ᠬᠤᠳᠠᠯᠠ ᠴᠠᠭᠠᠨ ᠭᠦᠩᠵᠦ | ᠬᠠᠶᠢᠳᠦ ᠡᠴᠢᠬᠡ ᠦᠬᠡᠳᠡᠢ ᠡᠪᠦᠭᠡ ᠶᠢᠨ ᠬᠤᠳᠠᠯᠠ ᠴᠠᠭᠠᠨ ᠭᠦᠩᠵᠦ ᠪᠢ | ᠬᠤᠤᠰᠯᠠᠨ ᠵᠢᠷᠭᠠᠬᠤ ᠬᠠᠶᠢᠷᠠᠳᠦ ᠠᠮᠠᠷᠠᠭ ᠢᠶᠠᠨ ᠬᠦᠴᠦᠲᠡᠨ ᠡᠷᠡᠰ ᠠᠴᠠ ᠡᠷᠢᠪᠡ | ᠬᠤᠪᠢ ᠲᠠᠪᠢᠯᠠᠩ ᠤᠨ ᠠᠯᠳᠠᠨ ᠰᠢᠵᠢᠮ ᠢᠶᠠᠷ ᠬᠤᠯᠪᠤᠯᠳᠤᠰᠤᠭᠠᠢ ᠬᠡᠮᠡᠨ ᠰᠠᠨᠠᠬᠤᠯ᠎ᠠ | ᠬᠤᠶᠢᠳᠦ ᠬᠤᠸᠠ ᠶᠢᠨ ᠠᠳᠤᠭᠤᠨ ᠰᠦᠷᠦᠭ ᠢᠶᠠᠨ ᠬᠤᠭᠤᠰᠤᠷᠠᠳᠠᠯ᠎ᠠ ᠲᠠᠭᠤᠭᠠᠳ ᠢᠷᠡᠬᠦᠢ ᠦᠦ | ᠲᠠᠪᠢᠯᠠᠩ ᠵᠦᠷᠢᠭᠰᠡᠨ ᠬᠡᠶᠢᠮᠤᠷᠢᠯᠢᠭ ᠵᠠᠯᠠᠭᠤᠰ ᠠᠳᠤᠭᠤᠨ ᠲᠤᠭᠤᠰᠤᠨᠠ ᠠᠯᠤᠰᠷᠠᠵᠤ | ᠲᠤᠭᠤᠵᠤ ᠬᠠᠶᠢᠷᠠᠯᠠᠬᠰᠠᠨ ᠮᠤᠷᠢᠳᠠᠨ ᠪᠠᠭᠠᠳᠤᠷ ᠯᠡ ᠬᠠᠶᠢᠷ᠎ᠠ ᠶᠢᠨ ᠴᠡᠯᠮ᠎ᠡ ᠪᠠᠷ ᠱᠠᠩᠨᠠᠬᠳᠠᠪᠠ | ᠬᠠᠶᠢᠷᠠᠯᠠᠬᠤ ᠳᠤ ᠬᠠᠯᠠᠭᠤᠬᠠᠨ ᠴᠦ ᠪᠦᠭᠡ ᠶᠢᠨ ᠲᠠᠪᠠᠭ᠎ᠠ ᠲᠠᠢ | ᠬᠠᠮᠳᠤᠷᠠᠬᠤ ᠳᠤ ᠢᠨᠠᠬᠬᠠᠨ ᠴᠦ ᠤᠨᠢᠭᠠᠨ ᠤ ᠮᠡᠯᠵᠢᠶ᠎ᠡ ᠲᠠᠢ | ᠠᠶᠠᠷᠤᠭ ᠪᠢ ᠪᠠᠷ ᠬᠠᠳᠤᠨ ᠰᠦᠨᠡᠰᠦ | ᠵᠡᠭᠦᠯᠳᠡ᠄ ᠬᠤᠳᠠᠯᠠ ᠴᠠᠭᠠᠨ ᠭᠦᠩᠵᠦ ᠬᠡᠮᠡᠨ ᠠᠯᠳᠠᠷᠰᠢᠬᠰᠠᠨ ᠦᠩᠬᠡ ᠵᠢᠰᠦ ᠡᠷ᠎ᠡ ᠴᠢᠳᠠᠯ ᠬᠤᠤᠰᠯᠠᠬᠰᠠᠨ ᠡᠨᠡ | ᠦᠬᠢᠨ ᠪᠤᠯ ᠦᠭᠡᠳᠡᠢ ᠬᠠᠭᠠᠨ ᠤ ᠲᠠᠪᠤᠳᠤᠭᠠᠷ ᠭᠦᠪᠡᠬᠦᠨ ᠬᠠᠰᠢᠨ ᠤ ᠭᠦᠦ ᠬᠠᠶᠢᠳᠦ ᠶᠢᠨ ᠦᠬᠢᠨ᠃ ᠠᠶᠠᠷᠤᠭ | ᠪᠤᠶᠤ ᠰᠠᠷᠡᠩᠭᠡᠷᠡᠯ ᠭᠡᠳᠡᠭ ᠨᠡᠷ᠎ᠡ ᠲᠠᠢ᠃ ᠲᠡᠷᠡ ᠬᠠᠷᠠᠬᠠᠨ ᠪᠠᠭ᠎ᠠ ᠠᠴᠠ ᠪᠠᠨ ᠡᠴᠢᠬᠡ ᠪᠠᠨ ᠲᠠᠭᠠᠵᠤ ᠲᠠᠶᠢᠨ | ᠪᠠᠶᠢᠯᠳᠤᠭᠠᠨ ᠳᠤ ᠤᠷᠤᠯᠴᠠᠬᠤ ᠪᠤᠶᠤ ᠠᠩ ᠠᠪᠠ ᠳᠤ ᠶᠠᠪᠤᠳᠠᠭ ᠪᠤᠯᠬᠤᠷ ᠢᠯᠠᠬᠳᠠᠰᠢ ᠦᠬᠡᠢ ᠡᠷᠡᠮᠡᠬᠡᠢ ᠬᠡᠤᠬᠡᠨ | ᠪᠤᠯᠪᠠ᠃ ᠡᠩ ᠤᠨ ᠡᠷᠡᠴᠤᠤᠯ ᠠᠴᠠ ᠴᠦ ᠪᠢᠷ᠎ᠠ ᠴᠢᠳᠠᠯ ᠶᠡᠭᠡᠳᠡᠢ ᠪᠤᠯᠬᠤᠷ ᠤᠯᠠᠨ ᠠᠷᠪᠢᠨ ᠪᠦᠭᠡᠴᠤᠳ ᠢ ᠬᠠᠶᠠᠵᠤ | ᠤᠷᠭᠢᠬᠰᠠᠨ ᠪᠦᠭᠡᠳ ᠲᠡᠭᠦᠨ ᠢ ᠪᠠᠷᠢᠯᠳᠤᠵᠤ ᠲᠡᠶᠢᠯᠦᠭᠰᠡᠨ ᠡᠷ᠎ᠡ ᠭᠦᠮᠦᠨ ᠬᠠᠷᠠᠬᠠᠨ ᠭᠠᠷᠤᠬᠰᠠᠨ ᠦᠬᠡᠢ᠃ | ᠬᠤᠳᠠᠯᠠ ᠴᠠᠭᠠᠨ ᠭᠦᠩᠵᠦ᠂ ᠡᠴᠢᠬᠡ ᠬᠠᠭᠠᠨ ᠤ ᠪᠠᠨ ᠲᠦᠴᠢᠨ ᠲᠦᠮᠡᠨ ᠶᠡᠭᠡ ᠴᠡᠷᠢᠭ ᠤᠨ ᠡᠮᠦᠨ᠎ᠡ | ᠬᠤᠰᠢᠭᠤᠴᠢᠯᠠᠵᠤ᠂ ᠡᠰᠡᠷᠭᠦ ᠡᠳᠡᠭᠡᠳ ᠤᠨ ᠢᠶᠠᠨ ᠬᠤᠷᠴᠠ ᠰᠦᠷ ᠢ ᠮᠤᠬᠤᠭᠠᠵᠤ᠂ ᠡᠪᠦᠭᠡ ᠲᠡᠭᠡᠳᠦᠰ ᠤᠨ ᠠᠯᠳᠠᠷ | ᠨᠡᠷ᠎ᠡ ᠶᠢ ᠡᠷᠬᠦᠨ ᠮᠠᠨᠳᠤᠭᠤᠯᠤᠬᠰᠠᠨ ᠴᠢᠩᠬᠢᠰ ᠴᠢᠰᠦ ᠲᠠᠢ ᠢᠯᠠᠬᠳᠠᠰᠢ ᠦᠬᠡᠢ ᠪᠠᠭᠠᠳᠤᠷ ᠦᠬᠢᠨ ᠮᠦᠨ᠃ | ᠪᠤᠷᠵᠢᠬᠢᠨ ᠤ ᠠᠯᠳᠠᠨ ᠤᠷᠤᠭ ᠤᠨ ᠠᠯᠳᠠᠷᠳᠦ ᠦᠬᠢᠳ ᠤᠨ ᠲᠤᠳᠤᠷ᠎ᠠ ᠪᠠᠭᠠᠳᠤᠷ ᠵᠤᠷᠢᠭ ᠪᠠ ᠡᠷᠡᠮᠡᠬᠡᠢ ᠴᠢᠳᠠᠯ ᠢᠶᠠᠷ | ᠬᠤᠳᠠᠯᠠ ᠴᠠᠭᠠᠨ ᠭᠦᠩᠵᠦ ᠶᠢ ᠲᠠᠪᠠᠭᠰᠠᠳ ᠶᠡᠷᠦ ᠭᠠᠷᠤᠬᠰᠠᠨ ᠦᠬᠡᠢ᠃ ᠲᠡᠷᠡ ᠭᠦᠴᠦᠷᠭᠡᠭ ᠦᠬᠢᠨ ᠶᠠᠮᠠᠷ ᠨᠢᠬᠡᠨ | ᠡᠷ᠎ᠡ ᠬᠦᠮᠦᠨ ᠲᠠᠢ ᠤᠷᠤᠬᠯᠠᠬᠤ ᠠᠴᠠ ᠲᠠᠳᠠᠭᠠᠯᠵᠠᠵᠤ᠂ ᠨᠠᠰᠤᠨ ᠤ ᠬᠠᠨᠢ ᠪᠠᠨ ᠪᠦᠭᠡ ᠶᠢᠨ ᠲᠠᠪᠠᠭ᠎ᠠ ᠪᠠᠷ | ᠰᠤᠩᠭᠤᠬᠤ ᠳᠤ᠂ ᠲᠠᠪᠠᠭ᠎ᠠ ᠪᠦᠷᠢ ᠶᠢ ᠢᠯᠠᠬᠤ ᠳᠠᠭᠠᠨ ᠲᠤᠭᠠᠯᠠᠰᠢ ᠦᠬᠡᠢ ᠠᠳᠤᠭᠤ ᠮᠤᠷᠢ ᠲᠠᠢ ᠪᠤᠯᠤᠬᠰᠠᠨ ᠭᠡᠳᠡᠭ | ᠃ | | | | | ᠠᠭᠠᠢ ᠬᠠᠳᠤᠨ | ᠨᠢᠭᠡᠨ ᠦᠶ᠎ᠡ ᠶᠢᠨ ᠨᠡᠷᠡᠳᠦ ᠬᠠᠤᠬᠤᠭᠤᠷᠳᠠᠨ ᠠᠭᠠᠢ ᠪᠠᠬᠢ ᠭᠡᠵᠦ ᠪᠠᠶᠢᠬᠰᠠᠨ | ᠨᠢᠯᠪᠤᠰᠤᠨ ᠭᠦᠮᠦᠨ ᠮᠡᠳᠦ ᠡᠪᠭᠡᠷᠡᠬᠦ ᠢᠨᠤ ᠴᠤᠬᠤᠮ ᠶᠠᠮᠪᠠᠷ ᠰᠢᠯᠳᠠᠭᠠᠨ | ᠡᠴᠢᠬᠡ ᠶᠢᠨ ᠤᠯᠤᠰ᠂ ᠡᠷ᠎ᠡ ᠶᠢᠨ ᠭᠡᠷ ᠭᠡᠮᠡᠬᠦ ᠢᠪᠴᠦᠦ ᠵᠢᠭᠠᠬᠠᠨ ᠵᠠᠢ ᠳᠤᠷ | ᠡᠮᠭᠡᠨᠢᠬᠦ ᠰᠢᠯᠦᠭ ᠮᠢᠩᠭᠠᠨ ᠪᠠᠳᠠᠭ᠂ ᠬᠠᠷᠠᠭᠤᠰᠤᠯ ᠤᠨ ᠱᠠᠳ ᠲᠦᠮᠡᠨ ᠤᠳᠬ᠎ᠠ | ᠬᠤᠤᠷᠳᠦ ᠠᠷᠢᠬᠢ ᠲᠤᠭᠤᠰ ᠤᠨ ᠰᠦᠰᠦᠨ ᠳᠤ ᠨᠢᠬᠦᠯ ᠪᠤᠶᠠᠨ ᠠᠯᠠᠭ᠎ᠠ | ᠬᠤᠤᠷᠯᠠᠬᠤ ᠰᠡᠳᠬᠢᠯ ᠡᠭᠦᠰᠬᠦ ᠢᠨᠤ ᠭᠦᠮᠦᠨ ᠬᠡᠮᠡᠭᠴᠢ ᠶᠢᠨ ᠮᠤᠩᠬᠠᠭ | ᠤᠰᠤᠨ ᠪᠤᠯᠤᠷ ᠮᠡᠳᠦ ᠲᠤᠩᠭᠠᠯᠠᠬᠬᠠᠨ ᠲᠦᠷᠦᠭᠰᠡᠨ | ᠦᠵᠡᠯ ᠪᠤᠳᠤᠯ ᠠᠨᠤ ᠬᠤᠷᠴᠠ ᠲᠣᠩᠭᠤᠷᠠᠭ ᠮᠡᠲᠦ | ᠠᠭᠠᠢ ᠪᠢ ᠪᠠᠷ ᠬᠠᠳᠤᠨ ᠰᠦᠨᠡᠰᠦ | | | ᠵᠡᠭᠦᠯᠳᠡ᠄ ᠠᠭᠠᠢ ᠭᠦᠩᠵᠦ ︵ᠶᠡᠭᠡ ᠲᠦᠯᠦᠪ 14 ᠳ᠋ᠤᠭᠡᠷ ᠵᠠᠭᠤᠨ ᠤ ᠲᠤᠮᠳᠠ ᠦᠶ᠎ᠡ ᠠᠴᠠ ᠰᠡᠭᠦᠯᠴᠢ ᠦᠶ᠎ᠡ | ᠪᠤᠯᠳᠠᠯ᠎ᠠ ᠠᠮᠢᠳᠤᠷᠠᠵᠤ ᠪᠠᠶᠢᠵᠠᠢ︶ ᠪᠤᠯ ᠶᠡᠭᠡ ᠶᠤᠸᠠᠨ ᠤᠯᠤᠰ ᠤᠨ ᠰᠡᠭᠦᠯᠴᠢ ᠶᠢᠨ ᠦᠶ᠎ᠡ ᠳᠤ ᠶᠦᠨᠨᠠᠨ ᠮᠤᠵᠢ ᠶᠢ | ᠵᠠᠬᠢᠷᠤᠨ ᠰᠠᠭᠤᠵᠤ ᠪᠠᠶᠢᠬᠰᠠᠨ ᠯᠢᠶᠠᠩ ᠸᠠᠩ ᠪᠠᠽᠠᠷᠸᠠᠷᠮᠢ ᠶᠢᠨ ᠦᠬᠢᠨ᠃ 1363 ᠤᠨ ᠳᠤ ᠤᠯᠠᠭᠠᠨ | ᠠᠯᠴᠢᠭᠤᠷᠳᠠᠨ ᠤ ᠪᠤᠰᠤᠯᠭ᠎ᠠ ᠶᠢᠨ ᠴᠡᠷᠢᠭ ᠶᠦᠨᠨᠠᠨ ᠢ ᠲᠤᠪᠳᠤᠯᠤᠬᠰᠠᠨᠠ᠂ ᠳ᠋ᠠᠯᠢ ᠶᠢᠨ ᠶᠢᠰᠦᠳᠦᠭᠡᠷ ᠦᠶ᠎ᠡ ᠶᠢᠨ | ᠠᠮᠪᠠᠨ ᠵᠠᠬᠢᠷᠤᠬᠴᠢ ᠴᠠᠭᠠᠵᠠᠩ ᠤᠨ ᠳ᠋ᠤᠸᠠᠨ ᠭᠦᠩ ᠭᠡᠳᠡᠭ ᠲᠤᠮᠤ ᠨᠤᠶᠠᠨ ᠴᠡᠷᠢᠭ ᠲᠠᠶᠢᠴᠢᠯᠠᠨ ᠯᠢᠶᠠᠩ ᠸᠠᠩ ᠳᠤ | ᠲᠤᠰᠠᠯᠠᠨ ᠪᠤᠰᠤᠯᠭ᠎ᠠ ᠶᠢᠨ ᠴᠡᠷᠢᠭ ᠢ ᠢᠯᠠᠵᠠᠢ᠃ ᠯᠢᠶᠠᠩ ᠸᠠᠩ ᠮᠠᠰᠢ ᠪᠠᠶᠠᠷᠯᠠᠵᠤ ᠦᠪᠡᠷ ᠤᠨ ᠦᠬᠢᠨ ᠠᠭᠠᠢ | ᠭᠦᠩᠵᠦ ᠪᠠᠨ ᠳ᠋ᠤᠸᠠᠨ ᠭᠦᠩ ᠳᠤ ᠭᠡᠷᠭᠡᠢ ᠪᠤᠯᠭᠠᠨ ᠰᠤᠶᠤᠷᠬᠠᠵᠠᠢ᠃ ᠲᠡᠳᠡ ᠬᠤᠶᠠᠭᠤᠯᠠ ᠭᠡᠳᠦᠶᠢᠪᠡᠷ ᠤᠯᠤᠰ | ᠲᠦᠷᠦ ᠶᠢᠨ ᠰᠢᠯᠳᠠᠭᠠᠨ ᠢᠶᠠᠷ ᠬᠤᠪᠢ ᠵᠠᠶᠠᠭᠠᠨ ᠤ ᠪᠠᠷᠢᠯᠳᠤᠯᠭ᠎ᠠ ᠲᠠᠢ ᠪᠤᠯᠪᠠᠴᠦ ᠬᠠᠶᠢᠷ᠎ᠠ ᠰᠡᠳᠬᠢᠯᠬᠡ ᠮᠠᠰᠢᠳᠠ | ᠭᠦᠨ ᠵᠤᠵᠠᠭᠠᠨ ᠪᠠᠶᠢᠵᠤ᠂ ᠬᠤᠵᠢᠮ ᠨᠢ ᠯᠢᠶᠠᠩ ᠸᠠᠩ ᠭᠦᠷᠭᠡᠨ ᠳ᠋ᠤᠸᠠᠨ ᠭᠦᠩ ᠳᠤ ᠰᠡᠵᠢᠭ ᠲᠠᠭᠠᠪᠤᠷᠢ ᠲᠠᠢ | ᠪᠤᠯᠵᠤ ᠭᠦᠨᠦᠬᠡᠬᠦ ᠰᠠᠨᠠᠭ᠎ᠠ ᠲᠦᠷᠦᠵᠦ᠂ ᠦᠬᠢᠨ ᠠᠭᠠᠢ ᠳᠤᠷ ᠲᠤᠭᠤᠰ ᠤᠨ ᠰᠦᠰᠦ ᠶᠢ ᠦᠭᠴᠦ ᠳ᠋ᠤᠸᠠᠨ ᠭᠦᠩ ᠢ | ᠶᠡᠭᠦᠳᠭᠡᠯᠬᠡᠬᠦ ᠬᠡᠮᠡᠪᠡ᠃ ᠲᠤᠭᠤᠰ ᠤᠨ ᠰᠦᠰᠦ ᠬᠠᠶᠢᠷ᠎ᠠ ᠶᠢᠨ ᠭᠦᠴᠦᠨ ᠳᠤ ᠲᠡᠶᠢᠯᠳᠡᠭᠰᠡᠨ ᠴᠦ ᠪᠦᠭᠭᠦᠭᠦᠯ ᠤᠨ | ᠴᠡᠷᠢᠭ ᠠᠴᠠ ᠳ᠋ᠤᠸᠠᠨ ᠭᠦᠩ ᠮᠤᠯᠳᠤᠷᠤᠨ ᠡᠰᠡ ᠴᠢᠳᠠᠪᠠ᠃ ᠠᠭᠠᠢ ᠭᠦᠩᠵᠦ ᠪᠤᠯ ᠮᠤᠩᠭᠤᠯ ᠦᠨᠳᠦᠰᠦᠳᠡᠨ ᠤ | ᠲᠡᠤᠭᠡᠨ ᠳᠠᠬᠢ ᠠᠩᠬᠠᠨ ᠤ ᠢᠷᠠᠭᠤ ᠨᠠᠶᠢᠷᠠᠬᠴᠢ ᠪᠦᠰᠡᠭᠦᠢ ᠶᠤᠮ᠃ ︽ᠠᠯᠳᠠᠨ ᠪᠦᠭᠡᠵᠢ ᠶᠢᠨ ᠲᠠᠭᠤᠯᠠᠯ︾᠂ ︽ | ᠭᠤᠨᠢᠶᠠᠯ ᠬᠢᠯᠢᠩᠨᠡᠯ ᠤᠨ ᠰᠢᠯᠦᠭ︾ ᠵᠡᠷᠭᠡ ᠨᠡᠷᠡᠳᠦ ᠪᠦᠳᠦᠭᠡᠯ ᠪᠤᠢ᠃ | |