ᠤᠮᠠᠷᠠᠰᠢ  ᠤᠬᠤᠷᠢᠭᠰᠠᠨ ᠬᠤᠪᠢ   ᠶᠢᠨ ᠲᠡᠡᠮᠳᠡᠭᠡᠯᠡᠯ
ᠨᠡᠶᠢᠲᠡᠯᠡᠭᠰᠡᠨ ᠴᠠᠭ᠄
2020-06-02
ᠤᠮᠠᠷᠠᠰᠢ ᠤᠬᠤᠷᠢᠭᠰᠠᠨ ᠬᠤᠪᠢ ᠶᠢᠨ  ᠲᠡᠮᠳᠡᠭᠯᠡᠯ ᠠᠳᠡ ᠠᠤᠬᠠᠨ ᠬᠤᠰᠢᠭᠤᠨ ᠳᠤ  ᠨᠤᠳᠤᠭᠳᠠᠢ᠂ ᠯᠢᠨᠰᠢ ᠰᠢᠶᠠᠨ ᠳᠤ   ᠲᠠᠪᠢᠭᠠᠳ ᠵᠢᠯ ᠠᠵᠢᠯᠯᠠᠵᠤ ᠠᠮᠢᠳᠦᠷᠠᠭᠰᠠᠨ ᠡᠦ ᠶᠦᠩ ᠱᠠᠨ ᠠᠪᠤᠭᠠᠢ ᠶᠢᠨ  ᠭᠠᠷ ᠲᠤ ᠬᠠᠳᠠᠭᠠᠯᠠᠭᠳᠠᠭᠰᠠᠨ   ︽ᠮᠢᠩ ᠤᠯᠤᠰ ᠤᠨ  ᠦᠶ᠎ᠡ  ᠶᠢᠨ  ᠮᠤᠩᠭᠤᠯᠴᠤᠳ   ᠤᠨ  ᠬᠢᠳᠠᠳ  ᠰᠤᠷᠪᠤᠯᠵᠢ ᠪᠢᠴᠢᠭ  ︵明代蒙古汉籍史料汇编) ᠬᠡᠮᠡᠬᠦ ᠨᠤᠮ ᠠᠴᠠ  ᠲᠤᠰ  ᠡᠷᠳᠡᠮᠳᠡᠨ  ᠦᠪᠡᠷ ᠤᠨ  ᠭᠠᠷ ᠢᠶᠠᠷ   ᠢᠶᠠᠨ  ᠤᠷᠴᠢᠭᠤᠯᠵᠤ  ᠡᠭᠡ ᠨᠤᠤᠷᠠᠭ ᠲᠤᠭᠳᠠᠭᠠᠭᠰᠠᠨ  ︽ᠤᠮᠠᠷᠠᠰᠢ ᠤᠬᠤᠷᠢᠭᠰᠠᠨ ᠬᠤᠪᠢ ᠶᠢᠨ  ᠲᠡᠮᠳᠡᠭᠯᠡᠯ  ︾   ᠢ   ᠨᠡᠶᠢᠳᠡᠯᠡᠯ᠎ᠡ  ᠃  ᠡᠦ ᠶᠦᠩ ᠱᠠᠨ ᠠᠪᠤᠭᠠᠢ   ᠬᠢᠳᠠᠳ ᠬᠡᠯᠡ ᠪᠠᠷ ᠵᠤᠬᠢᠶᠠᠨ  ᠪᠦᠳᠦᠭᠡᠵᠦ  ︽ᠢᠰᠡᠭᠡᠢ ᠲᠤᠭᠤᠷᠭᠠᠳᠠᠨ ᠤ  ᠰᠤᠯᠠ  ᠲᠡᠮᠳᠡᠭᠯᠡᠯ  ︾  ︿︽ᠶᠤᠯᠤ ᠶᠢᠨ  ᠬᠦᠨᠳᠡᠢ ᠶᠢᠨ   ᠲᠠᠳᠠᠯᠭ᠎ᠠ︾  ︽ᠠᠤᠬᠠᠨ ᠤ  ᠸᠠᠩ ᠬᠦᠩ ᠤᠨ  ᠬᠤᠶᠢᠴᠢᠰ  ︾  ︽ᠠᠤᠬᠠᠨ ᠠᠶᠢᠮᠠᠭ ᠤᠨ  ᠲᠡᠦᠭᠡ︾ ᠵᠡᠷᠭᠡ ᠠᠷᠪᠠ ᠭᠠᠷᠦᠢ  ᠲᠡᠪᠳᠡᠷ  ᠂  ᠲᠦᠷᠪᠡᠨ ᠵᠠᠭᠤ ᠲᠦᠮᠡᠨ ᠦᠰᠦᠭ ᠤᠨ  ᠪᠦᠳᠦᠭᠡᠯ ᠲᠠᠢ᠃  ᠡᠭᠦᠨ ᠤ ᠲᠤᠳᠤᠷ᠎ᠠ  ᠬᠠᠮᠤᠭ ᠤᠨ  ᠠᠯᠳᠠᠷᠳᠠᠢ ᠨᠢ ︽ᠠᠤᠬᠠᠨ  ᠠᠶᠢᠮᠠᠭ ᠤᠨ  ᠲᠡᠦᠭᠡ︾ ᠪᠤᠯᠤᠨ᠎ᠠ᠃  ᠨᠠᠶᠠᠨ ᠲᠦᠮᠡᠨ ᠦᠰᠦᠭ  ᠪᠦᠬᠦᠢ  ᠲᠤᠰ ᠪᠦᠳᠦᠭᠡᠯ ᠨᠢ  ᠤᠯᠠᠭᠠᠬᠠᠨᠳᠠ  ᠬᠤᠳᠠ ᠶᠢᠨ  ᠤᠬᠠᠭᠤᠯᠬᠤ  ᠬᠡᠯᠳᠡᠰ ᠠᠴᠠ  ᠬᠤᠶᠠᠳᠤᠭᠠᠷ ᠲᠡᠰ ᠤᠨ  ᠱᠠᠩᠨᠠᠯ ᠭᠠᠷᠳᠠᠭᠰᠠᠨ᠃   ᠲᠤᠰ ᠠᠪᠤᠭᠠᠢ  ᠤᠳᠤᠬᠠᠨ  ᠳᠤ  ᠯᠢᠨᠰᠢ ᠰᠢᠶᠠᠨ ᠤ  ᠦᠨᠳᠤᠰᠤᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠶᠢᠨ  ᠡᠷᠬᠢᠯᠡᠵᠦ ᠪᠠᠶᠢᠭ᠎ᠠ  ︽ᠨᠠᠮᠤᠭᠤᠬᠠᠨ ᠤᠯᠢᠶᠠᠰᠤᠳᠠᠢ  ︾ ᠴᠤᠪᠤᠷᠠᠯ  ᠪᠢᠴᠢᠭ ᠤᠨ  ᠤᠨᠴᠠ ᠤᠷᠢᠭᠰᠠᠨ ᠨᠠᠶᠢᠷᠭᠤᠯᠤᠭᠴᠢ ᠪᠠᠷ  ᠠᠵᠢᠯᠯᠡᠵᠤ ᠪᠠᠶᠢᠨ᠎ᠠ᠃ — ᠶᠤᠸᠠᠨ ᠤᠯᠤᠰ ᠤᠨ ᠬᠦᠴᠦᠨ ᠵᠦᠩᠶᠤᠸᠠᠨ ᠤᠷᠤᠨ ᠠᠴᠠ ᠤᠬᠤᠷᠢᠨ ᠭᠠᠷᠤᠭᠰᠠᠨ ᠯᠢᠦ ᠵᠢᠢ ᠶᠢᠨ ᠡᠳᠦᠷ ᠤᠨ ᠲᠡᠮᠳᠡᠭᠯᠡᠯ     ᠲᠡᠮᠳᠡᠭᠯᠡᠭᠴᠢ ᠯᠢᠦ ᠵᠢᠢ᠂ ᠶᠤᠸᠠᠨ ᠬᠤᠢ ᠽᠦᠩ ᠲᠤᠭᠤᠭᠠᠨᠳᠡᠮᠦᠷ ᠬᠠᠭᠠᠨ ᠤ ᠦᠶ᠎ᠡ ᠶᠢᠨ ᠪᠠᠶᠢᠴᠠᠭᠠᠨ ᠵᠠᠬᠢᠷᠤᠭᠴᠢ ᠲᠦᠰᠢᠮᠡᠯ ᠪᠤᠯᠤᠨ᠎ᠠ᠃ 1368 ᠤᠨ ᠳᠤ ᠶᠤᠸᠠᠨ ᠬᠤᠢ ᠽᠦᠩ ᠬᠠᠭᠠᠨ ᠢ ᠲᠠᠭᠠᠵᠤ ᠶᠤᠸᠠᠨ ᠤ ᠲᠡᠭᠡᠳᠦ ᠨᠠᠶᠢᠰᠯᠠᠯ ᠳᠤ ᠤᠬᠤᠷᠢᠨ ᠢᠷᠡᠭᠰᠡᠨ ᠦᠩᠭᠡᠷᠡᠯᠳᠡ ᠶᠢᠨ ᠡᠳᠦᠷ ᠤᠨ ᠲᠡᠮᠳᠡᠭᠯᠡᠯ ᠪᠤᠯᠤᠨ᠎ᠠ᠃ ᠡᠶᠢᠮᠦ ᠠᠴᠠ ᠡᠨᠡ ᠡᠳᠦᠷ ᠤᠨ ᠲᠡᠮᠳᠡᠭᠯᠡᠯ ᠲᠤᠩ ᠬᠤᠪᠤᠷ ᠦᠨᠡᠳᠠᠢ ᠮᠠᠲ᠋ᠧᠷᠢᠶᠠᠯ ᠪᠤᠯᠤᠨ᠎ᠠ᠃  ᠲᠤᠤᠷᠠᠬᠢ ᠠᠨᠤ ᠡᠳᠦᠷ ᠤᠨ ᠲᠡᠮᠳᠡᠭᠯᠡᠯ ᠤᠨ ᠠᠭᠤᠯᠭ᠎ᠠ ᠪᠤᠯᠤᠨ᠎ᠠ᠃ ᡁᠢ ᠵᠧᠩ ᠤᠨ 28 ᠤᠨ ︵1368 ᠤᠨ︶ ᠤ ᠢᠯᠡᠭᠦᠦ 7 ᠰᠠᠷ᠎ᠠ ᠶᠢᠨ 28 ᠤ ᠡᠳᠦᠷ ᠬᠤᠢ ᠽᠦᠩ ᠲᠤᠭᠤᠭᠠᠨᠳᠡᠮᠦᠷ ᠬᠠᠭᠠᠨ ᠴᠢᠩ ᠨᠢᠩ ᠤᠷᠳᠤᠨ ᠳᠤ ᠲᠦᠰᠢᠮᠡᠯ ᠨᠠᠷ ᠢᠶᠠᠨ ᠴᠤᠭᠯᠠᠭᠠᠤᠯᠵᠤ᠂ ᠲᠡᠭᠡᠳᠦ ᠨᠠᠶᠢᠰᠯᠠᠯ ᠳᠤ ᠪᠠᠶᠢᠴᠠᠭᠠᠯᠳᠠ ᠬᠢᠬᠦ ᠬᠡᠰᠡᠨ ᠳᠤ ᠪᠦᠬᠦᠳᠡᠭᠡᠷ ᠦᠭᠡ ᠲᠠᠭᠤ ᠦᠭᠡᠢ᠂ ᠭᠠᠭᠴᠠ ᠱᠦ ᠮᠢ ᠶᠤᠸᠠᠨ ᠤ ᠬᠡᠷᠡᠭ ᠮᠡᠳᠡᠭᠴᠢ ᠬᠠᠷᠠᠴᠠᠩ ᠬᠤᠷᠢᠭᠯᠠᠵᠤ᠂ ︽ᠡᠳᠦᠭᠡ ᠬᠤᠯᠠᠭᠠᠢ ︵ᠮᠢᠩ ᠤᠯᠤᠰ ᠤᠨ ᠴᠡᠷᠢᠭ︶ ᠨᠢᠭᠡᠨᠳᠡ ᠲᠦᠩ ᠵᠸᠦ ︵通州︶ ᠶᠢ ᠡᠵᠡᠯᠡᠵᠦ᠂ ᠬᠡᠷᠪᠡ ᠬᠠᠭᠠᠨ ᠡᠵᠡᠨ ᠳ᠋ᠠ ᠳ᠋ᠦ᠋ ᠬᠤᠳᠠ ᠠᠴᠠ ᠤᠬᠤᠷᠢᠪᠠᠰᠤ ᠨᠠᠶᠢᠰᠯᠠᠯ ᠬᠤᠳᠠ ᠡᠪᠳᠡᠭᠳᠡᠬᠦ ᠬᠡᠷᠡᠭ ᠭᠠᠷᠤᠮᠤᠢ᠃ ᠠᠯᠳᠠᠨ ᠤᠯᠤᠰ ᠤᠨ ᠰᠢᠤᠸᠠᠨ ᠽᠦᠩ ᠬᠠᠭᠠᠨ ᠡᠮᠦᠨᠡᠰᠢ ᠤᠬᠤᠷᠢᠭᠰᠠᠨ ᠰᠤᠷᠭᠠᠮᠵᠢ ᠨᠢᠳᠦᠨ ᠤ ᠡᠮᠦᠨ᠎ᠡ ᠪᠠᠶᠢᠮᠤᠢ᠂ ᠡᠷᠭᠡᠪᠰᠢ ᠦᠭᠦᠨ ᠰᠠᠬᠢᠵᠤ ᠲᠤᠰᠠᠯᠠᠬᠤ ᠴᠡᠷᠢᠭ ᠢ ᠬᠦᠯᠢᠶᠡᠬᠦ ᠬᠡᠷᠡᠭᠳᠠᠢ︾ ᠬᠡᠰᠡᠨ ᠳᠤ ᠬᠠᠭᠠᠨ ᠡᠵᠡᠨ ᠬᠡᠯᠡᠷᠦᠨ ︽ᠶᠢᠰᠦ ᠶᠢᠨ ᠴᠡᠷᠢᠭ ᠲᠡᠶᠢᠯᠦᠭᠳᠡᠵᠦ᠂ ᠬᠦᠭᠡᠳᠡᠮᠦᠷ ᠤᠨ ᠴᠡᠷᠢᠭ ᠬᠤᠯᠠ ᠤᠷᠤᠨ ᠲᠠᠢ ᠶᠤᠸᠠᠨ ᠳᠤ ᠰᠠᠭᠤᠵᠤ᠂ ᠬᠠᠮᠢᠭ᠎ᠠ ᠠᠴᠠ ᠲᠤᠰᠠᠯᠠᠬᠤ ᠴᠡᠷᠢᠭ ᠪᠠᠶᠢᠬᠤ ᠪᠤᠢ︾ ᠬᠡᠵᠦ ᠬᠤᠷᠠᠯ ᠲᠠᠷᠬᠠᠪᠠ᠃ ᠯᠢᠦ ᠵᠢᠢ ᠪᠢ ᠵᠦᠩᠱᠦ ᠮᠤᠵᠢ ᠶᠢᠨ ᡁᠢ ᠶᠤᠸᠠᠨ ᠠᠴᠠ ᠠᠰᠠᠭᠤᠵᠤ ︽ᠶᠡᠭᠡ ᠦᠢᠯᠡᠰ ᠶᠠᠭᠠᠬᠢᠬᠤ ᠪᠤᠢ︾ ᠬᠡᠰᠡᠨ ᠳᠤ ᡁᠢ ᠶᠤᠸᠠᠨ ᠶᠡᠭᠡ ᠲᠠᠭᠤᠨ ᠢᠶᠠᠷ ᠤᠬᠢᠯᠠᠪᠠ᠃ ᠵᠦᠩᠱᠦ ᠵᠡᠭᠦᠨ ᠴᠧᠩᠰᠢᠶᠠᠩ ᠴᠢᠩ ᠲᠦᠩ ᠪᠤᠯ ᠤᠯᠤᠰ ᠤᠨ ᠬᠦᠨᠳᠦ ᠲᠦᠰᠢᠮᠡᠯ ᠪᠤᠯᠤᠨ᠎ᠠ᠃ ᠲᠠᠷᠡ ᠰᠠᠨᠠᠭ᠎ᠠ ᠠᠯᠳᠠᠵᠤ ᠬᠡᠯᠡᠷᠦᠨ ︽ᠪᠢ ᠦᠭᠦᠭᠦ ᠳᠤ ᠬᠦᠷᠦᠭᠰᠡᠨ ᠬᠦᠮᠦᠨ᠂ ᠶᠠᠭᠤ ᠬᠡᠯᠡᠬᠦ ᠪᠤᠢ︖ ︾ ᠬᠡᠪᠡ᠃ ᠲᠠᠷᠠᠭ᠎ᠠ ᠪᠠᠷ ᡁᠢ ᠶᠤᠸᠠᠨ ᠨᠢᠭᠤᠴᠠ ᠪᠠᠷ ᠯᠢᠦ ᠵᠢᠢ ᠨᠠᠳᠠ ᠳᠤ ᠬᠡᠯᠡᠷᠦᠨ ︽ᠡᠨᠡ ᠰᠦᠨᠢ ᠯᠠᠪ ᠬᠦᠳᠡᠯᠭᠡᠭᠡᠨ ᠲᠠᠢ᠂ ᠨᠠᠶᠢᠵᠢ ᠴᠢ ᠶᠠᠭᠠᠬᠢᠬᠤ ᠪᠤᠢ︾ ᠬᠡᠰᠡᠨ ᠳᠤ ᠯᠢᠦ ᠵᠢᠢ ᠪᠢ ᠬᠡᠯᠡᠷᠦᠨ ︽ᠤᠷᠳᠤᠨ ᠤ ᠬᠡᠷᠡᠭ ᠢ ᠪᠢ ᠠᠶᠤᠵᠤ ᠰᠤᠷᠠᠭᠯᠠᠬᠤ ᠦᠭᠡᠢ᠂ ᠪᠢ ᠴᠢᠮ᠎ᠠ ᠶᠢ ᠲᠠᠭᠠᠬᠤ ᠬᠡᠵᠦ ᠪᠤᠳᠤᠨ᠎ᠠ ᠪᠤᠯᠬᠤ ᠦᠦ︾ ᠬᠡᠰᠡᠨ ᠳᠤ ᡁᠢ ᠶᠤᠸᠠᠨ ᠦᠭᠡ ᠲᠠᠭᠤᠨ ᠦᠭᠡᠢ ᠪᠤᠯᠪᠠ᠃ ᠮᠦᠨ ᠰᠦᠨᠢ ᠭᠤᠷᠪᠠᠨ ᠵᠢᠩ ᠳᠤ ᠬᠠᠭᠠᠨ ᠡᠵᠡᠨ ᠤ ᠲᠡᠷᠭᠡ ᠵᠢᠶᠠᠨ ᠳ᠋ᠧ ᠮᠧᠨ ᠬᠠᠭᠠᠯᠭ᠎ᠠ ᠪᠠᠷ ᠭᠠᠷᠴᠤ ᠬᠤᠶᠢᠰᠢ ᠴᠢᠭᠯᠡᠪᠡ᠃ ᠭᠤᠷᠪᠠᠨ ᠤᠷᠳᠤᠨ ᠤ ᠬᠤᠸᠠᠩᠬᠡᠦ᠂ ᠬᠤᠯᠠ ᠬᠠᠳᠤᠨ᠂ ᠲᠠᠶᠢᠽᠢ ᠵᠡᠷᠭᠡ ᠪᠦᠷ ᠲᠡᠭᠡᠳᠦ ᠨᠠᠶᠢᠰᠯᠠᠯ ᠵᠦᠭ ᠮᠤᠷᠢᠯᠠᠪᠠ᠃ ᠵᠡᠭᠦᠨ ᠴᠧᠩᠰᠢᠶᠠᠩ  ᠰᠢᠷᠮᠠᠨ᠂ ᠫᠢᠩ ᠵᠠᠩ ᠬᠡᠷᠡᠭ ᠮᠡᠳᠡᠭᠴᠢ ᠱᠠᠩ ᠵᠢᠶᠠ ᠨᠦ᠂ ᠪᠠᠷᠠᠭᠤᠨ ᠴᠧᠩᠰᠢᠶᠠᠩ ᠲᠢᠩ ᠵᠦ᠂ ᠬᠡᠷᠡᠭ ᠵᠦᠪᠯᠡᠭᠴᠢ ᠲᠦᠷᠦ ᠶᠢᠨ ᠶᠠᠪᠤᠳᠠᠯ ᠤᠨ ᠬᠠᠭ᠋ᠠᠢ᠂ ᠬᠠᠨ ᠯᠢᠨ ᠲᠦᠰᠢᠮᠡᠯ ᠯᠢ ᠪᠠᠢ ᠵᠢᠶᠠ ᠨᠦ᠂ ᠱᠦ ᠮᠢ ᠶᠤᠸᠠᠨ ᠤ ᠬᠡᠷᠡᠭ ᠮᠡᠳᠡᠭᠴᠢ ᠬᠠᠷᠠᠴᠠᠩ᠂ ᠸᠠᠩ ᠬᠤᠩ ᠶᠤᠸᠠᠨ ᠵᠡᠷᠭᠡ 100 ᠢᠯᠡᠭᠦᠦ ᠬᠦᠮᠦᠨ ᠲᠠᠭᠠᠵᠤ ᠮᠤᠷᠢᠯᠠᠨ ᠤᠬᠤᠷᠢᠪᠠ᠃ ᠯᠢᠦ ᠵᠢᠢ ᠪᠢ ᠮᠤᠷᠢ ᠤᠨᠤᠵᠤ ᡁᠢ ᠶᠤᠸᠠᠨ ᠲᠠᠢ ᠵᠠᠮ ᠳᠤ ᠪᠠᠨ ᠬᠠᠷᠭᠤᠨ ᠠᠭᠤᠯᠵᠠᠪᠠ᠃ 29 ᠤ ᠡᠳᠦᠷ᠂ ᠬᠠᠭᠠᠨ ᠡᠵᠡᠨ ᠵᠢᠦᠢ ᠶᠦᠩ ᠭᠤᠸᠠᠨ ᠦᠩᠭᠡᠷᠡᠪᠡ᠃ ᠵᠠᠮ ᠲᠤᠷᠰᠢ ᠤᠯᠠᠭᠠᠨ ᠠᠯᠴᠢᠭᠤᠷᠳᠤ ᠬᠤᠯᠠᠭᠠᠢ ᠶᠢᠨ ᠲᠡᠭᠡᠷᠡᠮᠳᠡᠯᠭᠡ ᠪᠠᠷ ᠬᠦᠭᠵᠢᠯ ᠦᠭᠡᠢ ᠡᠯᠦᠢ ᠬᠤᠯᠤᠢ ᠦᠵᠡᠭᠳᠡᠵᠦ᠂ ᠪᠤᠭᠤᠮᠳᠠ ᠶᠢ ᠰᠠᠬᠢᠬᠤ ᠴᠡᠷᠢᠭ ᠨᠢᠭᠡ ᠴᠦ ᠠᠯᠠᠭ᠎ᠠ ᠪᠤᠯᠵᠠᠢ  ᠂ ᠢᠳᠡᠬᠦ ᠬᠤᠨᠤᠬᠤ ᠤᠷᠤᠨ ᠦᠭᠡᠢ᠂ ᠬᠠᠭᠠᠨ ᠡᠵᠡᠨ ᠰᠠᠨᠠᠭ᠎ᠠ ᠠᠯᠳᠠᠨ ᠬᠡᠯᠡᠷᠦᠨ ︽ᠨᠠᠶᠢᠰᠯᠠᠯ ᠬᠤᠳᠠ ᠠᠴᠠ ᠭᠠᠷᠴᠤ ᠢᠷᠡᠬᠦ ᠦᠭᠡᠢ ᠪᠤᠯ ᠡᠶᠢᠮᠦ ᠪᠠᠶᠢᠳᠠᠯ ᠢ ᠮᠡᠭᠦᠰ ᠪᠢ ᠶᠠᠭᠠᠬᠢᠨ ᠮᠡᠳᠡᠬᠦ ᠪᠤᠢ︾᠂ ᠮᠥᠨ ᠡᠳᠦᠷ ᠶᠢᠰᠦ ᠬᠦᠩ ᠳᠤ ᠵᠠᠷᠯᠢᠭ ᠪᠠᠭᠤᠯᠭᠠᠵᠤ ᠴᠡᠷᠢᠭ ᠮᠤᠷᠢ ᠲᠠᠭᠠᠭᠤᠯᠤᠨ ᠲᠦᠷᠭᠡᠨ ᠢᠷᠡᠵᠦ ᠬᠠᠮᠠᠭᠠᠯᠠᠯᠳᠠ ᠬᠢᠬᠦ ᠬᠡᠷᠡᠭᠳᠠᠢ ᠬᠡᠪᠡ᠃ 30 ᠤ ᠡᠳᠦᠷ᠂ ᠪᠤᠷᠤᠭᠠᠨ ᠲᠠᠢ᠂ ᠬᠠᠭᠠᠨ ᠡᠵᠡᠨ ᠵᠢᠢ ᠮᠢᠩ ᠱᠠᠨ ᠠᠭᠤᠯᠠᠨ ᠳᠤ ᠬᠦᠷᠴᠦ᠂ ᠯᠢᠶᠤᠤ ᠶᠠᠩ ᠮᠤᠵᠢ  ᠶᠢᠨ ᠵᠡᠭᠦᠨ ᠴᠧᠩᠰᠢᠶᠠᠩ  ᠡᠰᠡᠨᠪᠤᠬ᠎ᠠ   ᠢᠷᠡᠵᠦ᠂ ᠬᠠᠭᠠᠨ ᠡᠵᠡᠨ ᠳᠤ ᠬᠡᠷᠡᠭ ᠮᠡᠳᠡᠭᠦᠯᠵᠦ᠂ ᠰᠦᠨᠢ ᠨᠢ ᠵᠢᠢ ᠮᠢᠩ ᠱᠠᠨ ᠤ ᠪᠠᠷᠠᠭᠤᠨ ᠬᠤᠶᠢᠳᠤ ᠤᠷᠬᠢᠯ ᠲᠤᠷᠬᠢᠨ ᠲᠡᠯᠪᠡᠷᠡᠵᠦ᠂ ᠲᠡᠭᠷᠢ  ᠲᠤᠤᠭᠠᠷᠬᠤ  ᠮᠡᠳᠦ  ᠲᠠᠭᠤᠨ ᠭᠠᠷᠴᠤ᠂ ᠬᠦᠮᠦᠨ ᠮᠤᠷᠢ ᠰᠤᠴᠢᠵᠤ ᠦᠷᠭᠦᠪᠡ᠃ ᠬᠠᠭᠠᠨ ᠡᠵᠡᠨ ᠶᠠᠪᠤᠭᠤᠯ ᠤᠷᠳᠤᠨ ᠳᠤ ᠲᠦᠰᠢᠮᠡᠯ ᠨᠠᠷ ᠲᠠᠢ ᠵᠦᠪᠳᠡᠯᠴᠡᠵᠦ ᠂ ᠬᠤᠯᠠᠭᠠᠢ ᠴᠡᠷᠢᠭ ᠤᠶᠢᠷᠠᠳᠤᠭᠰᠠᠨ ᠬᠡᠵᠦ ᠪᠤᠳᠤᠵᠤ ᠦᠷ ᠴᠠᠶᠢᠬᠤ ᠳᠤ ᠪᠦᠭᠦᠳᠡᠭᠡᠷ ᠰᠠᠶ᠋ᠢ ᠰᠡᠳᠬᠢᠯ ᠨᠠᠮᠵᠢᠪᠠ᠃ 8 ᠰᠠᠷ᠎ᠠ ᠶᠢᠨ 1 ᠤ ᠡᠳᠦᠷ  ᠪᠤᠷᠤᠭᠠᠨᠯᠠᠭᠰᠠᠭᠠᠷ  ᠂ ᠴᠡᠷᠢᠭ ᠲᠦᠰᠢᠮᠡᠯ ᠤᠰᠤ ᠪᠤᠷᠤᠭᠠᠨ   ᠲᠠᠢ ᠰᠢᠪᠠᠷᠳᠠᠢ ᠵᠠᠮ  ᠢᠶᠠᠷ ᠮᠤᠷᠢᠯᠠᠵᠤ᠂ ᠤᠷᠤᠢ ᠢᠩ ᠬᠤ᠋ ᠭᠠᠵᠠᠷ ᠪᠠᠭᠤᠳᠠᠯᠯᠠᠵᠤ᠂ ᠱᠦ ᠮᠢ ᠶᠤᠸᠠᠨ ᠤ ᠬᠡᠷᠡᠭ ᠮᠡᠳᠡᠭᠴᠢ ᠬᠠᠷᠠᠴᠠᠩ ᠬᠦᠭᠡᠳᠡᠮᠦᠷ ᠢ ᠲᠠᠭᠠᠭᠤᠯᠤᠨ ᠬᠠᠭᠠᠨ ᠡᠵᠡᠨ ᠲᠠᠢ ᠠᠭᠤᠯᠵᠠᠵᠤ᠂ ᠯᠢᠦ ᠵᠢᠢ ᠪᠢ ᠨᠢᠭᠡ ᠡᠳᠦᠷ ᠬᠤᠭᠤᠯᠠ ᠢᠳᠡᠭᠰᠡᠨ ᠦᠭᠡᠢ᠂ ᠰᠦᠨᠢ ᠢᠰᠡᠭᠡᠢ ᠬᠡᠷ ᠲᠤ ᠬᠤᠨᠤᠭᠯᠠᠵᠤ᠂  ᠰᠢᠷᠠᠭᠰᠠᠨ ᠬᠤᠨᠢᠨ ᠮᠢᠬ᠎ᠠ ᠪᠠᠷ ᠬᠤᠭᠤᠯᠠ ᠪᠤᠯᠭᠠᠨ ᠦᠩᠭᠡᠷᠡᠪᠡ᠃ 2   ᠤᠨ ᠡᠳᠦᠷ᠂ ᠪᠤᠷᠤᠭᠠᠨ ᠵᠤᠭᠰᠤᠭᠰᠠᠨ ᠦᠭᠡᠢ᠂ ᠬᠦᠮᠦᠨ ᠮᠤᠷᠢ ᠪᠤᠷᠤᠭᠠᠨ ᠤ ᠲᠤᠮᠳᠠᠭᠤᠷ ᠤᠷᠤᠭᠰᠢᠯᠠᠵᠤ᠂ ᠡᠳᠦᠷ ᠶᠡᠭᠡ ᠬᠦᠢᠳᠡᠷᠡᠵᠦ᠂ ᠬᠦᠮᠦᠨ ᠬᠦᠯᠳᠡᠵᠦ ᠦᠭᠦᠭᠰᠡᠨ ᠪᠠᠶᠢᠨ᠎ᠠ᠃ ᠵᠡᠭᠦᠨ ᠤ ᠬᠠᠮᠠᠭᠠᠯᠠᠭᠴᠢ ᠴᠡᠷᠢᠭ ᠤᠨ ᠤᠳᠤᠷᠢᠳᠤᠭᠴᠢ ︵ᠲᠤᠤᠷ᠎ᠠ ᠦᠰᠦᠭ ᠬᠡᠭᠡᠭᠳᠡᠪᠡ︶᠃ ᠬᠠᠭᠠᠨ ᠡᠵᠡᠨ ᠴᠡᠷᠢᠭ ᠤᠨ ᠶᠠᠪᠤᠳᠠᠯ ᠳᠤ ᠪᠠᠴᠢᠮᠳᠠᠵᠤ᠂ ᠬᠠᠨ ᠯᠢᠨ ᠶᠤᠸᠠᠨ ᠤ ᠤᠶᠤᠳᠠᠨ ᠭᠤᠸᠠᠨ ᠶᠢᠨ ᠨᠦ ᠪᠠᠷ ᠱᠦ ᠮᠢ ᠶᠤᠸᠠᠨ ᠤ ᠬᠡᠷᠡᠭ ᠮᠡᠳᠡᠭᠴᠢ ᠲᠦᠰᠢᠮᠡᠯ ᠪᠤᠯᠭᠠᠵᠤ᠂ ᠭᠤᠸᠠᠨ ᠶᠢᠨ ᠨᠦ ᠠᠪᠤᠭᠠᠢ 30 ᠤ ᠡᠳᠦᠷ ᠨᠠᠶᠢᠰᠯᠠᠯ ᠬᠤᠳᠠ ᠠᠴᠠ ᠭᠠᠷᠴᠤ ᠬᠠᠭᠠᠨ ᠡᠵᠡᠨ ᠤ ᠲᠡᠷᠭᠡᠳᠡ ᠢᠷᠡᠵᠦ ᠂ ᠬᠠᠮᠠᠭᠠᠯᠠᠭᠴᠢ ᠪᠠᠷ ᠲᠠᠭᠠᠨ ᠤᠷᠤᠭᠰᠢᠯᠠᠪᠠ᠃ ᠡᠨᠡ ᠦᠶ᠎ᠡ ᠳᠤ ᠯᠢᠶᠤᠤᠳᠦ᠋ᠩ ᠤᠨ ᠡᠷᠭᠡ ᠮᠡᠳᠡᠭᠴᠢ ᠰᠠᠶᠢᠬᠠᠨᠳᠡᠮᠦᠷ 5000 ᠮᠤᠷᠢᠳᠤ ᠴᠡᠷᠢᠭ ᠤᠳᠤᠷᠢᠳᠴᠦ᠂ ᠬᠠᠭᠠᠨ ᠡᠵᠡᠨ ᠢ ᠬᠠᠮᠠᠭᠠᠯᠠᠬᠤ ᠪᠠᠷ ᠢᠷᠡᠭᠰᠡᠨ ᠳᠤ ᠬᠠᠭᠠᠨ ᠡᠵᠡᠨ ᠪᠠᠶᠠᠷᠯᠠᠨ ᠴᠡᠷᠢᠭ ᠨᠠᠷ ᠤᠨ ᠵᠦᠳᠡᠷᠡᠯ ᠢ ᠲᠤᠬᠤᠨᠢᠭᠤᠯᠪᠠ᠃ 5 ᠤ ᠡᠳᠦᠷ᠂ ᠶᠢᠰᠦ ᠬᠠᠭᠠᠨ ᠡᠵᠡᠨ ᠳᠤ ᠮᠡᠳᠡᠭᠦᠯᠵᠦ᠂ ᠨᠠᠶᠢᠰᠯᠠᠯ ᠬᠤᠳᠠ ᠠᠯᠳᠠᠵᠤ᠂ ᠬᠤᠸᠠᠢ ᠸᠠᠩ ᠵᠢᠴᠢ ᠴᠧᠩᠰᠢᠶᠠᠩ ᠠᠨ ᠲᠦᠩ ᠲᠠᠶᠢᠨ ᠳᠤ ᠦᠭᠦᠭᠰᠡᠨ ᠢ ᠮᠡᠳᠡᠭᠦᠯᠵᠦ᠂ ᠲᠦᠷᠦ ᠶᠢᠨ ᠬᠡᠷᠡᠭ ᠮᠡᠳᠡᠭᠴᠢ ᠵᠠᠩ ᠱᠦ ᠯᠢ ᠨᠠᠶᠢᠰᠯᠠᠯ ᠬᠤᠳᠠ ᠠᠴᠠ ᠭᠠᠷᠴᠤ᠂ ᠬᠠᠭᠠᠨ ᠡᠵᠡᠨ ᠤ ᠬᠤᠶᠢᠨ᠎ᠠ ᠲᠠᠭᠠᠨ ᠢᠷᠡᠪᠡ᠃ 7 ᠤ ᠡᠳᠦᠷ᠂ ᠵᠡᠭᠦᠨ ᠴᠧᠩᠰᠢᠶᠠᠩ  ᠰᠢᠷᠮᠠᠨ ᠬᠠᠯᠢᠵᠤ᠂ ᠯᠢᠶᠤᠤᠶᠠᠩ ᠮᠤᠵᠢ ᠶᠢᠨ ᠵᠡᠭᠦᠨ ᠴᠧᠩᠰᠢᠶᠠᠩ ᠶᠢᠰᠦᠨᠪᠤᠬ᠎ᠠ ᠶᠢ ᠵᠦᠩ ᠱᠦ ᠵᠡᠭᠦᠨ ᠴᠧᠩᠰᠢᠶᠠᠩ ᠪᠤᠯᠭᠠᠨ ᠡᠷᠭᠦᠮᠵᠢᠯᠡᠵᠦ᠂ ᠨᠠᠬᠠᠴᠤ ᠶᠢ ᠯᠢᠶᠤᠤᠶᠠᠩ ᠮᠤᠵᠢ ᠶᠢᠨ ᠵᠡᠭᠦᠨ ᠴᠧᠩᠰᠢᠶᠠᠩ ᠢᠶᠠᠷ ᠲᠤᠮᠢᠯᠠᠵᠤ᠂ ᠨᠠᠬᠠᠴᠤ ᠴᠡᠷᠢᠭ ᠵᠠᠬᠢᠷᠤᠨ ᠤᠳᠤᠷᠢᠳᠬᠤ ᠴᠢᠳᠠᠯ ᠲᠠᠢ᠂ ᠯᠢᠶᠤᠤᠶᠠᠩ ᠤᠨ ᠬᠤᠯᠠᠭᠠᠢ ᠶᠢ ᠲᠠᠷᠤᠩᠭᠤᠶᠢᠯᠠᠭᠰᠠᠨ ᠭᠠᠪᠢᠶ᠎ᠠ ᠲᠠᠢ᠃ ᠬᠤᠸᠠᠩᠬᠡᠦ ᠰᠤᠯᠤᠩᠭᠤᠰ ᠠᠴᠠ ᠦᠰᠢᠶ᠎ᠡ ᠠᠪᠬᠤ ᠬᠡᠰᠡᠨ ᠳᠤ ᠨᠠᠬᠠᠴᠤ ᠲᠠᠶᠢᠽᠢ ᠬᠤᠷᠢᠭᠯᠠᠪᠠ᠃ 9 ᠤ ᠡᠳᠦᠷ᠂ ᠬᠠᠭᠠᠨ ᠡᠵᠡᠨ ᠲᠤᠮᠳᠠᠳᠤ ᠨᠠᠶᠢᠰᠯᠠᠯ ᠳᠤ ᠬᠦᠷᠪᠡ᠃ ᠬᠠᠭᠠᠨ ᠡᠵᠡᠨ ᠯᠢ ᠵᠦᠩ ᠱᠢ ᠶᠢ ᠴᠡᠷᠢᠭ ᠤᠨ ᠶᠠᠮᠤᠨ ᠤ ᠡᠷᠬᠢᠯᠡᠬᠦ ᠰᠠᠶᠢᠳ ᠡᠷᠭᠦᠮᠵᠢᠯᠡᠵᠦ᠂ ᠰᠤᠯᠤᠩᠭᠤᠰ ᠠᠴᠠ ᠴᠡᠷᠢᠭ ᠡᠯᠰᠡᠬᠦ ᠬᠡᠵᠦ ᠵᠠᠬᠢᠶ᠎ᠠ ᠪᠠᠭᠤᠯᠭᠠᠪᠠ᠃ 15 ᠤ ᠡᠳᠦᠷ᠂ ᠬᠠᠭᠠᠨ ᠡᠵᠡᠨ ᠲᠡᠭᠡᠳᠦ ᠨᠠᠶᠢᠰᠯᠠᠯ ᠳᠤ ᠬᠦᠷᠴᠡᠢ᠃ ᠲᠡᠭᠡᠳᠦ ᠨᠠᠶᠢᠰᠯᠠᠯ ᠤᠯᠠᠭᠠᠨ ᠠᠯᠴᠢᠭᠤᠷᠳᠠᠨ ᠬᠤᠯᠠᠭᠠᠢ ᠭᠠᠯᠳᠠᠭᠰᠠᠨ ᠪᠤᠯᠬᠤᠷ ᠤᠯᠤᠰ ᠪᠠ ᠬᠤᠪᠢ ᠶᠢᠨ ᠬᠦᠷᠦᠩᠭᠡ᠂ ᠤᠷᠳᠤᠨ ᠤ ᠬᠡᠷᠡᠮ ᠬᠤᠷᠢᠶ᠎ᠠ ᠪᠦᠷ ᠰᠢᠳᠠᠭᠳᠠᠨ ᠡᠪᠳᠡᠷᠡᠪᠡ᠃ ᠠᠷᠠᠳ ᠤᠨ ᠰᠠᠭᠤᠭ᠎ᠠ ᠬᠡᠷ ᠪᠠᠰᠠ ᠤᠯᠠᠨ ᠡᠪᠳᠡᠭᠳᠡᠭᠰᠡᠨ᠃ ᠯᠢᠶᠤᠤᠶᠠᠩ ᠮᠤᠵᠢ ᠵᠡᠭᠦᠨ ᠴᠧᠩᠰᠢᠶᠠᠩ ᠶᠧᠰᠤᠢ 2 ᠲᠦᠮᠡᠨ ᠬᠡᠰᠡᠭ ᠵᠤᠭᠤᠰ᠂ 5 ᠮᠢᠩᠭᠠᠨ ᠳ᠋ᠠᠨ ᠠᠮᠤ ᠪᠤᠳᠠᠭ᠎ᠠ ᠬᠦᠷᠭᠡᠵᠦ ᠠᠪᠴᠢᠷᠠᠵᠤ᠂ ᠪᠦᠭᠦᠳᠡᠭᠡᠷ ᠰᠡᠳᠬᠢᠯ ᠲᠤᠭᠳᠠᠪᠤᠷᠢᠳᠠᠢ ᠪᠤᠯᠵᠠᠢ᠃ ᠯᠢᠦ ᠵᠢᠢ ᠪᠢ ᠲᠠᠯᠤᠬᠤᠸᠠᠷᠴᠢ ᠲᠤᠶᠢᠨ ᠪᠤᠬ᠎ᠠ ᠬᠦᠩ ᠲᠠᠢ ᠬᠠᠭᠤᠴᠢᠨ ᠨᠠᠶᠢᠵᠠ ᠪᠤᠯᠤᠨ᠎ᠠ᠃ ᠲᠤᠶᠢᠨ ᠪᠤᠬ᠎ᠠ ᠠᠪᠤᠭᠠᠢ ᠬᠠᠯᠠᠭᠤᠨ ᠲᠤᠳᠤᠨᠤ᠂ ᠠᠯᠢᠪᠠ ᠬᠡᠷᠡᠭ ᠲᠤ ᠪᠦᠷ ᠰᠠᠶᠢᠨ ᠰᠠᠶᠢᠬᠠᠨ ᠪᠡᠶᠡᠯᠡᠭᠦᠯᠵᠦ᠂ ᠦᠨᠡᠭᠡᠷ ᠵᠤᠪᠠᠭᠤᠷᠢ ᠵᠦᠳᠡᠭᠦᠷᠢ ᠪᠠᠨ ᠬᠠᠮᠳᠤᠳᠬᠠᠭᠰᠠᠨ ᠨᠦᠭᠦᠷ ᠪᠤᠯᠤᠨ᠎ᠠ᠃ ᠪᠢ ᠰᠡᠳᠭᠢᠯ ᠤᠨ ᠤᠭ ᠠᠴᠠ ᠪᠠᠨ ᠪᠠᠶᠠᠷᠳᠠᠢ᠃  17 ᠤ ᠡᠳᠦᠷ᠂ ᠨᠠᠬᠠᠴᠤ ᠳᠤ ᠲᠠᠢ ᠸᠧᠢ ᠵᠡᠷᠭᠡ ᠨᠡᠮᠡᠵᠦ᠂ ᠲᠢᠩ ᠵᠦ ᠳᠤ ︵ᠲᠤᠤᠷ᠎ᠠ ᠦᠰᠦᠭ ᠬᠡᠭᠡᠭᠳᠡᠪᠡ︶᠃ ᠬᠠᠭᠠᠨ ᠡᠵᠡᠨ ᠲᠡᠭᠡᠳᠦ ᠨᠠᠶᠢᠰᠯᠠᠯ ᠳᠤ ᠬᠦᠷᠴᠦ᠂ ᠡᠳᠦᠷ ᠰᠦᠨᠢ ᠦᠭᠡᠢ ᠠᠵᠢᠯᠯᠠᠵᠤ᠂ ᠲᠦᠪ ᠪᠠ ᠮᠤᠵᠢ ᠶᠢᠨ ᠲᠦᠰᠢᠮᠡᠯ ᠲᠠᠢ ᠲᠦᠷᠦ ᠶᠢᠨ ᠶᠠᠪᠤᠳᠠᠯ ᠵᠦᠪᠳᠡᠯᠴᠡᠪᠡ᠃ ᠯᠢᠦ ᠵᠢᠢ ᠪᠢ᠂ ᠬᠠᠷᠠᠴᠠᠩ ᠬᠦᠩ ᠠᠴᠠ ᠤᠯᠤᠰ ᠤᠨ ᠶᠠᠪᠤᠳᠠᠯ ᠶᠠᠭᠠᠬᠢᠵᠤ ᠪᠠᠶᠢᠬᠤ ᠪᠤᠢ ᠬᠡᠵᠦ ᠠᠰᠠᠭᠤᠭᠰᠠᠨ ᠳᠤ ᠠᠪᠤᠭᠠᠢ ︽ᠲᠡᠮᠡᠢ ᠬᠡᠷᠡᠭ ᠦᠭᠡᠢ︾ ᠬᠡᠵᠦ ᠬᠠᠷᠢᠭᠤᠯᠵᠤ ᠂ ᠭᠠᠭᠴᠠ ᠡᠯ᠎ᠡ ᠮᠤᠵᠢ ᠪᠠ ᠲᠦᠪ ᠤᠨ ᠴᠢᠬᠤᠯᠠ ᠲᠦᠰᠢᠮᠡᠯ ᠳᠤ ᠨᠠᠮ ᠰᠦᠯᠪᠡᠯᠭᠡ ᠤᠷᠤᠰᠢᠵᠤ ᠪᠠᠶᠢᠨ᠎ᠠ᠃ ᠦᠨᠡᠭᠡᠷ ᠬᠠᠷᠠᠮᠰᠠᠯ ᠲᠠᠢ ᠳ᠋ᠠ︕ 24 ᠤ ᠡᠳᠦᠷ᠂ ᠲᠡᠭᠡᠳᠦ ᠨᠠᠶᠢᠰᠯᠠᠯ ᠤᠨ ᠱᠦ ᠮᠢ ᠶᠤᠸᠠᠨ ᠤ ᠲᠡᠳ᠋ ᠡᠯᠴᠢ ᠨᠠᠢᠮᠠᠨᠳᠠᠢ ᠬᠠᠭᠠᠨ ᠡᠵᠡᠨ ᠲᠠᠢ ᠠᠭᠤᠯᠵᠠᠵᠤ ︵ᠲᠤᠤᠷ᠎ᠠ ᠦᠰᠦᠭ ᠬᠡᠭᠡᠭᠳᠡᠪᠡ︶᠂ ᠲᠡᠭᠡᠳᠦ ᠨᠠᠶᠢᠰᠯᠠᠯ ᠭᠠᠯᠳᠠᠭᠳᠠᠭᠰᠠᠨ ᠪᠤᠯᠬᠤᠷ ᠱᠦ ᠮᠢ ᠶᠤᠸᠠᠨ ᠢ ᠴᠠᠭᠠᠨᠨᠠᠭᠤᠷ ᠲᠤ ᠰᠢᠯᠵᠢᠭᠦᠯᠵᠦ᠂ ᠨᠠᠢᠮᠠᠨᠳᠠᠢ ᠬᠦᠩ ᠢ ᠲᠡᠭᠡᠳᠦ ᠨᠠᠶᠢᠰᠯᠠᠯ ᠤᠨ ᠲᠡᠳ᠋ ᠡᠯᠴᠢ ᠪᠠᠷ ᠲᠤᠭᠳᠠᠭᠠᠵᠤ᠂ ᠲᠦᠮᠡᠨ ᠴᠡᠷᠢᠭ ᠤᠳᠤᠷᠢᠳᠴᠦ᠂ ᠤᠯᠠᠭᠠᠨ ᠠᠯᠴᠢᠭᠤᠷᠳᠠᠨ ᠬᠤᠯᠠᠭᠠᠢ ᠶᠢ ᠨᠡᠭᠡᠮᠵᠢᠯᠡᠨ ᠲᠠᠷᠤᠩᠭᠤᠶᠢᠯᠠᠪᠠ᠃ ᠲᠠᠷᠠᠭ᠎ᠠ  ᠪᠠᠷ ᠬᠠᠭᠠᠨ ᠡᠵᠡᠨ ᠡᠨᠡ ᠴᠡᠷᠢᠭ ᠢ ᠦᠪᠡᠷ ᠤᠨ ᠲᠤᠷᠭᠤᠳ  ᠴᠡᠷᠢᠭ ᠪᠤᠯᠭᠠᠨ ᠬᠡᠷᠡᠭᠯᠡᠪᠡ᠃  26 ᠤ ᠡᠳᠦᠷ᠂ ᠬᠤᠯᠠᠭᠠᠢ ᠶᠢᠨ ᠲᠦᠷᠦᠭᠦᠦ ᠰᠢᠤᠸᠠᠢ ᠰᠢᠶᠠᠨ ᠮᠤᠯᠳᠤᠰᠢ ᠬᠠᠭᠠᠯᠭ᠎ᠠ ᠠᠴᠠ ᠭᠠᠷᠤᠭᠰᠠᠨ ᠳᠤ ᠮᠤᠯᠳᠤᠰᠢ ᠬᠠᠭᠠᠯᠭ᠎ᠠ ᠶᠢᠨ ᡁᠢ ᠱᠦ ᠮᠢ ᠶᠤᠸᠠᠨ ᠤ ᠬᠡᠷᠡᠭ ᠮᠡᠳᠡᠭᠴᠢ ᠵᠠᠩ ᠵᠢᠢ ᠬᠠᠭᠠᠨ ᠡᠵᠡᠨ ᠤ ᠶᠠᠪᠤᠭᠤᠯ ᠤᠷᠳᠤᠨ ᠳᠤ ᠲᠤᠳᠠᠭᠠᠨ ᠢᠷᠡᠪᠡ᠃ 9 ᠰᠠᠷ᠎ᠠ ᠶᠢᠨ 6 ᠤ ᠡᠳᠦᠷ᠂ ᠬᠠᠷ᠎ᠠ ᠬᠦᠩ ᠠᠶᠢᠯᠠᠳᠬᠠᠵᠤ ᠬᠤᠯᠠᠭᠠᠢ ᠴᠡᠷᠢᠭ ᠵᠢᠦᠢ ᠶᠦᠩ ᠭᠤᠸᠠᠨ ᠪᠤᠭᠤᠮᠳᠠ  ᠠᠴᠠ ᠤᠮᠠᠷᠠᠰᠢ ᠴᠢᠭᠯᠡᠵᠦ᠂ ᠪᠦᠭᠦᠳᠡᠭᠡᠷ ᠰᠠᠨᠳᠤᠷᠴᠤ᠂ ᠬᠠᠭᠠᠨ ᠡᠵᠡᠨ ᠤᠮᠠᠷᠠᠰᠢ ᠬᠠᠷ᠎ᠠ ᠬᠤᠷᠤᠮ ᠵᠦᠭ ᠰᠢᠯᠵᠢᠬᠦ ᠬᠡᠵᠦ ᠲᠦᠰᠢᠮᠡᠯ ᠨᠠᠷ ᠭᠤᠶᠤᠴᠢᠯᠠᠪᠠ᠃ ᠬᠠᠭᠠᠨ ᠡᠵᠡᠨ ᠲᠠᠳᠠᠭᠠᠯᠵᠠᠨ  ᠪᠠᠶᠢᠬᠤ ᠳᠠᠭᠠᠨ ᠬᠤᠯᠠᠭᠠᠢ ᠶᠢᠨ ᠴᠡᠷᠢᠭ ᠲᠦᠷ ᠴᠠᠭ ᠲᠤ ᠴᠡᠷᠢᠭ ᠲᠠᠶᠢᠴᠢᠯᠠᠨ ᠢᠷᠡᠬᠦ ᠦᠭᠡᠢ ᠶᠢ ᠮᠡᠳᠡᠵᠦ ᠰᠡᠳᠬᠢᠯ ᠪᠠᠭ᠋ᠠᠨ ᠠᠮᠤᠷᠵᠢᠪᠠ᠃  10 ᠤ ᠡᠳᠦᠷ᠂ ᠬᠠᠭᠠᠨ ᠡᠵᠡᠨ ᠲᠢᠩ ᠵᠦ ᠶᠢ ᠵᠦᠩ ᠱᠦ ᠫᠢᠩ ᠵᠠᠩ ᠤᠨ ᠲᠦᠷᠦ ᠮᠡᠳᠡᠭᠴᠢ ᠪᠤᠯᠭᠠᠨ ᠵᠠᠷᠯᠢᠭ ᠪᠠᠭᠤᠯᠭᠠᠪᠠ᠃ 11 ᠤ ᠡᠳᠦᠷ᠂ ᠬᠠᠭᠠᠨ ᠡᠵᠡᠨ ᠤᠯᠠᠨ ᠲᠦᠰᠢᠮᠡᠯ ᠢ ᠤᠷᠳᠤᠨ ᠳᠤ ᠴᠤᠭᠯᠠᠭᠤᠯᠵᠤ᠂ ᠤᠯᠤᠰ ᠢᠶᠠᠨ ᠰᠡᠷᠭᠦᠭᠡᠬᠦ ᠶᠢ ᠵᠦᠪᠳᠡᠯᠴᠡᠪᠡ᠃  14 ᠤ ᠡᠳᠦᠷ᠂ ᠸᠠᠩ ᠲᠤᠯᠢᠭᠠᠨ᠎ᠠ ᠲᠡᠭᠡᠳᠦ ᠨᠠᠶᠢᠰᠯᠠᠯ ᠳᠤ ᠬᠦᠷᠴᠦ ᠢᠷᠡᠪᠡ᠃     19 ᠤ ᠡᠳᠦᠷ᠂ ᠰᠤᠯᠤᠩᠭᠤᠰ ᠸᠠᠩ ᠴᠡᠷᠢᠭ ᠲᠠᠭᠠᠭᠤᠯᠤᠨ ᠲᠡᠭᠡᠳᠦ ᠨᠠᠶᠢᠰᠯᠠᠯ ᠳᠤ ᠬᠦᠷᠴᠦ᠂ ᠴᠡᠷᠢᠭ ᠬᠡᠷᠡᠭᠯᠡᠬᠦ ᠶᠢ ᠰᠤᠨᠤᠰᠬᠤ ᠪᠠᠷ ᠬᠦᠯᠢᠶᠡᠪᠡ᠃ 10 ᠰᠠᠷ᠎ᠠ ᠶᠢᠨ 25 ᠤ ᠡᠳᠦᠷ᠂ ᠬᠦᠭᠡᠳᠡᠮᠦᠷ ᠢ ᠴᠢ ᠸᠠᠩ ᠡᠷᠭᠦᠮᠵᠢᠯᠡᠵᠦ᠂ ᠠᠯᠳᠠᠨ ᠲᠠᠮᠠᠭ᠎ᠠ ᠬᠠᠶᠢᠷᠠᠯᠠᠪᠠ᠃ 11 ᠰᠠᠷ᠎ᠠ ᠶᠢᠨ 1 ᠤ ᠡᠳᠦᠷ᠂ ᠬᠠᠭᠠᠨ ᠡᠵᠡᠨ ᠶᠢᠰᠦ ᠵᠢᠢ ᠯᠢᠶᠠᠩ ᠸᠠᠩ ᠡᠷᠭᠦᠮᠵᠢᠯᠡᠵᠦ ᠲᠠᠶᠢᠹᠦ᠋ ᠵᠡᠷᠭᠡ ᠬᠦᠷᠳᠡᠭᠡᠪᠡ᠃ 21 ᠤ ᠡᠳᠦᠷ᠂ ᠱᠠᠨᠰᠢ ᠮᠤᠵᠢ ᠶᠢᠨ ᠫᠢᠩ ᠵᠠᠩ ᠲᠦᠷᠦ ᠮᠡᠳᠡᠭᠴᠢ ᠲᠤᠭ ᠲᠡᠮᠦᠷ ᠬᠠᠭᠠᠨ ᠡᠵᠡᠨ ᠲᠠᠢ ᠠᠭᠤᠯᠵᠠᠵᠤ ᠂ ᠬᠠᠭᠠᠨ ᠡᠵᠡᠨ ᠱᠠᠨᠰᠢ ᠶᠢᠨ ᠪᠠᠶᠢᠳᠠᠯ ᠢ ᠠᠰᠠᠭᠤᠵᠤ᠂ ᠯᠢ ᠰᠧ ᠴᠢ᠂ ᠵᠠᠩ ᠽᠦᠩ ᠲᠤᠤ ᠬᠤᠶᠠᠷ ᠰᠠᠨᠠᠭ᠎ᠠ ᠡᠪᠦᠷᠯᠡᠵᠦ ᠪᠠᠶᠢᠭ᠎ᠠ ᠶᠢ ᠮᠡᠳᠡᠪᠡ᠃ 24 ᠤ ᠡᠳᠦᠷ᠂ ᠬᠤᠸᠠᠩ ᠲᠠᠶᠢᠽᠢ ᠬᠤᠩ ᠯᠥᠸᠧ ᠱᠠᠨ ᠳᠤ ᠰᠠᠭᠤᠵᠤ ᠰᠡᠷᠭᠡᠶᠢᠯᠡᠯᠳᠡ ᠬᠢᠪᠡ᠃  12 ᠰᠠᠷ᠎ᠠ ᠶᠢᠨ 8 ᠤ ᠡᠳᠦᠷ᠂ ᠬᠦᠭᠡᠳᠡᠮᠦᠷ ᠤᠨ ᠴᠡᠷᠢᠭ  ᠪᠤᠤ ᠠᠨ ᠤᠷᠤᠨ ᠳᠤ ᠲᠠᠶᠢᠰᠤᠨ ᠤ ᠴᠡᠷᠢᠭ ᠲᠤ ᠢᠯᠠᠭᠳᠠᠪᠠ᠃  10 ᠤ ᠡᠳᠦᠷ᠂ ᠬᠦᠮᠦᠨ ᠲᠤᠮᠢᠯᠠᠵᠤ ᠬᠦᠭᠡᠳᠡᠮᠦᠷ ᠤᠨ ᠵᠦᠭ ᠶᠠᠪᠤᠭᠤᠯᠵᠤ᠂ ᠬᠦᠭᠡᠳᠡᠮᠦᠷ ᠤᠨ ᠪᠠᠶᠢᠬᠤ  ᠡᠰᠡᠬᠦ᠋ᠢ ᠰᠤᠷᠠᠭᠯᠠᠪᠠ᠃  13 ᠤ ᠡᠳᠦᠷ᠂ ᠪᠠᠶᠢᠴᠠᠭᠠᠭᠴᠢ ᠲᠦᠰᠢᠮᠡᠯ ᠰᠢᠦᠢ ᠵᠢᠩ ᠰᠢ 10 ᠵᠤᠷᠪᠤᠰ  ᠠᠶᠢᠯᠠᠳᠬᠠᠪᠠ  ᠃ ᠠᠶᠢᠯᠠᠳᠬᠠᠯ ᠤᠨ  ᠠᠭᠤᠯᠠᠭ᠎ᠠ ᠨᠢ  ᠄ ᠨᠢᠭᠡ ᠳᠤ ᠠᠷᠢᠬᠢ ᠶᠢ ᠴᠠᠭᠠᠵᠠᠯᠠᠬᠤ︔ ᠬᠤᠶᠠᠷ ᠲᠤ ᠤᠷᠳᠤᠨ ᠤ ᠦᠢᠯᠡᠴᠢᠯᠡᠭᠴᠢ ᠲᠦᠷᠦ ᠶᠢᠨ ᠬᠡᠷᠡᠭ ᠢ ᠬᠠᠯᠳᠠᠵᠤ ᠪᠤᠯᠬᠤ ᠦᠭᠡᠢ︔ ᠭᠤᠷᠪᠠ ᠳᠤ ᠴᠡᠷᠢᠭ ᠤᠨ ᠵᠠᠩᠵᠤᠨ ᠰᠤᠩᠭᠤᠬᠤ︔ ᠲᠦᠷᠪᠡ ᠳᠤ  ᠽᠠᠶᠢᠰᠢᠶᠠᠩ ᠭᠠᠭᠴᠠ ᠬᠦᠮᠦᠨ ᠪᠤᠯᠬᠤ ᠦᠭᠡᠢ᠂ ᠦᠨᠡᠨᠴᠢ ᠴᠢᠳᠠᠯᠳᠠᠨ ᠢ ᠬᠡᠷᠡᠭᠯᠡᠬᠦ︔ ᠲᠠᠪᠤ ᠳᠤ ᠱᠠᠩᠨᠠᠯ ᠰᠢᠭᠦᠮᠵᠢᠯᠡᠯ ᠢ ᠲᠤᠳᠤᠷᠬᠠᠢ ᠪᠤᠯᠭᠠᠬᠤ︔ ᠵᠢᠷᠭᠤᠭ᠎ᠠ ᠳᠤ ᠴᠡᠷᠢᠭ ᠤᠨ ᠰᠠᠬᠢᠯᠭ᠎ᠠ   ᠶᠢ ᠴᠢᠩᠭᠠᠳᠬᠠᠬᠤ︔ ᠲᠤᠯᠤᠭ᠎ᠠ  ᠳᠤ ᠪᠡᠶ᠎ᠡ ᠮᠠᠭᠤ᠂  ᠬᠦᠭᠰᠢᠨ  ᠪᠠᠭᠤᠷᠠᠢ  ᠴᠡᠷᠢᠭ ᠢ ᠪᠠᠭᠤᠯᠭᠠᠬᠤ︔ ᠨᠠᠢᠮᠠ ᠳᠤ ᠪᠠᠷᠠᠭᠤᠨ ᠬᠤᠶᠢᠳᠤ ᠬᠠᠷᠢᠶᠠᠳᠤ ᠤᠷᠤᠨ ᠠᠴᠠ ᠴᠡᠷᠢᠭ ᠡᠯᠰᠡᠬᠦ︔ ᠶᠢᠰᠦ ᠳᠤ ᠰᠤᠯᠤᠩᠭᠤᠰ ᠠᠴᠠ ᠴᠡᠷᠢᠭ ᠤᠨ ᠬᠡᠷᠡᠭᠰᠡᠯ ᠠᠪᠬᠤ︔ ᠠᠷᠪᠠ ᠳᠤ ᠦᠭᠡ ᠨᠡᠭᠡᠬᠦ᠂ ᠪᠤᠷᠤᠭᠤ ᠬᠡᠯᠡᠬᠦ ᠳᠤ ᠶᠠᠯ᠎ᠠ ᠠᠰᠠᠭᠤᠬᠤ ᠦᠭᠡᠢ᠃  ᠮᠥᠨ ᠰᠠᠷ᠎ᠠ ᠶᠡᠭᠡ ᠴᠠᠰᠤ ᠲᠠᠢ᠂ 5 — 6 ᠲᠤᠬᠤᠢ ᠬᠦᠨ᠃  29 ᠤᠨ ︵1369 ᠤᠨ︶ ᠤ ᠴᠠᠭᠠᠨ ᠰᠠᠷ᠎ᠠ ᠶᠢᠨ 1 ᠤ ᠡᠳᠦᠷ᠂ ᠰᠢᠨ᠎ᠡ ᠴᠠᠭ  ᠲᠤᠭᠠᠯᠠᠯ   ᠤᠨ ᠪᠢᠴᠢᠭ ᠢ ᠰᠤᠯᠤᠩᠭᠤᠳ ᠲᠤ ᠨᠡᠶᠢᠳᠡᠯᠡᠨ ᠲᠠᠷᠬᠠᠪᠠ᠃ ᠲᠦᠰᠢᠮᠡᠯ ᠨᠠᠷ ᠶᠠᠪᠤᠭᠤᠯ ᠤᠷᠳᠤᠨ ᠳᠤ ᠢᠷᠡᠵᠦ᠂ ᠬᠠᠭᠠᠨ ᠡᠵᠡᠨ ᠳᠤ ᠶᠤᠰᠤᠯᠠᠨ ᠪᠡᠯᠡᠭᠯᠡᠪᠡ᠃ ᠬᠠᠭᠠᠨ ᠡᠵᠡᠨ ᠪᠡᠶ᠎ᠡ ᠡᠪᠡᠳᠴᠢᠨ ᠲᠠᠢ ᠪᠤᠯᠬᠤᠷ  ᠠᠭᠤᠯᠵᠠᠯᠳᠠ ᠬᠢᠭᠰᠡᠨ ᠦᠭᠡᠢ᠃ ᠬᠤᠯᠠᠭᠠᠢ ᠴᠡᠷᠢᠭ ᠴᠢᠮᠡᠭᠡ ᠦᠭᠡᠢ ᠪᠤᠯᠬᠤᠷ ᠲᠠᠭᠠᠭᠰᠠᠳ ᠬᠡᠷ ᠡᠷᠦᠭᠡ ᠳᠤ ᠪᠠᠨ ᠴᠢᠭᠯᠡᠪᠡ᠃ ᠬᠠᠷ᠎ᠠ ᠬᠦᠩ ᠰᠠᠨᠠᠭ᠎ᠠ ᠠᠯᠳᠠᠨ ᠬᠡᠯᠡᠷᠦᠨ ︽ᠤᠯᠤᠰ ᠮᠦᠭᠦᠭᠰᠡᠨ ᠲᠦᠰᠢᠮᠡᠯ ᠤᠯᠤᠰ ᠢᠶᠠᠨ ᠰᠡᠷᠭᠦᠭᠡᠬᠦ ᠶᠢ ᠶᠠᠭᠠᠬᠢᠨ ᠬᠡᠯᠡᠯᠴᠡᠮᠦᠢ᠂ ᠪᠢ ᠪᠠᠷᠠᠭᠤᠨ ᠬᠤᠶᠢᠳᠤ ᠶᠢᠨ ᠬᠠᠷᠢᠶᠠᠳᠤ ᠴᠡᠷᠢᠭ ᠲᠠᠢ ᠬᠠᠮᠳᠤ ᠵᠦᠪᠳᠡᠬᠦ ᠶᠢ ᠰᠠᠨᠠᠭᠠᠴᠢᠯᠠᠨ᠎ᠠ︾   ᠭᠡᠬᠦ ᠳᠤ  ᠵᠢᠢ ᠪᠢ ᠠᠰᠠᠭᠤᠷᠤᠨ  ᠄  ︽ᠶᠠᠭᠤᠨ ᠳᠤ ᠡᠷᠳᠡ ᠡᠨᠡᠬᠦ  ᠠᠷᠭ᠎ᠠ ᠶᠢ ᠵᠦᠪᠯᠡᠭᠰᠡᠨ ᠦᠭᠡᠢ ᠪᠤᠢ  ︾ ᠭᠡᠰᠡᠨ ᠳᠤ  ᠬᠠᠷ᠎ᠠ ᠬᠦᠩ  ᠦᠭᠦᠯᠡᠷᠦᠨ  ︽ᠭᠠᠭᠴᠠᠬᠦ  ᠠᠷᠦᠬᠤᠢ  ᠸᠠᠩ  ᠬᠠᠷᠠᠭᠳᠠᠭᠰᠠᠨ ᠦᠭᠡᠢ︾ ᠭᠡᠵᠦ  ᠤᠷᠤᠨ ᠠᠴᠠ ᠪᠤᠰᠴᠤ ᠭᠠᠷᠪᠠ᠃ 3 ᠤ ᠡᠳᠦᠷ᠂  ᠤᠶᠢᠪᠠᠶᠠᠨ ᠢ ᠵᠦᠩ ᠱᠦ ᠬᠡᠷᠡᠭ ᠮᠡᠳᠡᠭᠴᠢ ᠶᠢᠨ ᠵᠦᠪᠳᠡᠯᠭᠡ ᠲᠤᠰᠢᠶᠠᠯ ᠬᠦᠷᠳᠡᠭᠡᠪᠡ᠃ 6 ᠤ ᠡᠳᠦᠷ᠂ ᠫᠢᠩ ᠵᠠᠩ ᠤᠨ ᠬᠡᠷᠡᠭ ᠮᠡᠳᠡᠭᠴᠢ ᠯᠢ ᠪᠠᠢ ᠵᠢᠶᠠ ᠨᠦ ᠬᠠᠭᠠᠨ ᠡᠵᠡᠨ ᠳᠤ ᠤᠯᠤᠰ ᠢᠶᠠᠨ ᠰᠡᠷᠭᠦᠭᠡᠬᠦ  ᠶᠢ ᠠᠶᠢᠯᠠᠳᠬᠠᠵᠤ᠂ ᠮᠠᠨ ᠤ ᠴᠡᠷᠢᠭ ᠤᠨ ᠬᠦᠴᠦᠨ ᠲᠤᠷᠤᠢ ᠪᠠᠭᠤᠷᠠᠢ ᠪᠤᠯᠬᠤᠷ ᠪᠠᠷᠠᠭᠤᠨ ᠬᠤᠶᠢᠳᠤ ᠶᠢᠨ ᠬᠠᠷᠢᠶᠠᠳᠤ ᠴᠡᠷᠢᠭ ᠢᠶᠠᠷ ᠬᠠᠪᠰᠤᠷᠤᠭᠤᠯᠬᠤ ᠶᠢ ᠮᠡᠳᠡᠭᠦᠯᠵᠦ᠂ ᠬᠠᠭᠠᠨ ᠡᠵᠡᠨ ᠬᠡᠯᠡᠷᠦᠨ ︽ᠬᠠᠷ᠎ᠠ ᠬᠦᠩ ᠴᠢᠮ᠎ᠠ ᠠᠴᠠ ᠡᠮᠦᠨ᠎ᠡ ᠮᠡᠭᠦᠰ ᠨᠠᠳᠠᠳᠤ ᠰᠠᠨᠠᠭᠤᠯᠪᠠ︾ ᠬᠡᠵᠦ ᠬᠠᠷᠢᠭᠤᠯᠪᠠ᠃ 9 ᠤ ᠡᠳᠦᠷ᠂ ᠯᠢᠦ ᠵᠢᠢ ᠪᠢ ᠪᠠᠶᠢᠴᠠᠭᠠᠭᠴᠢ ᠰᠢᠳᠠᠷ ᠲᠦᠰᠢᠮᠡᠯ ᠤᠨ ᠵᠠᠷᠯᠢᠭ ᠢ ᠬᠦᠯᠢᠶᠡᠵᠦ᠂ ᠮᠥᠨ ᠡᠳᠦᠷ ᠬᠡᠳᠦᠨ ᠦᠨᠡᠭᠡ ᠶᠠᠪᠤᠭᠤᠯ ᠤᠷᠳᠤᠨ ᠳᠤ ᠬᠦᠶᠦᠨ ᠤᠷᠤᠵᠤ᠂ ᠬᠠᠭᠠᠨ ᠡᠵᠡᠨ ᠤ ᠰᠠᠭᠤᠭ᠎ᠠ ᠰᠢᠷᠡᠭᠡᠨ ᠲᠤᠤᠷ᠎ᠠ ᠰᠢᠷᠭᠤᠨ ᠤᠷᠤᠬᠤ ᠶᠢ ᠪᠦᠭᠦᠳᠡᠭᠡᠷ ᠦᠵᠡᠵᠦ᠂ ᠢᠦᠢ ᠱᠢ ᠳ᠋ᠠ ᠹᠦ᠋ ᠠᠷᠠᠪᠤᠱᠠ ᠬᠠᠭᠠᠨ ᠲᠠᠢ ᠠᠭᠤᠯᠵᠠᠵᠤ᠂ ᠤᠯᠤᠰ ᠮᠦᠭᠦᠭᠦ ᠶᠢᠨ ᠲᠡᠮᠳᠡᠭ ᠬᠡᠵᠦ ᠬᠡᠯᠡᠬᠦ ᠳᠤ ᠬᠠᠭᠠᠨ ᠡᠵᠡᠨ ︽ᠲᠡᠭᠷᠢ ᠶᠢᠨ ᠰᠠᠨᠠᠭ᠎ᠠ ᠡᠶᠢᠮᠦ ᠪᠤᠯᠬᠤᠷ ᠮᠡᠭᠦᠰ ᠪᠢ ᠶᠠᠭᠠᠬᠢᠬᠤ ᠪᠤᠢ︾ ᠬᠡᠵᠦ ᠬᠠᠷᠢᠭᠤᠯᠪᠠ᠃  20 ᠤ ᠡᠳᠦᠷ᠂ ᠲᠡᠭᠡᠳᠦ ᠨᠠᠶᠢᠰᠯᠠᠯ ᠶᠡᠭᠡ ᠰᠠᠯᠬᠢᠯᠠᠵᠤ᠂ ᠡᠳᠦᠷ ᠰᠢᠷᠠᠯᠠᠵᠤ᠂ ᠮᠥᠨ ᠡᠳᠦᠷ ᠲᠤᠮᠳᠠᠳᠤ ᠨᠠᠶᠢᠰᠯᠠᠯ ᠭᠠᠵᠠᠷ ᠲᠤᠷᠬᠢᠨ ᠬᠦᠳᠡᠯᠪᠡ᠃ 21 ᠤ ᠡᠳᠦᠷ᠂ ᠶᠢᠰᠦ ᠴᠧᠩᠰᠢᠶᠠᠩ ᠲᠤ ᠵᠠᠷᠯᠢᠭ ᠪᠠᠭᠤᠯᠭᠠᠵᠤ᠂ ᠴᠢᠤᠸᠠᠨ ᠨᠢᠩ ︵ᠡᠳᠦᠭᠡ ᠶᠢᠨ ᠤᠩᠨᠢᠭᠤᠳ ᠬᠤᠰᠢᠭᠤᠨ ᠤ ᠪᠤᠷᠤᠬᠤᠳᠠ︶ ᠵᠸᠦ ᠳᠤ ᠴᠡᠷᠢᠭ ᠰᠠᠭᠤᠵᠤ ᠰᠡᠷᠭᠡᠶᠢᠯᠡᠯᠳᠡ ᠬᠢᠬᠦ ᠬᠡᠷᠡᠭᠳᠠᠢ ᠬᠡᠵᠦ ᠵᠠᠷᠯᠠᠪᠠ᠃ ᠬᠦᠭᠡᠳᠡᠮᠦᠷ ᠢ ᠵᠦᠩ ᠱᠦ ᠪᠠᠷᠠᠭᠤᠨ ᠴᠧᠩᠰᠢᠶᠠᠩ ᠡᠷᠭᠦᠮᠵᠢᠯᠡᠵᠦ᠂ ᠲᠤᠳᠤᠭᠠᠳᠤ ᠬᠡᠷᠡᠭ ᠢ ᠡᠷᠬᠢᠯᠡᠬᠦ ᠪᠠᠷ ᠲᠤᠭᠳᠠᠭᠠᠪᠠ᠃ ᠬᠦᠭᠡᠳᠡᠮᠦᠷ ᠡᠯᠴᠢ ᠲᠤᠮᠢᠯᠠᠵᠤ᠂ ᠶᠠᠪᠤᠭᠤᠯ ᠤᠷᠳᠤᠨ ᠳᠤ ᠢᠷᠡᠵᠦ ᠪᠠᠷᠠᠭᠤᠨ ᠬᠤᠶᠢᠳᠤ ᠬᠠᠷᠢᠶᠠᠳᠤ ᠤᠷᠤᠨ ᠤ ᠴᠢᠮᠡᠭᠡ ᠶᠢ ᠮᠡᠳᠡᠭᠦᠯᠪᠡ᠃ ᠰᠤᠯᠤᠩᠭᠤᠰ ᠤᠯᠤᠰ ᠠᠯᠪᠠ ᠪᠠᠷᠢᠬᠤ ᠨᠢ ᠤᠭ ᠶᠠᠩᠵᠤ ᠪᠠᠷ ᠪᠠᠶᠢᠬᠤ ᠪᠤᠯᠪᠠᠴᠤ ᠨᠢᠭᠡᠨᠳᠡ ᠬᠤᠶᠠᠷ ᠰᠠᠨᠠᠭ᠎ᠠ ᠲᠠᠢ ᠪᠤᠯᠪᠠ᠃ ᠨᠠᠬᠠᠴᠤ ᠴᠡᠷᠢᠭ ᠭᠠᠷᠭᠠᠨ᠎ᠠ ᠬᠡᠵᠦ ᠠᠶᠢᠯᠠᠳᠬᠠᠭᠰᠠᠨ ᠳᠤ ᠬᠠᠭᠠᠨ ᠡᠵᠡᠨ ᠪᠠᠶᠠᠰᠤᠨ ᠵᠦᠪᠰᠢᠶᠡᠷᠡᠪᠡ᠃ 24 — 27 ᠤ ᠡᠳᠦᠷ᠂ ᠰᠠᠯᠬᠢ ᠲᠡᠭᠳᠡᠵᠦ᠂ ᠶᠡᠭᠡ ᠪᠤᠳᠤᠩᠭᠤᠶᠢᠷᠠᠵᠤ᠂ ᠡᠳᠦᠷ ᠢᠶᠠᠷ ᠳ᠋ᠧᠩ  ᠪᠠᠷᠢᠵᠤ ᠦᠩᠭᠡᠷᠡᠪᠡ᠃ 2 ᠰᠠᠷ᠎ᠠ ᠶᠢᠨ 1 ᠤ ᠡᠳᠦᠷ᠂ ᠶᠡᠭᠡ ᠰᠠᠯᠬᠢ ᠲᠠᠢ᠂ ᠡᠳᠦᠷ ᠪᠤᠳᠤᠩᠭᠤᠢ᠃᠂ ᠠᠷᠠᠬᠠᠨ ᠢ ᠱᠦ ᠮᠢ ᠶᠤᠸᠠᠨ ᠤ ᠲᠡᠳ᠋ ᠡᠯᠴᠢ ᠡᠷᠭᠦᠮᠵᠢᠯᠡᠵᠦ᠂ ᠰᠡᠯᠢᠮᠡᠨ ᠢ ᠵᠦᠩ ᠱᠦ ᠫᠢᠩ ᠵᠠᠩ ᠤᠨ ᠲᠦᠷᠦ ᠮᠡᠳᠡᠭᠴᠢ ᠡᠷᠭᠦᠮᠵᠢᠯᠡᠪᠡ᠃ ᠰᠡᠯᠢᠮᠡᠨ ᠬᠦᠩ ᠠᠷᠢᠬᠢ ᠳᠤ ᠰᠢᠨᠤᠬᠠᠶᠢᠷᠠᠵᠤ᠂ ᠬᠡᠷᠡᠭ ᠶᠠᠪᠤᠳᠠᠯ ᠳᠤ ᠤᠷᠤᠯᠴᠠᠬᠤ ᠦᠭᠡᠢ ᠪᠤᠯᠬᠤᠷ ᠲᠦᠷᠦ ᠡᠷᠭᠡ ᠠᠴᠠ ᠬᠠᠰᠤᠨ ᠤᠭᠴᠠᠷᠠᠭᠤᠯᠪᠠ᠃ 3 ᠤ ᠡᠳᠦᠷ᠂ ᠬᠡᠰᠢᠭᠳᠡᠨ ᠴᠡᠷᠢᠭ ᠲᠤ ᠠᠮᠤ ᠪᠤᠳᠠᠭ᠎ᠠ᠂ ᠬᠤᠪᠴᠠᠰᠤ ᠵᠡᠷᠭᠡ ᠬᠠᠶᠢᠷᠠᠯᠠᠪᠠ᠃  8 ᠤ ᠡᠳᠦᠷ᠂ ᠬᠠᠭᠠᠨ ᠡᠵᠡᠨ ᠤ ᠪᠡᠶ᠎ᠡ ᠡᠪᠡᠳᠴᠢᠯᠡᠵᠦ᠂ ᠲᠦᠷᠦ ᠶᠢᠨ ᠭᠡᠷᠡᠭ ᠵᠦᠪᠳᠡᠭᠰᠡᠨ ᠦᠭᠡᠢ᠃ 13 ᠤ ᠡᠳᠦᠷ ᠬᠠᠭᠠᠨ ᠡᠵᠡᠨ ᠤ ᠡᠪᠡᠳᠴᠢᠨ ᠬᠦᠨᠳᠤᠷᠡᠪᠡ᠃ 15 ᠤ ᠡᠳᠦᠷ᠂ ᠶᠢᠰᠦ ᠴᠧᠩᠰᠢᠶᠠᠩ 4 ᠲᠦᠮᠡᠨ ᠰᠢᠳᠠᠷ ᠴᠡᠷᠢᠭ ᠢ ᠤᠳᠤᠷᠢᠳᠴᠦ ᠲᠦᠩ ᠵᠸᠦ ᠶᠢ ᠡᠵᠡᠯᠡᠪᠡ᠃ ᠬᠤᠯᠠᠭᠠᠢ ᠴᠡᠷᠢᠭ ᠬᠦᠳᠡᠯᠭᠡᠭᠰᠡᠨ ᠦᠭᠡᠢ᠃ ᠬᠠᠭᠠᠨ ᠡᠵᠡᠨ ᠶᠢᠰᠦ ᠳᠤ ᠵᠠᠷᠯᠢᠭ ᠪᠠᠭᠠᠤᠯᠭᠠᠵᠤ᠂ ᠪᠢᠳᠡᠭᠡᠢ ᠬᠦᠨ ᠤᠷᠤᠭᠳᠤᠨ᠂ ᠬᠤᠯᠠᠭᠠᠢ ᠴᠡᠷᠢᠭ ᠬᠤᠭᠤᠰᠤᠨ ᠢ ᠮᠡᠳᠡᠵᠦ ᠬᠡᠨᠡᠳᠳᠡ  ᠬᠠᠯᠳᠠᠬᠤ ᠮᠠᠭᠠᠳ ᠬᠡᠪᠡ᠃ ᠤᠳᠠᠯ ᠦᠭᠡᠢ ᠵᠡᠭᠦᠨ ᠱᠢ ᠯᠠᠩ ᠬᠤᠸᠠᠩ ᠵᠦᠸᠧ ᠶᠢ ᠴᠡᠷᠢᠭ ᠤᠨ ᠬᠤᠷᠢᠶᠠᠨ ᠳᠤ ᠲᠤᠮᠢᠯᠠᠵᠤ ᠶᠢᠰᠦ ᠬᠦᠩ ᠳᠤ ᠯᠤᠤᠳᠤ ᠬᠤᠪᠴᠠᠰᠤ ᠱᠠᠩᠨᠠᠵᠤ᠂ ᠠᠷᠢᠬᠢ ᠪᠠᠷᠢᠪᠠ᠃ ᠴᠡᠷᠢᠭ ᠨᠤᠶᠠᠨ ᠪᠠ ᠪᠠᠶᠢᠯᠳᠤᠭᠴᠢ ᠳᠤ ᠱᠠᠩᠨᠠᠯ ᠬᠦᠷᠳᠡᠭᠡᠪᠡ᠃  22 ᠤ ᠡᠳᠦᠷ᠂ ᠯᠢᠦ ᠵᠢᠢ ᠪᠢ ᠬᠠᠷ᠎ᠠ ᠬᠦᠩ ᠲᠠᠢ ᠠᠭᠤᠯᠵᠠᠵᠤ᠂ ᠬᠠᠷ᠎ᠠ ᠬᠦᠩ ᠵᠠᠰᠠᠭ ᠪᠠᠷᠢᠭᠴᠢ ᠰᠤᠯᠤᠩᠭᠤᠰ  ᠤᠨ ᠦᠬᠢᠨ ᠲᠠᠢ ᠢᠨᠠᠭᠯᠠᠵᠤ᠂ ᠤᠯᠤᠰ ᠬᠡᠷ ᠢᠶᠠᠨ ᠮᠠᠷᠳᠠᠨ ᠤᠷᠬᠢᠵᠤ᠂ ᠰᠠᠯᠢ ᠫᠢᠩ ᠵᠠᠩ ᠤᠨ ᠠᠵᠢᠯ ᠳᠤ ᠲᠡᠩᠴᠡᠬᠦ ᠦᠭᠡᠢ᠂ ᠯᠢᠦ ᠵᠢᠢ ᠪᠢ ︽ᠶᠠᠭᠤᠨ ᠳᠤ ᠬᠠᠭᠠᠨ ᠡᠵᠡᠨ ᠳᠤ ᠠᠶᠢᠯᠠᠳᠬᠠᠬᠤ ᠦᠭᠡᠢ ᠪᠤᠢ︾ ᠬᠡᠰᠡᠨ ᠳᠤ ᠬᠠᠷ᠎ᠠ ᠬᠦᠩ ᠦᠭᠡ ᠲᠠᠭᠤᠨ ᠦᠭᠡᠢ ᠪᠤᠯᠪᠠ᠃ ᠲᠤᠳᠤᠷ᠎ᠠ ᠨᠢ ᠶᠠᠮᠪᠠᠷ ᠰᠢᠯᠳᠠᠭᠠᠨ ᠪᠠᠶᠢᠵᠤ ᠮᠡᠳᠡᠨ᠎ᠡ᠃ 3 ᠰᠠᠷ᠎ᠠ ᠶᠢᠨ 2 ᠤ ᠡᠳᠦᠷ᠂ ᠲᠡᠭᠡᠳᠦ ᠨᠠᠶᠢᠰᠯᠠᠯ ᠤᠨ ᠤᠷᠴᠢᠮ ᠤᠳᠤᠷᠯᠠᠪᠠ᠃ ᠬᠤᠸᠠᠩ ᠲᠠᠶᠢᠽᠢ ᠴᠡᠷᠢᠭ ᠲᠠᠶᠢᠴᠢᠯᠠᠵᠤ᠂ ᠶᠡᠭᠡ ᠨᠠᠶᠢᠰᠯᠠᠯ ᠳ᠋ᠠ ᠳ᠋ᠦ᠋ ᠶᠢ ᠪᠤᠴᠠᠭᠠᠨ ᠠᠪᠬᠤ ᠬᠡᠰᠡᠨ ᠳᠤ ᠬᠠᠭᠠᠨ ᠠᠴᠠ ᠵᠦᠪᠰᠢᠶᠡᠷᠡᠭᠰᠡᠨ ᠦᠭᠡᠢ᠃ 18 ᠤ ᠡᠳᠦᠷ᠂ ᠠᠵᠢᠯ ᠤᠨ ᠶᠠᠮᠤᠨ ᠤ ᠱᠢ ᠯᠠᠩ ᠲᠠᠯᠠᠢ ᠶᠢ ᠲᠤᠮᠢᠯᠠᠵᠤ᠂ ᠰᠤᠯᠤᠩᠭᠤᠰ ᠤᠨ ᠸᠠᠩ ᠳᠤ ᠯᠤᠤᠳᠤ ᠬᠤᠪᠴᠠᠰᠤ ᠪᠠ ᠠᠷᠢᠬᠢ ᠱᠠᠩᠨᠠᠪᠠ᠃ 20 ᠤ ᠡᠳᠦᠷ ᠬᠠᠭᠠᠨ ᠡᠵᠡᠨ ᠤ ᠪᠡᠶ᠎ᠡ ᠡᠪᠡᠳᠴᠢᠨ ᠲᠠᠢ᠃ 22 ᠤ ᠡᠳᠦᠷ᠂ ᠤᠯᠤᠪᠤᠬ᠎ᠠ ᠶᠢ ᠵᠦᠩ ᠱᠦ ᠳᠤ ᠬᠡᠷᠡᠭ ᠮᠡᠳᠡᠭᠴᠢ ᠶᠢᠨ ᠲᠤᠰᠠᠯᠠᠭᠴᠢ ᠡᠷᠭᠦᠮᠵᠢᠯᠡᠪᠡ᠃ ᠸᠠᠩ ᠰᠢᠨ  ᠢ ᠲᠡᠭᠡᠳᠦ ᠨᠠᠶᠢᠰᠯᠠᠯ ᠤᠨ ᠬᠠᠮᠢᠶᠠᠷᠤᠭᠴᠢ ᠪᠤᠯᠭᠠᠪᠠ᠃ 28 ᠤ ᠡᠳᠦᠷ᠂ ᠬᠠᠭᠠᠨ ᠡᠵᠡᠨ ᠲᠦᠰᠢᠮᠡᠯ ᠨᠠᠷ ᠲᠠᠢ ᠪᠠᠨ ᠨᠢᠭᠡ ᠨᠢᠭᠡ ᠪᠠᠷ ᠠᠭᠤᠯᠵᠠᠯᠠᠯᠳᠠ ᠬᠢᠪᠡ᠃  4 ᠰᠠᠷ᠎ᠠ ᠶᠢᠨ 1 ᠤ ᠡᠳᠦᠷ᠂ ᠬᠤᠩᠬᠤᠳᠡᠮᠦᠷ ᠶᠢᠰᠦ ᠬᠤᠶᠠᠷ ᠲᠤ ᠵᠠᠷᠯᠢᠭ ᠪᠠᠭᠤᠯᠭᠠᠵᠤ᠂ ᠴᠡᠷᠢᠭ ᠤᠷᠤᠭᠤᠯᠤᠨ ᠬᠤᠯᠠᠭᠠᠢ ᠲᠠᠢ ᠪᠠᠶᠢᠯᠳᠤᠵᠤ᠂ ᠨᠠᠶᠢᠰᠯᠠᠯ ᠬᠤᠳᠠ ᠶᠢ ᠪᠤᠴᠠᠭᠠᠨ ᠠᠪᠬᠤ ᠬᠡᠪᠡ᠃ 5 ᠤ ᠡᠳᠦᠷ᠂ ᠬᠤᠯᠠᠭᠠᠢ ᠶᠢᠨ ᠵᠠᠩᠵᠤᠨ ᠴᠠᠩ ᠢᠦᠢ ᠴᠦᠨ ᠴᠡᠷᠢᠭ ᠲᠠᠶᠢᠴᠢᠯᠠᠵᠤ᠂ ᠤᠮᠠᠷᠠᠰᠢ ᠢᠷᠡᠬᠦ ᠶᠢ ᠮᠡᠳᠡᠵᠦ ᠂ ᠬᠠᠭᠠᠨ ᠡᠵᠡᠨ ᠭᠠᠷ ᠪᠢᠴᠢᠭ ᠢᠶᠠᠷ ᠵᠠᠷᠯᠢᠭᠳᠠᠵᠤ᠂ ᠬᠦᠴᠦᠳᠠᠢ ᠰᠡᠷᠭᠡᠶᠢᠯᠡᠬᠦ ᠬᠡᠷᠡᠭᠳᠠᠢ ᠬᠡᠪᠡ᠃ ᠢᠦᠢ ᠱᠢ ᠷᠧᠨ ᠵᠦᠩ ᠮᠢᠨ ᠬᠠᠭᠠᠨ ᠡᠵᠡᠨ ᠳᠤ ᠬᠠᠷ᠎ᠠ ᠬᠤᠷᠤᠮ ᠳᠤ ᠵᠠᠶᠢᠯᠬᠤ ᠬᠡᠵᠦ  ᠰᠠᠨᠠᠭᠠᠴᠢᠯᠠᠪᠠ᠃ ᠬᠠᠭᠠᠨ ᠡᠵᠡᠨ ᠵᠡᠭᠦᠨ ᠪᠠᠷᠠᠭᠤᠨ ᠬᠠᠷᠢᠶᠠᠳᠤ ᠡᠯ᠎ᠡ ᠠᠶᠢᠮᠠᠭ ᠲᠠᠢ ᠵᠦᠪᠳᠡᠵᠦ᠂ ᠤᠯᠤᠰ ᠢᠶᠠᠨ ᠰᠡᠷᠭᠦᠭᠡᠬᠦ ᠶᠢ ᠬᠡᠯᠡᠯᠴᠡᠪᠡ᠃  6 ᠤ ᠡᠳᠦᠷ᠂ ᠶᠢᠰᠦ ᠴᠧᠩᠰᠢᠶᠠᠩ ᠤᠨ ᠴᠡᠷᠢᠭ ᠬᠤᠯᠠᠭᠠᠢ ᠶᠢᠨ ᠴᠡᠷᠢᠭ ᠲᠤ ᠲᠡᠶᠢᠯᠦᠭᠳᠡᠪᠡ᠃  10 ᠤ ᠡᠳᠦᠷ᠂ ᠬᠦᠷᠳᠦᠳᠡᠮᠦᠷ ᠲᠠᠶᠢᠱᠢ ᠶᠢ ᠲᠡᠭᠡᠳᠦ ᠨᠠᠶᠢᠰᠯᠠᠯ ᠤᠨ ᠬᠠᠮᠢᠶᠠᠷᠤᠭᠴᠢ ᠪᠤᠯᠭᠠᠨ ᠦᠯᠡᠳᠡᠭᠡᠪᠡ᠃ 14 ᠤ ᠡᠳᠦᠷ᠂ × × ᠬᠦᠮᠦᠨ ᠲᠤᠮᠢᠯᠠᠵᠤ᠂ ᠭᠠᠷ ᠪᠢᠴᠢᠭ ᠢᠶᠠᠷ ᠶᠠᠪᠤᠭᠤᠯ ᠤᠷᠳᠤᠨ ᠳᠤ ᠬᠦᠷᠭᠡᠵᠦ᠂ ᠮᠤᠵᠢ  ᠶᠢᠨ ᠲᠦᠰᠢᠮᠡᠯ ᠢ ᠴᠠᠪᠴᠢᠨ ᠠᠯᠠᠬᠤ ᠬᠡᠰᠡᠨ ᠳᠤ ᠬᠠᠭᠠᠨ ᠡᠵᠡᠨ  ︽ᠶᠡᠯ᠎ᠠ ᠲᠤᠳᠤ ᠦᠭᠡᠢ ᠬᠦᠭᠡᠭᠡᠨ ᠶᠠᠪᠤᠭᠤᠯᠪᠠᠯ ᠪᠤᠯᠴᠢᠬᠠᠨ᠎ᠠ︾᠃ ᠬᠠᠭᠠᠨ ᠡᠵᠡᠨ ᠡᠶᠢᠮᠦ ᠠᠭᠤᠳᠠᠮ ᠡᠨᠡᠷᠢᠯ ᠁ ᠵᠠᠶᠢᠰᠠᠩ ᠲᠠᠭᠠᠬᠤ ᠵᠠᠪᠰᠢᠶᠠᠨ ᠦᠭᠡᠢ᠂ ᠡᠶᠢᠮᠦ ᠤᠴᠢᠷ ᠠᠴᠠ ᠲᠡᠭᠷᠢ ᠭᠠᠵᠠᠷ ᠨᠤᠷᠠᠵᠤ ᠲᠡᠯᠪᠡᠷᠡᠵᠦ᠂ ᠮᠦᠭᠦᠭᠦ ᠶᠢᠨ ᠲᠡᠮᠳᠡᠭ ᠡᠶᠢᠮᠦ ᠪᠤᠯᠠᠢ᠃ 5 ᠰᠠᠷ᠎ᠠ ᠶᠢᠨ 6 ᠤ ᠡᠳᠦᠷ ︵ᠲᠤᠤᠷ᠎ᠠ ᠦᠰᠦᠭ ᠬᠡᠭᠡᠭᠳᠡᠪᠡ︶᠃ 14 ᠤ ᠡᠳᠦᠷ ᠠᠴᠠ ᠡᠭᠢᠯᠡᠨ ᠯᠢᠦ ᠵᠢᠢ ᠪᠢ ᠲᠤᠷᠤᠭᠰᠢ ᠰᠠᠭᠤᠯᠭᠠᠵᠤ᠂ 6 ᠰᠠᠷ᠎ᠠ ᠳᠤ ᠰᠠᠶ᠋ᠢ ᠡᠪᠡᠳᠴᠢᠨ ᠠᠷᠢᠯᠪᠠ ᠃  6 ᠰᠠᠷ᠎ᠠ ᠶᠢᠨ 5 ᠤ ᠡᠳᠦᠷ᠂ ᠶᠢᠰᠦ ᠴᠧᠩᠰᠢᠶᠠᠩ ᠬᠤᠯᠠᠭᠠᠢ ᠴᠡᠷᠢᠭ ᠲᠠᠢ ᠴᠢᠤᠸᠠᠨ ᠨᠢᠩ ︵ᠪᠤᠷᠤᠬᠤᠳᠠ︶  ᠳᠤ ᠪᠠᠶᠢᠯᠳᠤᠵᠤ᠂ ᠴᠠᠩ ᠢᠦᠢ ᠴᠦᠨ ᠤ ᠶᠠᠪᠠᠭᠠᠨ ᠮᠤᠷᠢᠳᠤ ᠴᠡᠷᠢᠭ 10 ᠲᠦᠮᠡᠨ ᠴᠡᠷᠢᠭ ᠴᠦᠮᠦᠷᠡᠨ ᠢᠷᠡᠵᠦ᠂ ᠶᠢᠰᠦ ᠲᠡᠶᠢᠯᠦᠭᠳᠡᠨ ᠶᠡᠭᠡ ᠮᠠᠯᠠᠭᠠᠶᠢᠳᠤ ᠠᠭᠤᠯᠠᠨ ᠳᠤ ᠤᠬᠤᠷᠢᠪᠠ᠃  7 ᠤ ᠡᠳᠦᠷ᠂ ᠢᠯᠠᠭᠳᠠᠭᠰᠠᠨ ᠴᠢᠮᠡᠭᠡ ᠢᠷᠡᠵᠦ᠂ ᠬᠠᠭᠠᠨ ᠡᠵᠡᠨ ᠲᠦᠷᠭᠡᠨ ᠲᠦᠰᠢᠮᠡᠯ ᠨᠠᠷ ᠲᠠᠢ ᠪᠠᠨ ᠵᠦᠪᠳᠡᠵᠦ ᠂ ᠬᠠᠷ᠎ᠠ ᠬᠤᠷᠤᠮ ᠵᠦᠭ ᠤᠬᠤᠷᠢᠬᠤ ᠶᠢ ᠵᠦᠪᠰᠢᠶᠡᠷᠡᠪᠡ᠃  9 ᠤ ᠡᠳᠦᠷ᠂ ᠫᠢᠩ ᠵᠠᠩ ᠤᠨ ᠲᠦᠷᠦ ᠶᠢᠨ ᠮᠡᠳᠡᠭᠴᠢ ᠯᠢ ᠪᠠᠢ ᠵᠢᠶᠠ ᠨᠦ ᠨᠠᠰᠤ ᠪᠠᠷᠠᠵᠤ᠂ ᠬᠠᠷ᠎ᠠ ᠬᠦᠩ ᠳᠤ ᠵᠡᠷᠭᠡ ᠨᠡᠮᠡᠵᠦ᠂ ᠰᠢᠦᠢ ᠭᠥᠸᠧ ᠬᠦᠩ ᠪᠤᠯᠭᠠᠨ ᠲᠡᠪᠰᠢᠭᠦᠯᠪᠡ᠃  12 ᠤ ᠡᠳᠦᠷ᠂ ᠬᠤᠯᠠᠭᠠᠢ ᠴᠡᠷᠢᠭ ᠳ᠋ᠠ ᠨᠢᠩ ᠵᠸᠦ ︵ᠡᠳᠦᠭᠡ ᠶᠢᠨ ᠨᠢᠩᠴᠧᠩ ᠰᠢᠶᠠᠨ ᠤ ᠳ᠋ᠠ ᠮᠦᠩ ᠵᠧᠨ︶ ᠲᠠᠶᠢᠰᠤᠨ ᠤ ᠭᠠᠷ ᠲᠤ ᠤᠷᠤᠪᠠ᠃ ᠵᠦᠩ ᠱᠦ ᠪᠠᠷᠠᠭᠤᠨ ᠴᠧᠩᠰᠢᠶᠠᠩ ᠲᠤᠬᠤᠴᠠ ᠶᠢᠨ ᠴᠡᠷᠢᠭ ᠲᠡᠶᠢᠯᠦᠭᠳᠡᠵᠦ᠂ ᠲᠠᠶᠢᠰᠤᠨ ᠳᠤ ᠪᠠᠷᠢᠪᠴᠢᠯᠠᠭᠳᠠᠪᠠ᠃ 13 ᠤ ᠡᠳᠦᠷ᠂ ᠬᠠᠭᠠᠨ ᠡᠵᠡᠨ ᠪᠠᠷᠰ ᠬᠤᠳᠠ ᠵᠦᠭ ᠰᠢᠯᠵᠢᠨ ᠮᠤᠷᠢᠯᠠᠪᠠ᠃ ᠾᠧᠨᠠᠨ ᠤ ᠸᠠᠩ ᠫᠦ᠋ ᠬᠤᠸᠠ᠂ ᠵᠦᠩ ᠱᠦ ᠫᠢᠩ ᠵᠠᠩ ᠲᠦᠷᠦ ᠮᠡᠳᠡᠭᠴᠢ ᠲᠢᠩ ᠵᠦ ᠪᠠᠷ ᠲᠡᠭᠡᠳᠦ ᠨᠠᠶᠢᠰᠯᠠᠯ ᠢ ᠰᠠᠬᠢᠭᠤᠯᠪᠠ᠃ 15 ᠤ ᠡᠳᠦᠷ᠂ ᠬᠤᠩᠬᠤᠳᠡᠮᠦᠷ ᠸᠠᠩ ᠬᠤᠯᠠᠭᠠᠢ ᠴᠡᠷᠢᠭ ᠲᠠᠢ ᠰᠢᠨ ᠭᠠᠢ ᠯᠢᠩ ᠳᠤ ᠰᠢᠷᠦᠭᠦᠨ ᠪᠠᠶᠢᠯᠳᠤᠨ ᠲᠡᠶᠢᠯᠦᠭᠳᠡᠵᠦ᠂ ᠮᠤᠷᠢ ᠨᠢ ᠰᠢᠷᠬᠠᠳᠠᠵᠤ᠂ ᠬᠤᠩᠬᠤᠳᠡᠮᠦᠷ ᠲᠠᠶᠢᠨ ᠳᠤ ᠦᠭᠦᠪᠡ᠃ 17 ᠤ ᠡᠳᠦᠷ᠂ ᠬᠤᠯᠠᠭᠠᠢ ᠴᠡᠷᠢᠭ ᠲᠡᠭᠡᠳᠦ ᠨᠠᠶᠢᠰᠯᠠᠯ ᠢ ᠡᠵᠡᠯᠡᠪᠡ᠃ ᠮᠦᠨ ᠡᠳᠦᠷ ᠬᠠᠭᠠᠨ ᠡᠵᠡᠨ ᠴᠤᠤᠷ ᠨᠠᠭᠤᠷ  ᠲᠤ ᠪᠠᠶᠢᠵᠤ ᠴᠡᠷᠢᠭ ᠲᠡᠶᠢᠯᠦᠭᠳᠡᠭᠰᠡᠨ ᠴᠢᠮᠡᠭᠡ ᠶᠢ ᠮᠡᠳᠡᠭᠦ ᠦᠭᠡᠢ᠃  18 ᠤ ᠡᠳᠦᠷ᠂ ᠬᠦᠭᠡᠳᠡᠮᠦᠷ ᠲᠤ ᠵᠠᠷᠯᠢᠭ ᠪᠠᠭᠤᠯᠭᠠᠨ ᠴᠡᠷᠢᠭ ᠤᠳᠤᠷᠢᠳᠴᠦ᠂ ᠬᠤᠩᠬᠤᠳᠡᠮᠦᠷ ᠢ ᠬᠠᠪᠰᠤᠷᠤᠨ ᠪᠠᠶᠢᠯᠳᠤᠳᠤᠭᠠᠢ ᠬᠡᠪᠡ᠃ 20 ᠤ ᠡᠳᠦᠷ᠂ ᠬᠠᠭᠠᠨ ᠡᠵᠡᠨ ᠪᠠᠷᠰ ᠬᠤᠳᠠ ᠳᠤ ᠬᠦᠷᠴᠦ ᠢᠷᠡᠪᠡ᠃ 21 ᠤ ᠡᠳᠦᠷ᠂ ᠡᠵᠡᠨ ᠤ ᠪᠠᠶ᠎ᠡ ᠡᠪᠡᠳᠴᠢᠯᠡᠵᠦ ᠪᠠᠴᠢᠮ ᠪᠤᠯᠪᠠ᠃  26 ᠤ ᠡᠳᠦᠷ᠂ ᠬᠠᠭᠠᠨ ᠡᠵᠡᠨ ᠤ ᠪᠡᠶ᠎ᠡ ᠡᠪᠡᠳᠴᠢᠯᠡᠨ ᠬᠦᠨᠳᠦᠷᠡᠪᠡ᠃ ᠬᠡᠪᠡᠴᠦ ᠬᠠᠷ᠎ᠠ ᠬᠤᠷᠤᠮ ᠵᠦᠭ ᠰᠢᠯᠵᠢᠬᠦ  ᠶᠢ ᠵᠦᠪᠳᠡᠪᠡ᠃ ᠭᠤᠸᠠᠨ ᠶᠢᠨ ᠨᠦ ᠬᠦᠩ ᠰᠠᠨᠠᠴᠢᠯᠠᠯ ᠬᠢᠵᠦ᠂ ᠪᠠᠷᠠᠭᠤᠨ ᠵᠠᠮ ᠤᠨ ᠡᠯ᠎ᠡ ᠴᠡᠷᠢᠭ ᠢ ᠴᠤᠭᠯᠠᠭᠤᠯᠵᠤ᠂ ᠳ᠋ᠠᠲ᠋ᠦ᠋ᠩ ᠬᠤᠳᠠ ᠶᠢ ᠴᠤᠬᠢᠪᠠᠰᠤ ᠬᠤᠯᠠᠭᠠᠢ ᠴᠡᠷᠢᠭ ᠬᠤᠶᠢᠨᠠᠬᠢ ᠵᠠᠮ ᠢᠶᠠᠨ ᠰᠠᠬᠢᠬᠤ ᠴᠠᠭ ᠦᠭᠡᠢ᠂ ᠡᠨᠡᠬᠦ ᠠᠷᠭ᠎ᠠ  ᠪᠠᠷ ᠬᠦᠴᠢᠷ ᠦᠭᠡᠢ᠂ ᠬᠠᠭᠠᠨ ᠡᠵᠡᠨ ᠵᠦᠪᠰᠢᠶᠡᠷᠡᠪᠡ᠃ 8 ᠰᠠᠷ᠎ᠠ ᠶᠢᠨ 3 ᠤ ᠡᠳᠦᠷ᠂ ᠲᠦᠯᠦᠪᠠᠢ᠂ ᠺᠦᠩ ᠰᠢᠨ ᠤ ᠬᠤᠯᠪᠤᠭᠠᠳᠤ ᠴᠡᠷᠢᠭ ᠳ᠋ᠠᠲ᠋ᠦ᠋ᠩ ᠢ ᠪᠦᠰᠡᠯᠡᠨ ᠴᠤᠬᠢᠪᠠ 4 ᠤ ᠡᠳᠦᠷ᠂ ᠮᠠᠨ ᠤ ᠴᠡᠷᠢᠭ ᠪᠠᠰᠠ ᠲᠡᠶᠢᠯᠦᠭᠳᠡᠪᠡ᠃ 10 ᠤ ᠡᠳᠦᠷ᠂ ᠲᠡᠶᠢᠯᠦᠭᠳᠡᠭᠰᠡᠨ ᠴᠢᠮᠡᠭᠡ ᠶᠢ ᠮᠡᠳᠡᠵᠦ᠂ ᠮᠤᠵᠢ ᠶᠢᠨ ᠲᠦᠰᠢᠮᠡᠯ ᠬᠦᠭᠡᠳᠡᠮᠦᠷ ᠸᠠᠩ ᠴᠡᠷᠢᠭ ᠬᠠᠪᠰᠤᠷᠬᠤ ᠶᠢ ᠭᠤᠶᠤᠴᠢᠯᠠᠭᠰᠠᠨ ᠳᠤ ᠢᠦᠢ ᠱᠢ ᠵᠦᠩ ᠴᠧᠩ ᠬᠡᠳᠢ ᠪᠠᠷ ᠬᠠᠭᠠᠨ ᠡᠵᠡᠨ ᠤ ᠭᠠᠷ ᠪᠢᠴᠢᠭ ᠢ ᠠᠪᠴᠦ ᠶᠠᠪᠤᠪᠠ᠃ ᠪᠠᠷᠰ ᠬᠤᠳᠠ ᠤᠯᠠᠭᠠᠨ ᠠᠯᠴᠢᠭᠤᠷᠳᠠᠨ ᠬᠤᠯᠠᠭᠠᠢ ᠳᠤ ᠡᠪᠳᠡᠭᠳᠡᠭᠰᠡᠨ ᠦᠭᠡᠢ᠃ ᠬᠤᠳᠠ ᠶᠢᠨ ᠪᠠᠶᠢᠳᠠᠯ ᠤᠭ ᠶᠠᠩᠵᠤ ᠪᠠᠷ ᠪᠠᠶᠢᠵᠤ᠂ ᠭᠠᠭᠴᠠ ᠵᠢᠷᠭᠤᠭᠠᠨ ᠵᠠᠮ ᠤᠨ ᠴᠡᠷᠢᠭ ᠪᠠᠭᠠᠰᠴᠤ᠂ ᠠᠮᠤ ᠪᠤᠳᠠᠭ᠎ᠠ ᠤᠷᠢᠳᠠᠪᠠᠷ  ᠲᠠᠭᠤᠰᠴᠠᠢ᠃ ᠬᠠᠷ᠎ᠠ ᠬᠦᠩ ᠬᠡᠳᠦᠨ ᠤᠳᠠᠭ᠎ᠠ ᠰᠠᠨᠠᠯ ᠭᠠᠷᠭᠠᠭᠰᠠᠨ ᠪᠤᠯᠪᠠᠴᠤ᠂ ᠬᠠᠭᠠᠨ ᠡᠵᠡᠨ ᠠᠷᠭ᠎ᠠ ᠪᠤᠰᠤ ᠪᠤᠯᠪᠠ᠃ 9 ᠰᠠᠷ᠎ᠠ ᠶᠢᠨ 2 ᠤ ᠡᠳᠦᠷ᠂ ᠱᠢ ᠯᠠᠩ ᠱᠤᠸᠠᠩ ᠢ ᠲᠤᠮᠢᠯᠠᠵᠤ᠂ ᠬᠦᠭᠡᠳᠡᠮᠦᠷ ᠸᠠᠩ ᠤᠨ ᠴᠡᠷᠢᠭ ᠲᠦᠷᠭᠡᠨ ᠢᠷᠡᠵᠦ ᠬᠠᠮᠠᠭᠠᠯᠠᠯᠳᠠ ᠬᠢᠬᠦ ᠶᠢ ᠬᠦᠰᠡᠪᠡ᠃ 6 ᠤ ᠡᠳᠦᠷ᠂ ᠬᠠᠷᠠᠴᠠᠩ ᠬᠦᠩ ᠢ ᠲᠠᠶᠢᠪᠦ᠋ ᠡᠷᠭᠦᠮᠵᠢᠯᠡᠭᠰᠡᠨ ᠳᠤ ᠬᠦᠩ ᠵᠠᠶᠢᠯᠬᠤ ᠬᠡᠰᠡᠨ ᠳᠤ ᠬᠠᠭᠠᠨ ᠡᠵᠡᠨ ᠵᠦᠪᠰᠢᠶᠡᠷᠡᠭᠰᠡᠨ ᠦᠭᠡᠢ᠃ 7 ᠤ ᠡᠳᠦᠷ᠂ ᠵᠢᠶᠦ᠋ᠨ ᠸᠠᠩ ᠠᠷᠬᠠᠳᠠᠢ ᠬᠠᠭᠠᠨ ᠡᠵᠡᠨ ᠲᠠᠢ ᠠᠭᠤᠯᠵᠠᠵᠤ᠂ ᠸᠠᠩ ᠲᠦᠩ ᠤᠨ ᠲᠠᠪᠤᠨ ᠵᠠᠮ ᠤᠨ ᠴᠡᠷᠢᠭ ᠢ ᠬᠤᠢ ᠵᠸᠦ ᠳᠤ ᠰᠠᠭᠤᠯᠭᠠᠨ ᠰᠡᠷᠭᠡᠶᠢᠯᠡᠬᠦ ᠬᠡᠵᠦ ᠰᠠᠨᠠᠭᠠᠴᠢᠯᠠᠪᠠ᠃ 25 ᠤ ᠡᠳᠦᠷ᠂ ᠶᠢᠰᠦ ᠴᠧᠩᠰᠢᠶᠠᠩ ᠤᠨ ᠴᠡᠷᠢᠭ ᠬᠤᠩ ᠯᠥᠸᠧ ᠱᠠᠨ ᠳᠤ ᠤᠬᠤᠷᠢᠵᠤ ᠪᠠᠬᠢᠯᠡᠯᠳᠡ ᠬᠢᠪᠡ᠃ 10 ᠰᠠᠷ᠎ᠠ ᠶᠢᠨ 11 ᠤ ᠡᠳᠦᠷ᠂ ᠬᠠᠭᠠᠨ ᠡᠵᠡᠨ ᠬᠦᠮᠦᠨ ᠲᠤᠮᠢᠯᠠᠵᠤ᠂ ᠵᠠᠷᠯᠢᠭ ᠤᠨ ᠪᠢᠴᠢᠭ ᠬᠦᠷᠭᠡᠵᠦ᠂ ᠬᠤᠳᠠ  ᠶᠢᠨ ᠭᠠᠳᠠᠨ᠎ᠠ ︵ᠲᠤᠤᠷ᠎ᠠ ᠦᠰᠦᠭ ᠬᠡᠭᠡᠭᠳᠡᠪᠡ︶᠃  11 ᠰᠠᠷ᠎ᠠ ᠶᠢᠨ 18 ᠤ ᠡᠳᠦᠷ᠂ ᠱᠠᠨᠰᠢ ᠮᠤᠵᠢ ᠶᠢᠨ ᠵᠡᠭᠦᠨ ᠴᠧᠩᠰᠢᠶᠠᠩ  ᠸᠠᠩ ᠬᠦᠩ ᠺᠧ ᠴᠢᠨ ᠪᠠᠷᠰ ᠬᠤᠳᠠ  ᠳᠤ ᠢᠷᠡᠵᠦ᠂ ᠬᠦᠭᠡᠳᠡᠮᠦᠷ ᠤᠨ  ᠬᠤᠷᠢᠶᠠᠨ ᠳᠤ ᠬᠦᠷᠴᠦ᠂ ᠬᠦᠭᠡᠳᠡᠮᠦᠷ ᠲᠤ ᠲᠦᠷᠭᠡᠨ ᠬᠠᠷ᠎ᠠ ᠬᠤᠷᠤᠮ ᠵᠦᠭ ᠰᠢᠯᠵᠢᠨ ᠶᠠᠪᠤᠬᠤ ᠶᠢ ᠬᠦᠰᠡᠵᠦ᠂ ᠪᠠᠷᠰ ᠬᠤᠳᠠ ᠳᠤ ᠤᠳᠠᠭᠠᠨ ᠰᠠᠭᠤᠵᠤ ᠪᠤᠯᠬᠤ ᠦᠭᠡᠢ ᠬᠡᠪᠡ᠃ 19 ᠤ ᠡᠳᠦᠷ᠂ ᠡᠵᠡᠨ ᠤ ᠪᠡᠶ᠎ᠡ ᠪᠠᠰᠠ ᠡᠪᠡᠳᠴᠢᠯᠡᠪᠡ᠃ 12 ᠰᠠᠷ᠎ᠠ ᠶᠢᠨ 12 ᠤ ᠡᠳᠦᠷ᠂ ᠬᠠᠭᠠᠨ ᠡᠵᠡᠨ ᠲᠦᠷᠦ ᠳᠤ ᠢᠷᠡᠪᠡ᠃  14 ᠤ ᠡᠳᠦᠷ᠂ ᠶᠢᠰᠦ ᠴᠧᠩᠰᠢᠶᠠᠩ  ᠢ ᠸᠧᠢ ᠲᠢᠩ ᠸᠠᠩ ᠡᠷᠭᠦᠮᠵᠢᠯᠡᠪᠡ᠃  18 ᠤ ᠡᠳᠦᠷ᠂ ᠢᠦᠢ ᠱᠢ ᠲᠦᠰᠢᠮᠡᠯ ᠲᠤᠭᠳᠠᠬᠤ ᠦᠭᠦᠪᠡ᠃ ᠰᠠᠨᠪᠤᠨᠤ ᠪᠠᠷ ᠲᠤᠭᠳᠠᠬᠤ ᠶᠢᠨ ᠤᠷᠤ ᠶᠢ ᠵᠠᠯᠭᠠᠮᠵᠢᠯᠠᠭᠤᠯᠪᠠ᠃  30 ᠤᠨ ᠤ ᠴᠠᠭᠠᠨ ᠰᠠᠷ᠎ᠠ ᠶᠢᠨ 2 ᠤ ᠡᠳᠦᠷ᠂ ᠬᠠᠭᠠᠨ ᠡᠵᠡᠨ ᠶᠡᠭᠡ ᠡᠪᠡᠳᠴᠢᠯᠡᠵᠦ᠂ ᠬᠤᠸᠠᠩ ᠲᠠᠶᠢᠽᠢ ᠳᠤ ᠤᠯᠤᠰ ᠲᠦᠷᠦ ᠶᠢᠨ ᠡᠷᠭᠡ᠂ ᠴᠡᠷᠢᠭ ᠤᠨ ᠡᠷᠭᠡ ᠪᠠᠨ ᠲᠤᠰᠢᠶᠠᠪᠠ᠃ 9 ᠤ ᠡᠳᠦᠷ᠂ ᠭᠤᠸᠠᠨ ᠶᠢᠨ ᠨᠦ ᠳᠤ ᠭᠠᠷ ᠪᠢᠴᠢᠭ ᠲᠤᠰᠢᠶᠠᠵᠤ᠂ ᠬᠦᠭᠡᠳᠡᠮᠦᠷ ᠲᠤ ᠸᠠᠩ ᠬᠡᠷᠭᠡᠮ ᠬᠦᠷᠳᠡᠭᠡᠵᠦ᠂ ᠬᠠᠭᠠᠨ ᠤ ᠤᠷᠳᠤᠨ ᠢ ᠬᠠᠮᠠᠭᠠᠯᠠᠬᠤ ᠪᠠᠷ ᠲᠤᠭᠳᠠᠭᠠᠵᠠᠢ᠃ ᠭᠤᠸᠠᠨ ᠶᠢᠨ ᠨᠦ ᠪᠠᠶᠢᠴᠠᠭᠠᠭᠴᠢ ᠲᠦᠰᠢᠮᠡᠯ ᠯᠢᠦ ᠵᠢᠢ ᠨᠠᠳᠠ ᠲᠠᠢ ᠬᠠᠮᠳᠤ ᠤᠴᠢᠬᠤ ᠬᠡᠵᠦ ᠭᠤᠶᠤᠴᠢᠯᠠᠭᠰᠠᠨ ᠳᠤ ᠬᠠᠭᠠᠨ ᠡᠵᠡᠨ ᠵᠦᠪᠰᠢᠶᠡᠷᠡᠪᠡ᠃ 10 ᠤ ᠡᠳᠦᠷ᠂ ᠯᠢᠦ ᠵᠢᠢ ᠪᠢ᠂ ᠭᠤᠸᠠᠨ ᠶᠢᠨ ᠨᠦ ᠬᠦᠩ ᠢ ᠲᠠᠭᠠᠵᠤ᠂ ᠬᠠᠭᠠᠨ ᠡᠵᠡᠨ ᠲᠠᠢ ᠠᠭᠤᠯᠵᠠᠪᠠ᠃  11 ᠤ ᠡᠳᠦᠷ᠂ ᠤᠷᠳᠤᠨ ᠠᠴᠠ ᠭᠠᠷᠴᠤ ᠶᠠᠪᠤᠪᠠ᠃  31 ᠤᠨ ︵1370 ᠤᠨ︶ ᠤ 4 ᠰᠠᠷ᠎ᠠ ᠲᠤᠭᠤᠭᠠᠨᠳᠡᠮᠦᠷ ᠤᠬᠠᠭᠠᠨᠳᠤ ᠬᠠᠭᠠᠨ ᠬᠠᠯᠢᠪᠠ᠃ ᠲᠠᠶᠢᠽᠢ ᠠᠶᠤᠰᠢᠷᠢᠳᠠᠷ᠎ᠠ ᠮᠤᠷᠢᠳᠤ ᠴᠡᠷᠢᠭ ᠢᠶᠠᠨ ᠲᠠᠭᠠᠭᠤᠯᠤᠨ ᠬᠤᠶᠢᠰᠢ ᠬᠠᠷ᠎ᠠ ᠬᠤᠷᠤᠮ ᠵᠦᠭ ᠮᠤᠷᠢᠯᠠᠪᠠ᠃ 28 ᠤᠨ ᠤ ᠢᠯᠡᠭᠦᠦ 7 ᠰᠠᠷ᠎ᠠ ᠠᠴᠠ 30 ᠤᠨ ᠤ ᠴᠠᠭᠠᠨ ᠰᠠᠷ᠎ᠠ ᠬᠦᠷᠳᠡᠯ᠎ᠡ 17 ᠰᠠᠷ᠎ᠠ ᠶᠢᠨ ᠬᠡᠷᠡᠭ ᠶᠠᠪᠤᠳᠠᠯ  ᠢ ᠯᠢᠦ ᠵᠢᠢ ᠪᠢ ᠲᠡᠮᠳᠡᠭᠯᠡᠵᠦ᠂ ᠬᠤᠵᠢᠮ ᠤᠨ ᠦᠶ᠎ᠡ ᠳᠤ ᠬᠢᠨᠠᠯᠳᠠ ᠪᠤᠯᠭᠠᠨ ᠪᠢᠴᠢᠨ ᠲᠡᠮᠳᠡᠭᠯᠡᠵᠦ ᠢᠯᠡᠳᠭᠡᠪᠡ᠃ ᠲᠦᠷᠦ ᠶᠢᠨ ᠬᠡᠷᠡᠭ ᠪᠠ ᠴᠡᠷᠢᠭ ᠤᠨ ᠶᠠᠪᠤᠳᠠᠯ ᠢ ᠪᠠᠭ᠎ᠠ ᠲᠦᠰᠢᠮᠡᠯ ᠪᠢ ᠦᠭᠦᠯᠡᠬᠦ ᠡᠷᠭᠡ ᠦᠭᠡᠢ᠃ ᠡᠶᠢᠮᠦ ᠠᠴᠠ ᠡᠨᠡ ᠲᠠᠯ᠎ᠠ ᠪᠠᠷ ᠲᠡᠮᠳᠡᠭᠯᠡᠨ ᠪᠢᠴᠢᠵᠦ ᠲᠤᠭᠳᠠᠭᠠᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号