ᠡᠨᠡᠬᠦᠷ ᠰᠠᠭᠠᠳᠤᠵᠦ ᠪᠠᠶᠢᠭᠠᠷᠠᠢ
ᠨᠡᠶᠢᠲᠡᠯᠡᠭᠰᠡᠨ ᠴᠠᠭ᠄
2020-06-03
ᠡᠨᠡᠬᠦᠷ ᠰᠠᠭᠠᠳᠤᠵᠦ ᠪᠠᠶᠢᠭᠠᠷᠠᠢ                             ᠬᠤᠪᠢᠰᠬᠠᠯᠳᠤ— ᠴᠠᠭᠠᠨᠮᠦ᠋ᠷᠡᠨ ᠰᠤᠮᠤᠨ ᠤ ᠮᠤᠳᠤᠨ ᠳᠤᠮᠳᠠ ᠭᠠᠴᠠᠭ᠎ᠠ ᠶᠢᠨ ︽ᠵᠤᠰᠠᠭᠠᠯ ᠤᠨ    ᠪᠠᠭᠤᠴᠠ︾  ᠵᠤᠭᠠᠴᠠᠯ   ᠤᠨ   ᠭᠠᠵᠠᠷ   ᠡᠷᠦᠭᠡ   ᠰᠡᠬᠦᠭᠰᠡᠨ  ᠪᠠᠶᠠᠷ   ᠲᠤ ᠠᠭᠠᠬᠢᠮ᠎ᠠ ᠵᠤᠨ ᠤ ᠭᠠᠯ ᠨᠠᠷᠠᠨ ᠵᠤᠯᠠᠢ ᠳᠦᠬᠡᠨᠡᠭᠰᠡᠨ ᠪᠦᠭᠴᠢᠮ ᠳᠤ ᠴᠦ ᠠᠭᠠᠷ ᠤᠨ ᠵᠢᠪᠠᠷ ᠡᠩᠭᠡᠷ ᠰᠡᠪᠡᠯᠵᠡᠬᠦᠯᠵᠦ ᠠᠷᠦ ᠶᠢᠨ ᠵᠤᠰᠠᠭᠠᠯ ᠰᠡᠷᠢᠬᠦᠨ ᠠᠩᠭᠠᠮ᠎ᠠ ᠴᠠᠩᠭᠠᠮ᠎ᠠ ᠴᠦᠯ ᠳᠤᠭᠤᠯᠬᠤ ᠰᠢᠭ᠋ ᠤᠷᠤᠭᠤᠯ ᠤᠰᠤᠮ᠎ᠠ ᠴᠠᠭ ᠲᠤ ᠴᠦ ᠠᠶᠠᠨ ᠤ ᠠᠯᠵᠢᠶᠠᠯ ᠢ ᠴᠢᠨᠢ ᠳᠦᠷ ᠴᠦ ᠨᠠᠮᠳᠠᠭᠠᠬᠤ ᠠᠶᠢᠷᠠᠭ ᠴᠡᠭᠡ ᠪᠡᠯᠡᠬᠡᠨ ᠠᠭᠤᠷ ᠠᠮᠢᠰᠬᠤᠯ ᠬᠦᠮᠦᠷᠢᠭᠰᠡᠨ ᠳᠤᠭᠤᠭ᠎ᠠ ᠰᠢᠭ᠋ ᠬᠦᠯᠦᠰᠦ ᠪᠠᠳᠬᠠᠭᠰᠠᠨ ᠪᠦᠡᠭ ᠳᠤ ᠴᠦ ᠠᠳᠠᠪᠰᠢ ᠳᠠᠨ ᠤ ᠳᠠᠭᠠᠰᠢᠶᠠᠯ ᠳᠤ ᠨᠡᠶᠢᠴᠠᠬᠦᠯᠬᠦ ᠶᠢᠨ ᠵᠤᠴᠢᠨ ᠬᠤᠶᠢᠮᠦᠷᠢ ᠢᠮᠠᠬᠳᠠ ᠠᠪᠤᠭᠠᠢ ᠲᠠ ᠵᠠᠪ ᠢᠶᠠᠨ ᠠᠮᠵᠢᠵᠦ ᠠᠶᠢᠯᠴᠢᠯᠡᠨ ᠰᠠᠭᠠᠳᠤᠳᠠᠭ ᠯᠠ ᠶᠤᠮ ᠪᠤᠯ ᠠᠯᠢ ᠴᠦ ᠡᠷᠡᠨ ᠳᠤ ᠬᠦᠨᠳᠦᠳᠬᠡᠨ ᠤᠷᠢᠬᠤ ᠶᠢᠨ ᠡᠬᠦᠳᠠ ᠳᠠᠩᠳᠡ ᠨᠡᠬᠡᠯᠳᠡᠳᠡᠢ ᠴᠡᠴᠡᠭᠳᠦ ᠴᠡᠮᠴᠡᠭᠡᠷ ᠤᠷᠠᠨ ᠪᠠᠶᠢᠭᠠᠯᠢ ᠶᠢᠨ ᠦᠡᠭᠭᠡ ᠪᠤᠯᠵᠦ ᠳᠡᠯᠬᠡᠭᠳᠡᠭᠰᠡᠨ ᠴᠢᠩ ᠦᠨᠡᠨᠴᠢ ᠬᠠᠯᠠᠮᠵᠢ ᠬᠠᠶᠢᠷ᠎ᠠ ᠶᠢᠨ ᠬᠠᠳᠠᠭ ᠪᠤᠯᠵᠦ ᠨᠠᠮᠢᠷᠠᠭᠰᠠᠨ ᠡᠩᠭᠡ ᠡᠰᠡᠨ ᠡᠨᠡ ᠨᠤᠳᠤᠭ ᠤᠨ ᠬᠦᠮᠦᠨ ᠵᠤᠨ ᠳᠤᠨᠢ ᠳᠠᠳᠴᠦ ᠡᠷᠬᠢᠮ ᠳᠠᠨ ᠤ ᠡᠷᠡᠭᠡᠯᠵᠡᠯ ᠢᠶᠠᠨ ᠳᠠᠶᠠᠭᠳᠠᠨ ᠡᠨᠡᠬᠦᠷ ᠰᠠᠭᠠᠳᠤᠬᠤ ᠶᠢ ᠤᠷᠢᠮᠤ᠃2020 ᠤᠨ ᠤ 6 ᠰᠠᠷ᠎ᠠ ᠶᠢᠨ 3 ᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号