ᠵᠢᠷᠭᠤᠳᠤᠭᠠᠷ ᠪᠦᠯᠦᠭ | | | ᠤᠷᠭᠠᠨ᠎ᠠ ᠬᠠᠳᠤᠨ | ᠬᠠᠷ᠎ᠠ ᠦᠯᠡᠬᠦ ᠨᠡᠷᠡᠳᠦ ᠬᠠᠨᠢ ᠮᠢᠨᠢ ᠴᠠᠭᠠᠳᠠᠢ ᠲᠡᠭᠡᠳᠦᠰ ᠤᠨ ᠮᠡᠷᠭᠡᠨ ᠤᠮᠪᠤᠯᠤ ᠪᠣᠯᠠᠢ | ᠬᠠᠭᠠᠨ ᠤᠷᠤ ᠬᠤᠭᠤᠰᠤᠷᠤᠬᠰᠠᠨ ᠴᠦ ᠬᠠᠳᠤᠨ ᠤᠷᠭᠠᠨ᠎ᠠ ᠪᠢ ᠤᠷᠤᠯᠠᠨ ᠭᠦᠢᠴᠡᠳᠭᠡᠶᠦ | ᠴᠠᠭ ᠲᠦᠷᠦ ᠶᠢᠨ ᠬᠦᠴᠦᠲᠦ ᠰᠢᠭᠤᠷᠭ᠎ᠠ ᠶᠢ ᠤᠶᠠᠨ ᠬᠠᠳᠠᠨ ᠢᠶᠠᠷ ᠰᠦᠷᠴᠦ | ᠴᠡᠷᠢᠭ ᠤᠨ ᠶᠠᠪᠤᠳᠠᠯ ᠤᠯᠤᠰ ᠲᠦᠷᠦ ᠠᠯᠢᠨ ᠳᠤ ᠨᠢ ᠴᠦ ᠦᠯᠦ ᠬᠤᠴᠣᠷᠣᠮᠣᠢ | ᠠᠷᠪᠠᠨ ᠵᠢᠯ ᠲᠦᠷᠦ ᠪᠠᠷᠢᠬᠤ ᠶᠢ ᠠᠮᠠᠳᠠᠭᠠᠳ ᠬᠡᠯᠡᠬᠦᠶ᠎ᠡ ᠶᠠᠭᠤᠳᠠᠢ ᠬᠢᠯᠪᠠᠷ | ᠠᠷᠤᠤᠬᠠᠨ ᠡᠷᠳᠡᠮ ᠠᠭᠤᠤᠴᠢ ᠬᠠᠷᠠᠭ᠎ᠠ ᠪᠠᠷ ᠴᠠᠭᠠᠳᠠᠢ ᠬᠠᠨᠳᠦ ᠤᠯᠤᠰ ᠢᠶᠠᠨ ᠬᠡᠶᠢᠬᠦᠯᠪᠡᠢ | ᠪᠦᠰᠡᠭᠦᠢ ᠵᠠᠶᠠᠭ᠎ᠠ ᠪᠠᠨ ᠡᠪᠡᠶᠢᠯᠡᠨ ᠡᠷᠬᠦᠵᠦ | ᠪᠦᠳᠦᠨ ᠭᠦᠷᠦᠨ ᠢᠶᠠᠨ ᠴᠢᠳᠠᠮᠠᠭᠠᠢ ᠡᠵᠡᠮᠰᠢᠭᠰᠡᠨ | ᠤᠷᠭᠠᠨ᠎ᠠ ᠪᠢ ᠪᠠᠷ ᠬᠠᠳᠤᠨ ᠰᠦᠨᠡᠰᠦ | ᠵᠡᠭᠦᠯᠳᠡ᠄ ᠤᠷᠭᠠᠨ᠎ᠠ ᠬᠠᠳᠤᠨ ︵ᠤᠷᠬᠢᠨ᠎ᠠ ᠴᠦ ᠭᠡᠳᠡᠭ︶ ᠪᠤᠯ ᠤᠢ ᠶᠢᠨ ᠢᠷᠭᠡᠳ ᠤᠨ ᠠᠬᠠᠯᠠᠬᠴᠢ ᠲᠦᠷᠦᠯᠴᠢ | ᠪᠤᠯᠤᠨ ᠴᠢᠩᠬᠢᠰ ᠬᠠᠭᠠᠨ ᠤ ᠬᠤᠶᠠᠳᠤᠭᠠᠷ ᠦᠬᠢᠨ ᠴᠡᠴᠡᠶᠢᠬᠡᠨ ᠭᠦᠩᠵᠦ ᠶᠢᠨ ᠦᠬᠢᠨ᠂ ᠴᠠᠭᠠᠳᠠᠢ ᠬᠠᠨᠯᠢᠭ ᠤᠯᠤᠰ | ᠤᠨ ᠴᠠᠭᠠᠳᠠᠢ ᠬᠠᠨ ᠤ ᠠᠴᠢ ᠮᠤᠳᠤᠭᠠᠨ ᠤ ᠭᠦᠪᠡᠬᠦᠨ ᠬᠠᠷ᠎ᠠ ᠦᠯᠡᠬᠦ ︵ᠬᠠᠷ᠎ᠠ ᠭᠦᠯᠦᠭ ᠴᠦ ᠭᠡᠳᠡᠭ︶ ᠶᠢᠨ | ᠲᠡᠷᠢᠬᠦᠨ ᠬᠠᠳᠤᠨ ᠶᠤᠮ᠃ ᠲᠡᠷᠡ ᠪᠠᠷ ᠲᠦᠷᠦᠯᠬᠢ ᠰᠡᠴᠡᠨ ᠰᠡᠷᠭᠦᠯᠡᠩ ᠮᠦᠷᠳᠡᠭᠡᠨ ᠭᠦᠨ ᠪᠤᠳᠤᠯᠭ᠎ᠠ ᠲᠠᠢ᠂ | ᠠᠭᠤᠳᠠᠮᠴᠢ ᠪᠠᠭᠳᠠᠭᠠᠮᠵᠢᠳᠠᠢ ᠮᠦᠷᠳᠡᠭᠡᠨ ᠤᠬᠠᠭᠠᠨ ᠴᠢᠳᠠᠯ ᠦᠩᠭᠡ ᠵᠢᠰᠦ ᠪᠦᠷᠢᠳᠦᠭᠰᠡᠨ ᠨᠢᠬᠡᠨ᠃ ᠰᠢᠶᠠᠨᠽᠦ᠋ᠩ | ᠮᠦᠩᠬᠡ ᠬᠠᠭᠠᠨ ᠤ ᠠᠩᠬᠠᠨ ᠤ ᠤᠨ ︵1251 ᠤᠨ︶ ᠳᠤ ᠬᠠᠷ᠎ᠠ ᠦᠯᠡᠬᠦ ᠨᠠᠰᠦ ᠪᠠᠷᠠᠬᠰᠠᠨ ᠤ ᠲᠠᠷᠠᠭ᠎ᠠ | ᠤᠷᠭᠠᠨ᠎ᠠ ᠬᠠᠳᠤᠨ ᠴᠠᠭᠠᠳᠠᠢ ᠬᠠᠨᠳᠦ ᠤᠯᠤᠰ ᠤᠨ ᠲᠦᠷᠦ ᠪᠠᠷᠢᠵᠤ᠂ 1261 ᠤᠨ ᠪᠤᠯᠳᠠᠯ᠎ᠠ ᠨᠠᠰᠤᠨ ᠪᠠᠭ᠎ᠠ ᠬᠠᠨ | ᠭᠦᠪᠡᠬᠦᠨ ᠮᠤᠪᠠᠷᠧᠺ ᠱᠠ ᠳᠤ ᠲᠤᠰᠠᠯᠠᠨ ᠲᠦᠷᠦ ᠶᠢᠨ ᠭᠡᠷᠡᠭ ᠢ ᠲᠦᠷ ᠮᠡᠳᠡᠵᠦ᠂ ᠠᠷᠪᠠᠨ ᠵᠢᠯ ᠤᠨ | ᠬᠤᠭᠤᠴᠠᠭᠠᠨ᠎ᠠ ᠴᠠᠭᠠᠳᠠᠢ ᠶᠢᠨ ᠦᠷ᠎ᠡ ᠤᠬᠰᠠᠭᠠᠨ ᠤ ᠲᠤᠳᠤᠭᠠᠳᠤᠬᠢ ᠬᠤᠷᠴᠠ ᠰᠢᠷᠦᠬᠦᠨ ᠵᠦᠷᠢᠴᠡᠯ | ᠮᠦᠷᠭᠦᠯᠳᠦᠬᠡᠨ ᠢ ᠠᠯᠢ ᠴᠢᠳᠠᠬᠤ ᠪᠠᠷ ᠭᠤᠤᠯᠴᠢ ᠪᠠᠷ ᠰᠢᠢᠳᠪᠦᠷᠢᠯᠡᠨ ᠨᠠᠮᠳᠠᠭᠤᠯᠵᠤ᠂ ᠲᠦᠷᠦ ᠶᠢ ᠲᠦᠪᠰᠢᠨ | ᠲᠦᠮᠡᠨ ᠢᠶᠠᠨ ᠠᠮᠤᠭᠤᠯᠠᠩ ᠠᠪᠴᠦ ᠶᠠᠪᠤᠵᠤ ᠴᠢᠳᠠᠬᠰᠠᠨ ᠶᠤᠮ᠃ ᠬᠤᠵᠢᠮ ᠨᠢ ᠬᠤᠪᠢᠯᠠᠢ ᠪᠤᠯᠤᠨ ᠠᠷᠢᠬᠪᠦ᠋ᠬᠡ ᠶᠢᠨ | ᠲᠤᠳᠤᠭᠠᠳᠦ ᠶᠢᠨ ᠲᠡᠮᠡᠴᠡᠯ ᠳᠤ ᠬᠤᠯᠪᠤᠬᠳᠠᠨ ᠴᠡᠷᠢᠭ ᠵᠠᠰᠠᠭ ᠤᠨ ᠦᠢᠯᠡ ᠳᠤ ᠢᠯᠠᠬᠳᠠᠵᠠᠢ᠃ | | ᠰᠡᠩᠭᠡᠷᠡ ᠭᠦᠩᠵᠦ | | ᠬᠠᠭᠠᠨ ᠤᠬᠰᠠᠭᠠᠨ ᠤ ᠭᠦᠨ ᠤᠷᠳᠤᠨ᠎ᠠ ᠡᠷᠭᠡ ᠲᠠᠩᠬᠢ ᠦᠰᠴᠦ ᠪᠢᠯᠡ | ᠬᠠᠳᠠᠭᠠᠯᠠᠬᠤ ᠰᠤᠨᠢᠷᠬᠠᠬᠤ ᠵᠢᠷᠤᠬᠯᠠᠬᠤᠢ ᠠᠪᠢᠶᠠᠰ ᠠᠨᠤ ᠵᠤᠯᠠ ᠶᠢᠨ ᠭᠡᠷᠡᠯ ᠮᠡᠳᠦ ᠴᠡᠴᠡᠭᠯᠡᠮᠤᠢ | ᠭᠠᠴᠢᠶᠠᠯ ᠶᠡᠭᠡ ᠲᠠᠢ ᠵᠠᠯᠠᠭᠤ ᠨᠠᠰᠤᠨ ᠠᠴᠠ ᠪᠠᠨ ᠬᠠᠭᠠᠴᠠᠯ ᠤᠨ ᠭᠤᠨᠢᠶᠠᠯ ᠢ ᠡᠳ᠋ᠯᠡᠭᠰᠡᠨ ᠴᠦ | ᠭᠠᠶᠢᠬᠠᠯᠳᠠᠢ ᠤᠷᠠᠨ ᠮᠡᠳᠡᠷᠡᠮᠵᠢ ᠪᠠᠷ ᠪᠢᠴᠢᠭ ᠵᠢᠷᠤᠭ ᠯᠤᠭ᠎ᠠ ᠠᠮᠠᠷᠠᠬᠯᠠᠮᠤᠢ | ᠲᠢᠶᠠᠨ ᠴᠢᠨ ᠰᠦᠮ᠎ᠡ ᠳᠤᠷ ᠮᠡᠷᠭᠡᠳ ᠢ ᠤᠷᠢᠵᠤ ᠪᠢᠯᠢᠭ ᠤᠨ ᠡᠭᠦᠯᠡᠰ ᠬᠤᠷᠠᠯᠳᠤᠬᠤᠶᠠ | ᠲᠠᠰᠤᠷᠬᠠᠢ ᠤᠷᠠᠨ ᠦᠬᠡ ᠰᠢᠯᠦᠭ ᠰᠤᠪᠤᠳ ᠤᠨ ᠮᠦᠭᠦᠯᠢᠭ ᠮᠡᠳᠦ ᠬᠡᠯᠬᠢᠯᠳᠤᠮᠤᠢ | ᠪᠢᠷ ᠪᠡᠭᠡᠰ ᠤᠨ ᠭᠦᠢᠬᠡᠨ ᠪᠤᠳᠤᠭ ᠢᠶᠠᠷ ᠤᠬᠠᠭᠠᠨ ᠤ ᠬᠠᠷᠠᠩᠭᠤᠢ ᠶᠢ ᠬᠡᠭᠡᠳᠭᠡᠨ | ᠪᠤᠳᠤᠯ ᠰᠡᠳᠬᠢᠯ ᠤᠨ ᠨᠢᠭᠤᠴᠠᠬᠠᠢ ᠦᠩᠬᠡ ᠪᠠᠷ ᠪᠦᠰᠡᠭᠦᠢ ᠵᠠᠶᠠᠭ᠎ᠠ ᠪᠠᠨ ᠴᠢᠮᠡᠭᠯᠡᠮᠤᠢ | ᠰᠡᠩᠭᠡᠷᠡ ᠪᠢ ᠪᠠᠷ ᠬᠠᠳᠤᠨ ᠰᠦᠨᠡᠰᠦ | ᠵᠡᠭᠦᠯᠳᠡ᠄ ᠰᠡᠩᠭᠡᠷᠡ ︵1283 —1337︶ ᠭᠦᠩᠵᠦ ᠪᠤᠯ ᠬᠤᠪᠢᠯᠠᠢ ᠰᠡᠴᠡᠨ ᠬᠠᠭᠠᠨ ᠤ ᠤᠮᠪᠤᠯᠤ | ᠲᠠᠷᠠᠮᠪᠠᠯᠠ ᠬᠠᠭᠠᠨ ᠤ ᠦᠬᠢᠨ᠂ ᠡᠬᠡ ᠨᠢ ᠳ᠋ᠠᠵᠢ ᠬᠠᠳᠤᠨ᠃ ᠪᠠᠰᠠ ᠱᠡᠩᠬᠡᠯᠵᠢ᠂ ᠰᠡᠩᠬᠡ ᠬᠡᠵᠦ ᠪᠢᠴᠢᠳᠡᠭ᠃ ᠠᠬ᠎ᠠ | ᠬᠠᠶᠢᠰᠠᠩ ᠬᠦᠯᠦᠭ ᠬᠠᠭᠠᠨ ᠪᠤᠯᠤᠨ ᠲᠡᠭᠦᠦ ᠠᠶᠤᠷᠪᠠᠷᠪᠠᠳᠠ ᠪᠤᠶᠠᠨᠳᠦ ᠬᠠᠭᠠᠨ ᠤ ᠦᠮᠦᠭ ᠲᠦᠰᠢᠭ ᠲᠤᠤᠷ᠎ᠠ ᠵᠤᠯ | ᠵᠢᠷᠭᠠᠯᠳᠠᠢ ᠨᠢᠬᠡᠨ ᠨᠠᠰᠦ ᠶᠢ ᠦᠩᠭᠡᠷᠡᠭᠡᠵᠡᠢ᠃ ᠪᠢᠴᠢᠬᠠᠨ ᠠᠴᠠ ᠠᠪᠬᠠᠯᠵᠢ ᠰᠡᠷᠭᠦᠯᠡᠩ᠂ ᠪᠢᠯᠢᠭ ᠲᠡᠭᠦᠰ ᠪᠠᠶᠢᠵᠤ᠂ | ᠪᠢᠴᠢᠭ ᠵᠢᠷᠤᠭ ᠬᠤᠷᠢᠶᠠᠵᠤ ᠬᠠᠳᠠᠭᠠᠯᠠᠬᠤ᠂ ᠤᠳᠬ᠎ᠠ ᠤᠶᠠᠩᠭ᠎ᠠ ᠤᠷᠠᠯᠠᠨ ᠰᠡᠳᠬᠢᠬᠦ᠂ ᠡᠷᠳᠡᠮᠳᠡᠨ ᠮᠡᠷᠭᠡᠳ ᠲᠠᠢ | ᠲᠠᠨᠢᠯᠴᠠᠨ ᠨᠠᠶᠢᠵᠠᠯᠠᠬᠤ ᠪᠠᠷ ᠤᠷᠮᠠᠰ ᠦᠢᠯᠡ ᠪᠤᠯᠭᠠᠵᠤᠬᠤᠢ᠃ ᠲᠡᠭᠦᠨ ᠤ ᠨᠦᠭᠡᠴᠡᠯᠡᠨ ᠬᠠᠳᠠᠭᠠᠯᠠᠬᠰᠠᠨ ᠤᠷᠠᠨ | ᠪᠢᠴᠢᠯᠬᠡ ᠪᠤᠯᠤᠨ ᠤᠷᠠᠨ ᠵᠢᠷᠤᠭ ᠨᠢ ᠬᠠᠷᠢ ᠤᠶᠢᠷ᠎ᠠ ᠶᠢᠨ ᠭᠦᠮᠦᠰ ᠤᠨ ᠰᠡᠳᠬᠢᠯ ᠢ ᠰᠤᠷᠢᠨᠵᠢᠳᠠᠬᠤ ᠤᠷᠠᠯᠢᠭ ᠤᠨ | ᠰᠠᠩ ᠪᠤᠯᠵᠠᠢ᠃ | | | | | | |