠤ   ᠶᠢ   ᠭᠡᠷᠢᠶᠡᠰᠦᠯᠡᠵᠠᠢ᠃   ᠭᠡᠷᠢᠶᠡᠰ  ᠵᠠᠷᠯᠢᠭ   ᠢᠶᠠᠷ  ᠪᠠᠭᠠᠷᠢᠨ  ᠪᠠᠷᠠᠭᠤᠨ  ᠬᠤᠰᠢᠭᠤᠨ   ᠤ  ᠭᠤᠷᠪᠠᠳᠤᠭᠠᠷ  ᠸᠠᠩ  ᠨᠠᠮᠳᠠᠭ  ᠪᠠᠭᠠᠷᠢᠨ   ᠤ ᠪᠠᠷᠠᠭᠤᠨ  ᠬᠡᠰᠡᠭ   ᠤᠨ  ᠵᠡᠭᠦᠨ  ᠪᠤᠯᠤᠩ   ︵ᠤᠳᠤᠬᠠᠨ   ᠤ  ᠯᠢᠨᠰᠢ  ᠰᠢᠶᠠᠨ   ᠤ   ᠯᠢᠨᠰᠢ  ᠪᠠᠯᠭᠠᠰᠦᠨ   ᠠᠴᠠ  ᠵᠡᠭᠦᠨᠰᠢ  ᠨᠠᠢᠮᠠᠨ  ᠭᠠᠵᠠᠷ  ᠵᠠᠶᠢᠳᠠᠢ  ︶   ᠰᠦᠮ᠎ᠡ  ᠪᠤᠰᠬᠠᠵᠦ  ᠲᠠᠬᠢᠵᠠᠢ  ᠃ 1744  ᠤᠨ   ᠳᠤ ᠲᠡᠭᠷᠢ  ᠲᠡᠳᠬᠦᠭᠴᠢ  ᠵᠡᠭᠦᠨᠰᠢ     ᠪᠠᠶᠢᠴᠠᠭᠠᠬᠤ   ᠳᠠᠭᠠᠨ ᠰᠢᠳᠠᠷ  ᠶᠠᠪᠤᠭᠰᠠᠨ  ᠪᠠᠭᠠᠷᠢᠨ ᠤ   ᠷᠢᠨᠴᠢᠨ ᠸᠠᠩ ᠳᠤ  ᠴᠢᠨ  ᠸᠠᠩ   ᠤᠨ ᠭᠡᠷᠬᠡᠮ   ᠬᠦᠷᠳᠡᠭᠡᠵᠦ  ᠃ᠰᠤᠪᠬᠠᠢ   ᠶᠢᠨ  ᠰᠦᠮ᠎ᠡ   ᠶᠢ  ᠯᠠᠮᠠ   ᠶᠢᠨ  ᠰᠦᠮ᠎ᠡ   ᠪᠤᠯᠭᠠᠨ  ᠦᠷᠭᠡᠳᠬᠡᠨ  ᠪᠠᠶᠢᠭᠤᠯᠬᠤ    ᠶᠢ  ᠰᠤᠶᠤᠷᠬᠠᠨ  ︿︿ᠪᠦᠬᠦᠳᠡ   ᠶᠢ  ᠦᠷᠨᠢᠭᠦᠯᠦᠭᠴᠢ ᠰᠦᠮ᠎ᠡ  ﹀﹀ ᠬᠡᠮᠡᠨ  ᠨᠡᠷᠡᠶᠢᠳᠴᠠᠢ  ᠃  ᠭᠡᠳᠡᠯ᠎ᠡ  ᠨᠤᠳᠤᠭ   ᠤᠨ  ᠬᠦᠮᠦᠨ ᠮᠦᠨ ᠯᠡ  ︿︿ᠰᠤᠪᠬᠠᠢ   ᠶᠢᠨ  ᠰᠦᠮ᠎ᠡ  ﹀﹀ ᠭᠡᠵᠦ  ᠲᠠᠭᠤᠳᠠᠵᠤ  ᠂  ᠬᠤᠵᠢᠮ   ᠨᠢ  ︿︿ᠰᠤᠪᠤᠳᠢ   ᠶᠢᠨ  ᠰᠦᠮ᠎ᠡ﹀﹀ ᠭᠡᠵᠦ  ᠠᠪᠢᠶᠠᠨ ᠤ  ᠤᠨᠳᠤᠤᠰᠢᠯ    ᠡᠭᠦᠰᠴᠠᠢ  ᠃  ᠰᠤᠪᠬᠠᠢ   ᠶᠢᠨ  ᠰᠦᠮ᠎ᠡ   ᠨᠢ  ᠠᠭᠤᠯᠠᠨ ᠰᠢᠭᠤᠢ   ᠶᠢ ᠠᠷᠤᠯᠠᠵᠤ  ᠂ ᠭᠠᠯᠳᠠᠰᠤᠳᠠᠢ  ᠭᠤᠤᠯ   ᠢ  ᠢᠰᠭᠦᠯᠡᠨ  ᠪᠠᠶᠢᠷᠰᠢᠵᠠᠢ  ᠃  ᠪᠠᠳᠠᠷᠠᠨ  ᠬᠦᠭᠵᠢᠭᠰᠡᠨ ᠴᠠᠭ   ᠲᠠᠭᠠᠨ 300  ᠢᠯᠡᠭᠦᠦ  ᠯᠠᠮᠠ  ᠬᠤᠸᠠᠷᠠᠭ  ᠂  80 ᠢᠯᠡᠭᠦᠦ  ᠤᠷᠤᠨ  ᠰᠠᠭᠤᠴᠠ   ᠲᠠᠢ  ᠪᠠᠶᠢᠵᠠᠢ  ᠃  ᠪᠠᠭᠠᠷᠢᠨ ᠤ ᠠᠳᠠᠷ  ᠬᠠᠭᠠᠯᠪᠤᠷᠢᠯᠠᠯᠳᠠ   ᠶᠢᠨ   ᠦᠶᠡᠰ  ᠂ ᠪᠠᠳᠠᠷᠭᠤᠯᠳᠦ  ᠲᠦᠷᠦ   ᠶᠢᠨ 33 ᠤᠨ  ︵1908︶   ᠳᠤ  ᠯᠠᠮᠠ  ᠬᠤᠸᠠᠷᠠᠭ   ᠢ   ᠨᠢ  ᠠᠯᠪᠠᠳᠠᠨ  ᠵᠠᠶᠢᠯᠠᠭᠤᠯᠵᠤ  ᠂ ᠰᠦᠮ᠎ᠡ   ᠶᠢ ᠨᠢ  ᠠᠳᠠᠷ  ᠬᠠᠭᠠᠯᠪᠤᠷᠢᠯᠠᠬᠤ  ᠲᠤᠪᠴᠢᠶ᠎ᠠ   ᠳᠤ ᠲᠦᠷᠢᠶᠡᠰᠦᠯᠡᠨ   ᠦᠭᠴᠦ  ᠂  ᠢᠷᠭᠡᠨ  ᠤᠯᠤᠰ   ᠤᠨ 10 ᠤᠨ  ︵1921︶ ᠤᠨ   ᠳᠤ  ᠨᠤᠷᠠᠭᠠᠵᠦ  ᠤᠷᠬᠢᠵᠠᠢ  ᠃ᠨᠠᠶᠢᠷᠠᠭᠤᠯᠤᠭᠰᠠᠨ   ᠤ  ᠲᠠᠷᠠᠭᠠᠬᠢ  ᠦᠭᠡ ᠪᠠᠭᠠᠷᠢᠨ  ᠬᠤᠰᠢᠭᠤᠨ   ᠤ  ᠰᠠᠭᠤᠷᠢ   ᠶᠢ  ᠲᠠᠯᠪᠢᠭᠴᠢ  ᠰᠤᠪᠬᠠᠢ   ᠶᠢᠨ  ᠲᠤᠬᠠᠢ ᠪᠢᠴᠬᠦ   ᠪᠠᠷ  ᠨᠡᠯᠢᠶᠡᠳ  ᠡᠷᠳᠡ  ᠲᠦᠯᠦᠪᠡᠯᠭᠰᠡᠨ  ᠃ ᠭᠡᠳᠡᠯ᠎ᠡ  ᠮᠡᠳᠡᠯᠭᠡ  ᠂  ᠮᠠᠲ᠋ᠡᠷᠢᠶᠠᠯ  ᠂  ᠴᠠᠭ  ᠵᠢᠴᠢ  ᠵᠦᠪᠯᠡᠯᠭᠡ  ᠦᠭᠬᠦ  ᠬᠦᠮᠦᠨ ᠲᠤᠳᠠᠭᠳᠠᠭᠠᠳ  ᠦᠨᠦᠬᠡᠨ  ᠲᠤᠭᠤᠷᠪᠢᠵᠦ  ᠲᠠᠭᠤᠰᠬᠠᠯ᠎ᠠ  ᠃  ᠭᠤᠤᠯ  ᠲᠦᠰᠢᠭᠯᠡᠭᠰᠡᠨ    ᠮᠠᠲ᠋ᠡᠷᠢᠶᠠᠯ  ᠪᠤᠯᠪᠠᠯ ︿︿︿︿ᠸᠠᠨ  ᠯᠢ   ᠶᠢᠨ  ᠴᠢᠷᠡᠭ   ᠤᠨ  ᠵᠢᠳᠬᠦᠯᠳᠡᠨ   ᠤ  ᠲᠡᠮᠳᠡᠭᠡᠯᠡᠯ  ﹀﹀  ᠂  ︿︿ ᠤᠮᠠᠷᠠᠳᠦ  ᠶᠤᠸᠠᠨ   ᠤ  ᠲᠡᠦᠭᠡ  ﹀  ﹀  ᠂  ︿︿ ᠪᠠᠭᠠᠷᠢᠨ  ᠪᠠᠷᠠᠭᠤᠨ  ᠬᠤᠰᠢᠭᠤᠨ   ᠤ  ᠤᠶᠢᠯᠯᠭ᠎ᠠ  ﹀﹀    ᠪᠤᠯᠤᠨ᠎ᠠ  ᠃   ᠪᠢᠴᠢᠬᠦ   ᠠᠴᠠ  ᠡᠮᠦᠨ᠎ᠡ  ᠪᠤᠰᠤᠳ   ᠤᠨ  ᠵᠤᠬᠢᠶᠠᠯ   ᠲᠠᠢ ᠠᠭᠤᠯᠭ᠎ᠠ   ᠰᠡᠳᠦᠪ  ᠪᠦᠷᠢᠮᠦᠰᠨ  ᠲᠠᠪᠬᠤᠴᠠᠬᠤ   ᠠᠴᠠ  ᠬᠢᠴᠢᠶᠠᠨ  ᠡᠷᠳᠡᠮ  ᠰᠢᠨᠵᠢᠯᠡᠭᠡᠨ   ᠳᠤ  ᠲᠤᠷ᠎ᠠ  ᠪᠠᠭ᠋ᠠᠳᠠᠢ   ᠬᠠᠮᠳᠦ ᠰᠤᠷᠤᠯᠭᠠᠳᠠᠨ ᠨᠠᠷ   ᠠᠴᠠ   ᠪᠠᠨ  ᠰᠤᠷᠠᠭᠰᠠᠨ  ᠂   ᠬᠠᠷᠢᠭᠤ   ᠨᠢ  ︿︿ ᠬᠠᠷᠠᠬᠠᠨ  ᠤᠩᠰᠢᠭ᠎ᠠ  ᠦᠭᠡᠢ  ﹀﹀   ᠭᠡᠰᠡᠨ  ᠂  ᠂ ᠠᠭᠤᠯᠭ᠎ᠠ  ᠂ ᠰᠡᠳᠦᠪ  ᠪᠦᠷᠢᠮᠦᠰᠨ  ᠲᠠᠪᠬᠤᠴᠠᠭᠰᠠᠨ  ᠦᠭᠡᠢ  ᠪᠠᠶᠢᠬᠤ   ᠶᠢ  ᠵᠦᠩᠨᠡᠨ  ᠬᠢᠴᠢᠶᠡᠶ᠎ᠡ  ᠃   ᠲᠤᠭᠤᠷᠪᠢᠨ  ᠪᠢᠴᠢᠬᠦ   ᠶᠠᠪᠤᠴᠠ‌ᠡᠷᠳᠡᠨ   ᠤ  ᠮᠤᠩᠭᠤᠯ  ᠬᠦᠮᠦᠨ ᠤ  ᠨᠡᠷ᠎ᠡ   ᠶᠢ  ᠬᠢᠳᠠᠳ  ᠬᠡᠯᠡᠨ   ᠠᠴᠠ  ᠠᠪᠢᠶᠠᠯᠠᠨ  ᠪᠤᠴᠠᠭᠠᠬᠤ   ᠳᠤ  ᠬᠦᠴᠢᠷᠳᠡᠭᠰᠡᠨ  ᠂ ᠠᠯᠳᠠᠭ᠎ᠠ  ᠪᠤᠷᠤᠭᠤ  ᠤᠯᠠᠨ  ᠪᠠᠶᠢᠬᠤ   ᠨᠢ  ᠲᠡᠮᠵᠢᠭ  ᠦᠭᠡᠢ  ᠂ ᠦᠵᠡᠬᠦ  ᠮᠡᠷᠭᠡᠳ  ᠠᠭᠤᠴᠢᠯᠠᠨ  ᠤᠩᠰᠢᠮᠦ  ᠃  ᠨᠠᠶᠢᠷᠠᠭᠤᠯᠦᠨ  ᠡᠮᠡᠳᠬᠢᠬᠦ   ᠶᠠᠪᠤᠴᠠ ᠳᠤ  ᠯᠢᠨᠰᠢ  ᠰᠢᠶᠠᠨ   ᠤ  ᠠᠷᠠᠳ   ᠤᠨ   ᠶᠡᠭᠡ  ᠬᠤᠷᠠᠯ   ᠤᠨ  ᠪᠠᠶᠢᠩᠭᠤ   ᠶᠢᠨ  ᠶᠡᠭᠡ  ᠬᠤᠷᠠᠯ   ᠤᠨ  ᠤᠤᠯ   ᠤᠨ  ᠲᠡᠳ᠋ ᠡᠷᠬᠢᠯᠡᠭᠴᠢ  ᠡᠤ  ᠶᠦᠩ  ᠱᠠᠨ  ᠠᠪᠤᠭᠠᠢ  ᠬᠠᠯᠠᠭᠤᠨ  ᠭᠠᠷ   ᠢᠶᠠᠨ  ᠰᠤᠩᠭᠠᠵᠦ  ᠬᠠᠷᠠᠮ ᠦᠭᠡᠢ  ᠲᠡᠮᠵᠢᠯᠭᠡ  ᠦᠵᠡᠭᠦᠯᠦᠨ  ᠂ ᠮᠠᠲ᠋ᠧᠷᠢᠶᠠᠯ  ᠬᠠᠩᠭᠠᠬᠤ   ᠶᠢᠨ  ᠬᠠᠮᠳᠦ  ᠵᠦᠪᠯᠡᠯᠭᠡ  ᠦᠭᠴᠦ  ᠵᠤᠬᠢᠶᠠᠯ   ᠤᠨ  ᠨᠤᠤᠷᠠᠭ   ᠢ ᠬᠢᠨᠡᠨ  ᠲᠤᠭᠳᠠᠭᠠᠰᠠᠨ  ᠶᠤᠮ  ᠃ ᠲᠠᠯᠠᠷᠬᠠᠯ  ᠢᠯᠡᠷᠬᠡᠶᠢᠯᠡᠶ᠎ᠡ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号