ᠬᠠᠶᠢᠷᠠᠯᠠᠭᠠᠷᠡᠢ | ᠪᠤᠷᠵᠢᠬᠢᠨ ᠦᠯᠵᠠᠶᠢᠳᠠᠯᠭᠡᠷ | ᠨᠤᠭᠤᠭᠠᠨ ᠲᠤᠷᠭᠠᠨ ᠲᠠᠯᠠᠭᠡᠢ ᠪᠠᠨ ᠬᠠᠶᠢᠷᠠᠯᠠᠭᠠᠷᠡᠢ | ᠨᠤᠷᠮᠠᠨ ᠤᠯᠠᠭᠠᠨ ᠨᠠᠷᠠ ᠪᠠᠨ ᠬᠠᠶᠢᠷᠠᠯᠠᠭᠠᠷᠠᠢ | ᠠᠮᠢᠰᠬᠤᠵᠤ ᠪᠠᠶᠢᠭ᠎ᠠ ᠠᠭᠠᠷ ᠢᠶᠠᠨ ᠬᠠᠶᠢᠷᠠᠯᠠᠭᠠᠷᠠᠢ | ᠠᠳᠤᠭᠤ ᠦᠭᠡᠷ ᠲᠠᠮᠡᠭᠡ ᠪᠠᠨ ᠬᠠᠶᠢᠷᠠᠯᠠᠭᠠᠷᠠᠢ | ᠨᠠᠨᠳᠢᠨ ᠪᠦᠬᠦᠨ ᠢᠶᠠᠨ ᠬᠠᠷᠠᠮ ᠦᠭᠡᠢ ᠦᠭᠳᠡᠭ | ᠨᠠᠷᠠᠯᠠᠭ ᠬᠤᠷᠸ᠎ᠠ ᠡᠮᠵᠡᠩᠭᠡᠨ ᠰᠢᠤ | ᠨᠠᠷᠠᠳᠤ ᠶᠢᠨ ᠵᠢᠮ᠎ᠠ ᠪᠠᠷ ᠡᠷᠬᠢᠳᠡᠭ ᠪᠦᠮᠪᠤᠷᠴᠡᠭ ᠢᠶᠠᠨ | ᠨᠠᠰᠤᠨ ᠲᠤᠷᠰᠢᠳᠠ ᠰᠢᠳᠤᠨ ᠲᠡᠭᠡᠳᠤᠯᠠᠶᠠ | ᠬᠢᠰᠬᠢᠵᠤ ᠶᠠᠪᠤᠭ᠎ᠠ ᠭᠠᠵᠡᠷ ᠢᠶᠠᠨ ᠬᠠᠶᠢᠷᠠᠯᠠᠭᠠᠷᠠᠢ | ᠭᠡᠭᠡᠨ ᠲᠤᠩᠭᠠᠯᠠᠭ ᠰᠠᠷ᠎ᠠ ᠪᠠᠨ ᠬᠠᠶᠢᠷᠠᠯᠠᠭᠠᠷᠠᠢ | ᠬᠡᠮ ᠦᠭᠡᠢ ᠰᠢᠪᠠᠭᠤᠨ ᠤ ᠦᠨᠳᠡᠭᠡ ᠶᠢ ᠬᠠᠶᠢᠷᠠᠯᠠᠭᠠᠷᠠᠢ | ᠭᠡᠷᠡᠯᠳᠤ ᠤᠷᠴᠢᠯᠠᠩ ᠤᠨ ᠶᠠᠭᠤᠮ᠎ᠠ ᠪᠦᠬᠦᠨ ᠢ ᠬᠠᠶᠢᠷᠠᠯᠠᠭᠠᠷᠠᠢ | ᠨᠠᠨᠳᠢᠨ ᠪᠦᠬᠦᠨ ᠢᠶᠠᠨ ᠬᠠᠷᠠᠮ ᠦᠭᠡᠢ ᠦᠭᠳᠡᠭ | ᠨᠠᠷᠠᠯᠠᠭ ᠬᠤᠷᠸ᠎ᠠ ᠡᠮᠵᠡᠩᠭᠡᠨ ᠰᠢᠤ | ᠨᠠᠷᠠᠳᠤ ᠶᠢᠨ ᠵᠢᠮ᠎ᠠ ᠪᠠᠷ ᠡᠷᠬᠢᠳᠡᠭ ᠪᠦᠮᠪᠤᠷᠴᠡᠭ ᠢᠶᠠᠨ | ᠨᠠᠰᠤᠨ ᠲᠤᠷᠰᠢᠳᠠ ᠰᠢᠳᠤᠨ ᠲᠡᠭᠡᠳᠤᠯᠠᠶᠠ | ᠤᠷᠤᠰᠴᠤ ᠪᠠᠶᠢᠭ᠎ᠠ ᠭᠤᠤᠯ ᠢᠶᠠᠨ ᠬᠠᠶᠢᠷᠠᠯᠠᠭᠠᠷᠠᠢ | ᠤᠶᠠᠬᠠᠨ ᠲᠤᠷᠮᠤᠯᠵᠠᠬᠤ ᠤᠳᠤᠳ ᠢᠶᠠᠨ ᠬᠠᠶᠢᠷᠠᠯᠠᠭᠠᠷᠠᠢ | ᠤᠷᠭᠤᠵᠤ ᠨᠠᠶᠢᠭᠤᠭ᠎ᠠ ᠤᠷᠭᠤᠮᠠᠯ ᠢᠶᠠᠨ ᠬᠠᠶᠢᠷᠠᠯᠠᠭᠠᠷᠠᠢ | ᠠᠭᠤᠯᠠ ᠶᠢᠨ ᠤᠯᠠᠨ ᠠᠮᠢᠳᠠᠳ ᠢᠶᠠᠨ ᠬᠠᠶᠢᠷᠠᠯᠠᠭᠠᠷᠠᠢ | ᠨᠠᠨᠳᠢᠨ ᠪᠦᠬᠦᠨ ᠢᠶᠠᠨ ᠬᠠᠷᠠᠮ ᠦᠭᠡᠢ ᠦᠭᠳᠡᠭ | ᠨᠠᠷᠠᠯᠠᠭ ᠬᠤᠷᠸ᠎ᠠ ᠡᠮᠵᠡᠩᠭᠡᠨ ᠰᠢᠤ | ᠨᠠᠷᠠᠳᠤ ᠶᠢᠨ ᠵᠢᠮ᠎ᠠ ᠪᠠᠷ ᠡᠷᠬᠢᠳᠡᠭ ᠪᠦᠮᠪᠤᠷᠴᠡᠭ ᠢᠶᠠᠨ | ᠨᠠᠰᠤᠨ ᠲᠤᠷᠰᠢᠳᠠ ᠰᠢᠳᠤᠨ ᠲᠡᠭᠡᠳᠤᠯᠠᠶᠠ | 2020.5.6 ᠲᠢᠶᠠᠨᠵᠢᠨ ᠳᠤ | |