ᠪᠤᠷᠤᠭᠠᠨ ᠭᠤᠶᠤᠭᠰᠠᠨ ᠰᠢᠯᠦᠭ
ᠨᠡᠶᠢᠲᠡᠯᠡᠭᠰᠡᠨ ᠴᠠᠭ᠄
2020-06-19
ᠪᠤᠷᠤᠭᠠᠨ ᠭᠤᠶᠤᠭᠰᠠᠨ ᠰᠢᠯᠦᠭ    ᠠᠯᠳᠠᠡᠭᠠᠷᠤᠳᠢ ᠪᠤᠭᠤᠷᠤᠯ ᠡᠵᠢ ᠳᠡᠭᠡᠨ ᠪᠤᠷᠬᠠᠨ ᠠᠴᠠ ᠨᠠᠰᠤ ᠭᠤᠶᠤᠬᠤ ᠮᠠᠳᠤ ᠪᠤᠯᠤᠷᠬᠠᠨ ᠮᠦᠬᠦᠯᠢᠭ ᠢ ᠲᠡᠭᠷᠢ ᠠᠴᠠ ᠪᠢ ᠭᠤᠶᠤᠵᠤ ᠪᠠᠶᠢᠨ᠎ᠠ︕ ᠪᠤᠯᠠᠭ ᠱᠠᠩᠳᠠ ᠪᠠᠷ ᠢᠶᠠᠨ ᠶᠢᠰᠤᠨ ᠲᠡᠭᠷᠢ ᠲᠠᠢ ᠨᠠᠪᠳᠠᠷᠠᠬᠦ ᠮᠠᠳᠤ ᠪᠤᠷᠤᠭᠠᠨ ᠭᠤᠶᠤᠬᠰᠠᠨ ᠢᠷᠠᠭᠤ ᠰᠢᠯᠦᠭ ᠢᠶᠠᠨ ᠪᠢᠴᠢᠵᠤ ᠪᠠᠶᠢᠨ᠎ᠠ︕ ᠨᠤᠳᠤᠭ ᠡᠵᠢ ᠬᠤᠶᠡᠷ ᠠᠳᠠᠯᠢᠬᠠᠨ ᠪᠠᠶᠢᠳᠠᠭ ᠢᠶᠠᠷ ᠢᠶᠠᠨ ᠨᠤᠭᠤᠨ ᠦᠷ᠎ᠠ ᠶᠢᠨ ᠢᠶᠠᠨ ᠰᠠᠳᠬᠢᠯ ᠳᠤ ᠠᠮᠢ ᠲᠠᠢ ᠪᠠᠶᠢᠳᠠᠭ ᠢᠶᠠᠷ ᠢᠶᠠᠨ ᠨᠤᠭᠤ ᠤᠴᠢᠬᠤ ᠡᠪᠡᠰᠤ ᠴᠡᠴᠡᠭ ᠲᠠᠢ ᠨᠢ ᠰᠠᠴᠠᠭᠤ ᠪᠠᠶᠢᠳᠠᠭ ᠢᠶᠠᠷ ᠢᠶᠠᠨ ᠨᠤᠯᠭᠤ ᠦᠰᠤᠷᠬᠦ ᠡᠯᠡᠰᠤ ᠬᠦᠷᠤᠰᠤ ᠲᠠᠢ ᠨᠢ ᠲᠦᠰᠤᠷᠭᠡᠤ ᠪᠠᠶᠢᠳᠠᠭ ᠢᠶᠠᠷ ᠢᠶᠠᠨ ᠠᠷᠠᠰᠤ ᠱᠠᠭᠠᠷᠠᠵᠤ᠂ ᠴᠢᠰᠤ ᠬᠠᠳᠠᠬᠤ ᠶᠢᠨ ᠵᠤᠪᠠᠯᠠᠩ ᠳᠤ ᠨᠠᠪᠴᠢᠰ ᠰᠢᠷᠠᠯᠠᠵᠤ᠂ ᠤᠰᠤ ᠲᠤᠳᠠᠬᠤ ᠶᠢᠨ ᠭᠠᠴᠢᠯᠠᠩ ᠳᠤ ᠠᠶᠠᠭᠠᠨ ᠤᠡᠭᠬᠤᠭᠤᠷ ᠨᠤᠳᠤᠭ ᠤᠨ ᠬᠤᠳᠤᠭᠤᠷ ᠢᠶᠠᠨ ᠲᠤᠰᠤᠩᠬᠠᠨ ᠨᠠᠷᠠᠨ ᠲᠡᠭᠷᠢ ᠠᠴᠠ ᠶᠡᠭᠡ ᠪᠤᠷᠤᠭᠠᠨ ᠭᠤᠶᠤᠵᠤ ᠪᠠᠶᠢᠨ᠎ᠠ︕ ᠲᠠᠷᠬᠠᠨ ᠲᠡᠭᠷᠢ ᠠᠴᠠ ᠮᠢᠨᠢ ᠮᠦᠨᠳᠤᠷ ᠴᠤᠬᠢᠯᠠᠭᠰᠠᠨ ᠴᠤ ᠭᠡᠰᠢᠭ ᠶᠤᠮ ᠲᠠᠪᠠᠭᠠᠨ ᠤᠷᠤᠢ ᠳᠤ ᠮᠢᠨᠢ ᠲᠡᠭᠷᠢ ᠲᠤᠤᠭᠠᠷᠤᠭᠰᠠᠨ ᠴᠤ ᠲᠦᠰᠢᠭ ᠶᠤᠮ ᠲᠠᠪᠬᠤᠷ ᠲᠠᠪᠬᠤᠷ ᠡᠬᠦᠯᠠᠨ ᠪᠤᠷᠬᠠᠳ ᠤᠨ ᠬᠤᠷᠠᠯᠳᠡᠢ ᠡ ᠲᠠᠯᠠᠯᠭ᠎ᠠ ᠶᠢ ᠮᠢᠨᠢ ᠵᠦᠪᠰᠢᠶᠠ᠂ ᠪᠤᠷᠤᠭᠠᠨ ᠤᠷᠤᠭᠤᠯᠤᠨ ᠰᠤᠶᠤᠷᠬ᠎ᠠ︕ ᠪᠢᠷ ᠴᠢᠬᠢᠭᠳᠦᠵᠤ᠂ ᠨᠠᠶᠢᠷᠠᠭ ᠤᠨ ᠬᠤᠷ᠎ᠠ ᠦᠨᠤᠷᠳᠤᠨᠠᠮ ᠪᠢᠯᠢᠭ ᠨᠤᠷᠴᠤ᠂ ᠨᠢᠳᠤᠨ ᠨᠢᠯᠪᠤᠰᠤ ᠪᠦᠮᠪᠤᠷᠢᠨᠠᠮ ᠪᠢ ᠶᠡᠭᠡ ᠯᠠ ᠰᠤᠪᠢᠡᠭ ᠮᠡᠳᠡᠳᠡᠭ ᠪᠠᠶᠢᠪᠠ ᠤᠤ ᠪᠢᠷᠡᠩ ᠭᠡᠶᠢᠷᠡᠩ ᠠᠯᠤᠰ ᠤᠨ ᠪᠤᠷᠤᠭᠠᠨ ᠴᠠᠶᠢᠷᠠᠨᠠᠨᠠᠮ ᠭᠠᠨᠭ᠍ᠰᠠ ᠨᠢ ᠬᠦᠭᠡᠷᠴᠤ ᠠᠪᠤ ᠪᠤᠷᠤᠭᠠᠨ ᠲᠠᠢ ᠭᠡᠨ᠎ᠠ ᠯᠠ ᠭᠠᠨᠭ᠌ ᠬᠦᠯᠤᠰᠤᠷᠠᠵᠤ ᠡᠵᠢ ᠬᠤᠷ᠎ᠠ ᠲᠠᠢ ᠯᠠ ᠭᠡᠨ᠎ᠠ ᠭᠡᠳᠠ ᠴᠠᠬᠢᠭᠤᠷ ᠢᠶᠠᠨ ᠤᠭᠳᠠᠷᠭᠤᠢ ᠶᠢᠨ ᠬᠠᠶᠠᠭᠠᠨ ᠳᠤ ᠬᠠᠪᠢᠷᠴᠤ ᠭᠡᠭᠡᠷ᠎ᠠ ᠶᠢᠨ ᠡᠬᠦᠯᠠᠨ ᠤ ᠠᠶᠠᠨ ᠤ ᠲᠠᠷᠭᠡ ᠲᠦᠷᠣᠶᠢᠬᠢᠨᠠᠬᠦ ᠤᠤ︖ ᠨᠠᠷᠠᠨ ᠤ ᠪᠤᠳᠤᠭ ᠢᠶᠠᠷ ᠴᠠᠮᠴᠠ ᠨᠤᠷᠭᠠᠨ ᠰᠤᠶᠤᠷᠬ᠎ᠠ ᠨᠠᠰᠤᠨ ᠤ ᠨᠤᠳᠤᠭ ᠢᠶᠠᠷ ᠴᠠᠶᠢᠦᠵᠠ ᠨᠤᠷᠭᠠᠨ ᠰᠤᠶᠤᠷᠬ᠎ᠠ ᠪᠤᠷᠤᠭᠠᠨ ᠵᠦᠰᠠᠷᠠᠵᠤ ᠪᠠᠯᠴᠢᠭᠡᠷ ᠰᠠᠷᠬᠦᠭᠡᠨ ᠰᠤᠶᠤᠷᠬ᠎ᠠ ᠪᠤᠷᠬᠠᠨ᠂ ᠰᠢᠯᠦᠭᠴᠢ ᠶᠢᠨ ᠬᠡᠯᠡᠯᠴᠡᠭᠡᠷ ᠱᠦᠷᠬᠦᠭᠡᠨ ᠰᠤᠶᠤᠷᠬ᠎ᠠ ᠠᠪᠢᠶᠠᠨ ᠪᠤᠷᠤᠭᠠᠨ ᠢᠷᠠᠭᠤ ᠨᠠᠶᠢᠷᠠᠭ ᠲᠤ ᠲᠦᠬᠦᠷᠤᠯᠳᠡᠭ ᠶᠤᠮ ᠠᠵᠢᠷᠭᠠᠨ ᠪᠤᠷᠤᠭᠠᠨ ᠬᠤᠶᠢᠨ᠎ᠠ ᠠᠴᠠ ᠨᠢ ᠴᠠᠶᠢᠷᠠᠵᠤ ᠲᠦᠴᠢᠬᠢᠨᠠᠳᠡᠭ ᠶᠤᠮ ᠲᠤᠭᠰᠢᠨ ᠪᠤᠷᠤᠭᠠᠨ ᠨᠠᠶᠢᠷ ᠤᠨ ᠪᠦᠭᠡ ᠶᠢ ᠰᠠᠯᠭᠠᠵᠤ ᠲᠤᠯᠤᠭᠠᠨ ᠪᠤᠷᠬᠠᠨ ᠨᠠᠶᠢᠵᠠ ᠶᠢᠨ ᠦᠷᠬᠦᠭᠡ ᠳᠤ ᠰᠠᠭᠠᠳᠠᠬᠤᠢ ᠴᠢᠯᠤᠭᠡ ᠲᠠᠯᠪᠢᠬᠰᠠᠨ ᠮᠠᠳᠤ ᠶᠡᠭᠡ ᠪᠤᠷᠤᠭᠠᠨ ᠰᠠᠨᠠᠭᠳᠠᠵᠤ ᠴᠢᠯᠡᠭᠡ ᠭᠠᠷᠤᠭᠰᠠᠨ ᠮᠠᠳᠤ ᠪᠤᠳᠤᠯ ᠤᠨ ᠤᠭᠳᠠᠷᠭᠤᠢ ᠰᠠᠷᠠᠭᠤᠯ︕ ᠴᠢᠮᠡᠭᠡ ᠶᠢ ᠨᠢ ᠰᠤᠨᠤᠰᠬᠤ ᠳᠤ ᠴᠤ ᠪᠤᠷᠤᠭᠠᠨ ᠤ ᠲᠤᠰᠤᠯᠬᠤ ᠰᠠᠶᠢᠬᠠᠨ ᠴᠡᠩᠭᠡᠷ ᠰᠠᠭᠤᠯᠠᠭ᠎ᠠ ᠲᠡᠭᠷᠢ ᠶᠢᠨ ᠪᠦᠮᠪᠤᠷ ᠮᠠᠳᠤ ᠰᠤᠳᠤᠬᠠᠨ︕ ᠰᠢᠯ ᠭᠡᠭᠡᠪᠴᠢ ᠤᠰᠤᠨ ᠨᠢᠳᠤᠯᠠᠵᠤ ᠮᠠᠯᠮᠠᠷᠠᠨ ᠰᠢᠯᠦᠭ ᠢᠶᠠᠷ ᠭᠤᠶᠤᠭᠰᠠᠨ ᠢᠷᠠᠭᠤ ᠪᠤᠷᠤᠭᠠᠨ ᠳᠤ ᠤᠶᠠᠷᠠᠭᠤᠬᠠᠨ ᠰᠢᠯᠢ ᠶᠢᠨ ᠴᠡᠴᠡᠭᠡᠰ ᠲᠡᠭᠷᠢ ᠶᠢᠨ ᠴᠠᠭ ᠢ ᠤᠯᠤᠨ ᠰᠢᠨ᠎ᠠ ᠰᠠᠳᠬᠢᠮᠵᠢ ᠤᠳᠤᠳ ᠠᠴᠠ ᠲᠤᠴᠢᠬᠢᠨᠠᠬᠤᠶ᠎ᠠ ᠤᠷᠠᠨ︕2020.6.18
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号