ᠮᠠᠨᠳᠤᠬᠠᠢ ᠰᠡᠴᠡᠨ ᠬᠠᠳᠤᠨ | ᠬᠤᠷᠴᠢᠨ ᠤ ᠸᠠᠩ ᠦᠨᠡᠨᠪᠤᠯᠤᠳ ᠭᠦᠴᠦᠷᠭᠡᠭ ᠭᠡᠮᠡᠪᠡᠴᠦ ᠦᠯᠦ ᠡᠴᠢᠨᠡᠮ ᠪᠢ | ᠬᠠᠭᠠᠨ ᠤ ᠮᠢᠨᠢ ᠦᠷ᠎ᠡ ᠨᠢᠯᠬ᠎ᠠ ᠬᠡᠮᠡᠪᠡᠴᠦ ᠡᠷᠳᠡᠨᠢ ᠶᠢᠨ ᠬᠡᠯᠲᠡᠷᠬᠡᠢ ᠮᠡᠳᠦ ᠡᠷᠬᠢᠮ | ᠲᠤᠯᠤᠭᠠᠨ ᠨᠠᠰᠤᠳᠠᠢ ᠪᠠᠳᠤᠮᠦ᠋ᠩᠭᠡ ᠶᠢ ᠲᠠᠶᠠᠨ ᠬᠠᠭᠠᠨ ᠢᠶᠠᠷ ᠡᠷᠭᠦᠮᠵᠢᠯᠡᠭᠡᠳ | ᠨᠠᠢᠮᠠᠨ ᠴᠠᠭᠠᠨ ᠤᠷᠳᠤᠨ ᠤ ᠡᠮᠦᠨ᠎ᠡ ᠰᠠᠴᠤᠯᠢ ᠰᠠᠴᠤᠵᠤ ᠦᠴᠢᠯ ᠦᠴᠢᠪᠡ | ᠬᠠᠷ᠎ᠠ ᠦᠰᠦ ᠶᠦᠭᠡᠨ ᠡᠪᠭᠡᠭᠡᠳ ᠬᠠᠷ᠎ᠠ ᠲᠡᠮᠦᠷ ᠲᠤᠭᠤᠯᠠᠭ᠎ᠠ ᠪᠠᠨ ᠲᠠᠷᠤᠭᠠᠳ | ᠬᠠᠭᠠᠴᠠᠯ ᠰᠠᠮᠠᠭᠤᠷᠠᠯ ᠤᠨ ᠭᠠᠢ ᠵᠤᠪᠠᠯᠠᠩ ᠠᠴᠠ ᠬᠠᠮᠤᠭ ᠮᠤᠩᠭᠤᠯ ᠢᠶᠠᠨ ᠠᠪᠤᠷᠠᠪᠠᠢ | ᠬᠠᠮᠤᠭ ᠮᠤᠩᠭᠤᠯ ᠤᠨ ᠲᠤᠭ ᠤᠨ ᠰᠡᠮᠡᠷᠭᠡᠢ ᠶᠢ ᠬᠦᠪᠦᠷᠢᠳᠴᠦ | ᠬᠠᠭᠠᠴᠠᠬᠰᠠᠨ ᠤᠯᠤᠰ ᠢᠶᠠᠨ ᠬᠤᠶᠠᠳᠠᠬᠢ ᠨᠢᠭᠡᠳᠦᠯ ᠳᠤ ᠬᠤᠷᠢᠶᠠᠬᠰᠠᠨ | ᠮᠠᠨᠳᠤᠬᠠᠢ ᠪᠢ ᠪᠠᠷ ᠬᠠᠳᠤᠨ ᠰᠦᠨᠡᠰᠦ | ᠵᠡᠭᠦᠯᠳᠡ᠄ ᠮᠠᠨᠳᠤᠬᠠᠢ ᠰᠡᠴᠡᠨ ᠬᠠᠳᠤᠨ ︵1447 —︖ ︶ ᠪᠤᠯ ᠲᠦᠮᠡᠳ ᠤᠨ ᠡᠩᠭᠦᠳ ᠤᠪᠤᠭ ᠤᠨ | ᠴᠤᠷᠤᠰᠪᠠᠢ ᠲᠡᠮᠦᠷ ᠴᠢᠩᠰᠠᠩ ᠤᠨ ᠦᠬᠢᠨ᠂ ᠮᠠᠨᠳᠤᠭᠤᠯ ᠬᠠᠭᠠᠨ ᠤ ᠪᠠᠭ᠎ᠠ ᠬᠠᠳᠤᠨ ᠶᠤᠮ᠃ ᠲᠡᠷᠡ ᠪᠤᠯ ᠨᠢᠬᠡᠨ | ᠰᠢᠯᠭᠠᠷᠠᠬᠰᠠᠨ ᠤᠯᠤᠰ ᠲᠦᠷᠦᠴᠢᠨ ᠮᠦᠷᠳᠡᠭᠡᠨ ᠴᠡᠷᠢᠭ ᠲᠠᠶᠢᠨ ᠤ ᠪᠤᠳᠤᠯᠭᠠᠳᠠᠨ᠂ ᠠᠯᠳᠠᠷᠳᠦ ᠨᠡᠶᠢᠭᠡᠮ ᠤᠨ | ᠵᠢᠳᠭᠦᠯᠳᠡᠨ ᠮᠦᠷᠳᠡᠭᠡᠨ ᠮᠤᠩᠭᠤᠯᠴᠤᠳ ᠤᠨ ᠭᠦᠨᠳᠦᠳᠭᠡᠨ ᠰᠢᠳᠦᠳᠡᠭ ᠡᠷᠳᠡᠨ ᠤ ᠭᠤᠷᠪᠠᠨ ᠠᠭᠤᠤ ᠡᠮᠡᠭᠳᠡᠢ ᠶᠢᠨ | ᠨᠢᠬᠡ ᠨᠢ ᠪᠤᠯᠤᠨ᠎ᠠ᠃ ᠮᠠᠨᠳᠤᠬᠠᠢ ᠰᠡᠴᠡᠨ ᠬᠠᠳᠤᠨ ᠵᠦᠢᠷᠯᠡᠰᠢ ᠦᠬᠡᠢ ᠠᠤᠭ᠎ᠠ ᠵᠤᠷᠢᠭ ᠪᠠ ᠴᠡᠴᠡᠨ ᠤᠬᠠᠭᠠᠨ ᠢᠶᠠᠷ | ᠴᠢᠩᠬᠢᠰ ᠬᠠᠭᠠᠨ ᠤ ᠠᠯᠳᠠᠨ ᠤᠷᠤᠭ ᠤᠨ ᠲᠠᠰᠤᠷᠠᠮᠠᠷ ᠪᠠᠶᠢᠬᠰᠠᠨ ᠮᠤᠩᠭᠤᠯ ᠬᠠᠭᠠᠨᠳᠦ ᠲᠦᠷᠦ ᠶᠢ ᠵᠠᠯᠭᠠᠭᠤᠯᠵᠤ᠂ | ᠵᠠᠭᠤ ᠰᠢᠬᠠᠮ ᠵᠢᠯ ᠦᠷᠭᠦᠯᠵᠢᠯᠡᠭᠰᠡᠨ ᠮᠤᠩᠭᠤᠯ ᠤᠨ ᠨᠡᠶᠢᠬᠡᠮ ᠤᠨ ᠬᠠᠭᠠᠴᠠᠯ ᠵᠠᠳᠠᠷᠠᠯ ᠤᠨ ᠬᠠᠷᠠᠩᠭᠤᠢ ᠲᠡᠤᠭᠡ ᠶᠢ | ᠡᠴᠦᠰᠯᠡᠬᠦᠯᠵᠦ᠂ ᠲᠠᠷᠬᠠᠢ ᠪᠤᠳᠠᠷᠬᠠᠢ ᠮᠤᠩᠭᠤᠯ ᠤᠨ ᠠᠶᠢᠮᠠᠭ ᠤᠬᠰᠠᠭ᠎ᠠ ᠨᠤᠭᠤᠳ ᠢ ᠨᠢᠬᠡᠨ ᠵᠢᠯᠤᠭᠤᠨ ᠳᠤ | ᠬᠤᠷᠢᠶᠠᠨ᠂ ᠮᠤᠩᠭᠤᠯ ᠤᠨ ᠨᠡᠶᠢᠬᠡᠮ ᠤᠨ ᠭᠡᠷᠡᠯ ᠰᠠᠴᠤᠷᠠᠩᠭᠤᠢ ᠰᠢᠨ᠎ᠡ ᠨᠢᠬᠡᠨ ᠬᠠᠭᠤᠳᠠᠰᠦ ᠲᠡᠯᠭᠡᠭᠳᠡᠬᠦ ᠳᠤ | ᠲᠠᠶᠢᠪᠤᠩ ᠰᠠᠶᠢᠬᠠᠨ ᠨᠦᠬᠦᠴᠡᠯ ᠢ ᠪᠦᠷᠢᠯᠳᠦᠬᠦᠯᠦᠭᠰᠡᠨ ᠴᠢᠩ ᠵᠤᠷᠢᠬᠳᠦ᠂ ᠠᠤᠭ᠎ᠠ ᠪᠤᠳᠤᠯᠭᠠᠳᠦ᠂ ᠪᠠᠭᠠᠳᠤᠷ | ᠡᠮᠡᠭᠳᠡᠢ ᠪᠤᠯᠤᠨ᠎ᠠ᠃ | | | | | | ᠵᠦᠩᠬᠡᠨ ᠬᠠᠳᠤᠨ | ᠠᠯᠳᠠᠨ ᠬᠠᠭᠠᠨ ᠤ ᠬᠠᠶᠢᠷ᠎ᠠ ᠶᠢ ᠭᠦᠷᠳᠡᠭᠰᠡᠨ ᠬᠡᠬᠡᠨ ᠠᠮᠤᠭᠤᠯᠠᠩᠳᠦ ᠬᠠᠳᠤᠨ | ᠠᠷᠢᠭᠤᠨ ᠵᠠᠰᠠᠭ ᠲᠤ ᠱᠠᠰᠢᠨ ᠲᠦᠷᠦ ᠶᠢ ᠬᠤᠤᠰᠯᠠᠭᠤᠯᠤᠨ ᠪᠠᠷᠢᠭᠰᠠᠨ ᠮᠡᠷᠭᠡᠨ | ᠲᠠᠯᠠᠨ ᠬᠠᠷ᠎ᠠ ᠶᠢᠨ ᠡᠩᠭᠡᠷ ᠲᠤ ᠭᠠᠶᠢᠬᠠᠮᠰᠢᠬᠳᠦ ᠬᠤᠳᠠ ᠶᠢ ᠪᠦᠳᠦᠭᠡᠭᠰᠡᠨ | ᠲᠦᠪᠡᠳ ᠮᠤᠩᠭᠤᠯ ᠬᠢᠳᠠᠳ ᠤᠨ ᠲᠤᠮᠳᠠᠬᠢ ᠲᠡᠭᠦᠰ ᠦᠵᠡᠰᠭᠦᠯᠡᠩᠳᠦ ᠦᠬᠦᠢ | ᠲᠦᠷᠦ ᠪᠠᠷᠢᠵᠤ ᠵᠠᠰᠠᠭ ᠶᠠᠪᠤᠭᠤᠯᠤᠬᠰᠠᠨ ᠭᠤᠴᠢᠨ ᠵᠢᠯ ᠤᠨ ᠬᠠᠪᠤᠷ ᠨᠠᠮᠤᠷ | ᠲᠦᠮᠡᠳ ᠤᠨ ᠲᠠᠯ᠎ᠠ ᠶᠢᠨ ᠭᠦᠨ ᠳᠤ ᠲᠡᠤᠭᠡ ᠭᠦᠤᠷᠨᠢᠬᠦ ᠮᠡᠳᠦ ᠠᠮᠤᠭᠤᠯᠠᠩᠬᠠᠨ | ᠳ᠋ᠠᠷ᠎ᠠ ᠡᠭᠡ ᠶᠢᠨ ᠬᠤᠪᠢᠯᠭᠠᠨ ᠠᠷᠢᠶ᠎ᠠ ᠳ᠋ᠠᠷ᠎ᠠ ᠴᠤᠯᠠᠳᠦ | ᠲᠠᠭᠤᠨ ᠦᠬᠡᠢ ᠠᠮᠤᠭᠤᠯᠠᠩᠬᠠᠨ ᠨᠤᠶᠢᠷᠰᠤᠬᠤ ︽ᠰᠠᠨ ᠨᠢᠶᠠᠩᠽᠢ︾ ᠬᠡᠮᠡᠭᠴᠢ | ᠵᠦᠩᠬᠡᠨ ᠪᠢ ᠪᠠᠷ ᠬᠠᠳᠤᠨ ᠰᠦᠨᠡᠰᠦ | ᠵᠡᠭᠦᠯᠳᠡ᠄ ᠵᠦᠩᠬᠡᠨ ᠬᠠᠳᠤᠨ ︵ᠬᠢᠳᠠᠳ ᠢᠶᠠᠷ ᠰᠠᠨ ᠨᠢᠶᠠᠩᠽᠢ ᠭᠡᠳᠡᠭ᠂ 1550 —1612︶ ᠪᠤᠯ | ᠤᠷᠳᠤᠰ ᠠᠶᠢᠮᠠᠭ ᠤᠨ ᠭᠦᠮᠦᠨ ᠪᠦᠬᠡᠳ ᠠᠯᠳᠠᠨ ᠬᠠᠨ ᠤ ᠵᠢᠬᠡ ᠦᠬᠢᠨ ᠨᠢ ᠪᠤᠯᠤᠨ᠎ᠠ᠃ ᠵᠢᠩᠬᠢᠨᠢ ᠨᠡᠷ᠎ᠡ ᠨᠢ | ᠨᠤᠶᠠᠨᠴᠦ ᠭᠡᠳᠡᠭ᠃ ᠤᠮᠠᠷᠠᠳᠦ ᠶᠤᠸᠠᠨ ᠤᠯᠤᠰ ᠤᠨ ᠦᠶ᠎ᠡ ᠶᠢᠨ ᠮᠤᠩᠭᠤᠯ ᠤᠨ ᠪᠠᠷᠠᠭᠤᠨ ᠭᠠᠷ ᠤᠨ ᠲᠦᠮᠡᠳ | ᠲᠦᠮᠡᠨ ᠤ ᠡᠵᠡᠨ ᠠᠯᠳᠠᠨ ᠬᠠᠨ ᠤ ᠭᠤᠷᠪᠠᠳᠤᠭᠠᠷ ᠬᠠᠳᠤᠨ ᠪᠤᠯᠤᠨ᠎ᠠ᠃ ᠵᠦᠩᠬᠡᠨ ᠬᠠᠳᠤᠨ ᠲᠦᠷᠦᠯᠬᠢ ᠰᠡᠴᠡᠨ | ᠰᠡᠷᠭᠦᠯᠡᠩ᠂ ᠭᠤᠸ᠎ᠠ ᠦᠵᠡᠰᠭᠦᠯᠡᠩ ᠮᠦᠷᠳᠡᠭᠡᠨ ᠮᠤᠩᠭᠤᠯ ᠪᠢᠴᠢᠭ ᠲᠤ ᠨᠡᠪᠳᠡᠷᠭᠡᠢ᠂ ᠲᠠᠭᠤᠤ ᠪᠦᠵᠢᠭ ᠲᠤ | ᠠᠪᠢᠶᠠᠰᠯᠢᠭ᠂ ᠢᠯᠠᠩᠭᠤᠶ᠎ᠠ ᠮᠤᠷᠢ ᠤᠨᠤᠵᠤ ᠬᠠᠷᠪᠤᠬᠤ ᠨᠠᠮᠨᠠᠬᠤ ᠳᠤ ᠮᠡᠷᠭᠡᠰᠢᠭᠰᠡᠨ᠂ ᠪᠢᠴᠢᠭ ᠴᠡᠷᠢᠭ ᠤᠨ ᠡᠷᠳᠡᠮ | ᠬᠤᠤᠰᠯᠠᠬᠰᠠᠨ ᠭᠠᠷᠮᠠᠭᠠᠢ ᠪᠦᠰᠡᠭᠦᠢ ᠪᠠᠶᠢᠵᠠᠢ᠃ ᠠᠯᠳᠠᠨ ᠬᠠᠨ ᠲᠦᠷᠦ ᠵᠠᠰᠠᠭ ᠤᠨ ᠭᠡᠷᠡᠭ ᠢ ᠪᠠᠶᠢᠩᠭᠤ ᠵᠦᠩᠬᠡᠨ | ᠬᠠᠳᠤᠨ ᠲᠠᠢ ᠪᠠᠨ ᠵᠦᠪᠰᠢᠨ ᠬᠡᠯᠡᠯᠴᠡᠳᠡᠭ ᠪᠦᠬᠡᠳ ᠲᠦᠮᠡ ᠭᠠᠷᠤᠢ ᠪᠦᠰᠡᠭᠦᠢ ᠴᠡᠷᠢᠭ ᠢ ᠵᠠᠬᠢᠷᠤᠨ | ᠤᠳᠤᠷᠢᠳᠤᠭᠤᠯᠵᠤ ᠪᠠᠶᠢᠪᠠ᠃ ᠵᠦᠩᠬᠡᠨ ᠬᠠᠳᠤᠨ ᠭᠤᠷᠪᠠᠨ ᠦᠶ᠎ᠡ ᠶᠢᠨ ᠱᠦᠨ ᠢ ᠸᠠᠩ ︵ᠠᠯᠳᠠᠨ ᠬᠠᠨ᠂ | ᠠᠯᠳᠠᠨ ᠬᠠᠨ ᠤ ᠠᠬᠠᠮᠠᠳ ᠭᠦᠪᠡᠬᠦᠨ ᠰᠡᠩᠭᠡ ᠲᠦᠭᠦᠷᠡᠩ ᠬᠠᠨ᠂ ᠰᠡᠩᠬᠡ ᠲᠦᠭᠦᠷᠡᠩ ᠬᠠᠨ ᠤ ᠠᠬᠠᠮᠠᠳ | ᠭᠦᠪᠡᠬᠦᠨ ᠴᠦᠷᠦᠭᠡ ᠬᠠᠨ ᠢ ᠲᠤᠰ ᠲᠤᠰ ᠦᠭᠦᠯᠡᠵᠡᠢ︶ ᠳᠤ ᠲᠤᠰᠠᠯᠠᠨ᠂ ᠲᠦᠮᠡᠳ ᠲᠦᠮᠡᠨ ᠤ ᠵᠠᠰᠠᠭ ᠲᠦᠷᠦ᠂ | ᠴᠡᠷᠢᠭ ᠲᠠᠶᠢᠨ ᠤ ᠦᠢᠯᠡ ᠭᠡᠷᠡᠭ ᠢ ᠭᠤᠴᠢᠭᠠᠳ ᠵᠢᠯ ᠮᠡᠳᠡᠵᠦ ᠶᠠᠪᠤᠬᠤ ᠳᠠᠭᠠᠨ᠂ ᠮᠢᠩ ᠤᠯᠤᠰ ᠲᠠᠢ ᠡᠩᠬᠡ | ᠲᠠᠶᠢᠪᠤᠩ ᠵᠡᠷᠭᠡᠴᠡᠨ ᠤᠷᠤᠰᠢᠬᠤ ᠨᠠᠶᠢᠷᠰᠠᠭ ᠬᠠᠷᠢᠴᠠᠭ᠎ᠠ ᠶᠢ ᠢᠳᠡᠪᠬᠢᠳᠡᠢ ᠭᠦᠭᠵᠢᠬᠦᠯᠵᠦ᠂ ᠠᠷᠠᠳ ᠢᠷᠭᠡᠳ ᠢᠶᠠᠨ | ᠠᠮᠤᠷ ᠲᠤᠬᠠᠳᠠᠢ ᠪᠠᠶᠢᠯᠭᠠᠵᠤ᠂ ᠠᠵᠤ ᠠᠬᠤᠢ ᠪᠤᠯᠤᠨ ᠰᠤᠶᠤᠯ ᠤᠨ ᠭᠦᠭᠵᠢᠯ ᠢ ᠠᠬᠢᠭᠤᠯᠵᠠᠢ᠃ ᠲᠡᠷᠡ ᠪᠤᠳ᠋ᠳ᠋ᠾᠠ | ᠶᠢᠨ ᠱᠠᠰᠢᠨ ᠳᠤ ᠮᠠᠰᠢ ᠶᠡᠭᠡ ᠰᠦᠰᠦᠭ ᠪᠢᠰᠢᠷᠡᠯ ᠲᠠᠢ᠃ | | | | | ᠠᠵᠢᠮᠠᠨ ᠬᠠᠳᠤᠨ | ᠲᠦᠯᠬᠡᠨ ᠤᠷᠤᠰᠬᠠᠯᠳᠦ ᠶᠠᠮᠤᠨ᠎ᠠ ᠶᠢᠨ ᠡᠷᠬᠢᠨ ᠠᠴᠠ ᠦᠭᠡᠳᠡ ᠦᠭᠡᠳᠡ ᠪᠠᠨ ᠪᠠᠷᠠᠯᠠᠨᠠᠮ | ᠲᠡᠤᠭᠡ ᠶᠢᠨ ᠬᠠᠭᠤᠳᠠᠰᠤᠨ ᠳᠤ ᠲᠤᠭᠤᠰᠤᠷᠠᠰᠢ ᠦᠬᠡᠢ ᠴᠡᠪᠡᠷ ᠬᠠᠶᠢᠷ᠎ᠠ ᠪᠠᠷ ᠢᠶᠠᠨ ᠲᠡᠮᠡᠦᠯᠨᠡᠮ | ᠲᠡᠯᠡᠭᠡᠢ ᠶᠢᠨ ᠰᠡᠭᠡᠷ ᠲᠡᠭᠡᠷ᠎ᠡ ᠨᠤᠶᠠᠯᠠᠬᠰᠠᠨ ᠭᠦᠭᠡ ᠲᠤᠯᠪᠤᠳᠦ ᠦᠬᠢᠳ ᠯᠡ ᠰᠠᠶ᠋ᠢ | ᠲᠡᠵᠢ ᠮᠠᠬᠠᠯ ᠤᠨ ᠪᠤᠩᠬᠤᠨ ᠭᠡᠵᠦ ᠮᠦᠩᠭᠡ ᠶᠢᠨ ᠦᠵᠡᠰᠭᠦᠯᠡᠩ ᠪᠤᠯᠤᠨ ᠭᠡᠷᠡᠯᠲᠦᠨᠡᠮ | ᠲᠡᠭᠷᠢ ᠭᠠᠵᠠᠷ ᠤᠨ ᠲᠤᠮᠳᠠ ᠪᠤᠰᠤᠭ᠎ᠠ ᠶᠠᠪᠤᠬᠰᠠᠨ ᠱ᠊᠂ ᠵᠠᠭᠠᠨ ᠬᠠᠭᠠᠨ ᠤ | ᠲᠡᠯᠭᠡᠷ ᠬᠠᠶᠢᠷ᠎ᠠ ᠶᠢᠨ ᠰᠡᠳᠬᠢᠯ ᠤᠨ ᠰᠢᠭᠢᠳᠬᠡ ᠪᠠᠷ ᠭᠢᠯᠲᠠᠭᠠᠨᠠᠨ ᠰᠦᠨᠳᠡᠷᠯᠡᠭᠰᠡᠨ | ᠬᠠᠭᠠᠨ ᠬᠠᠶᠢᠷ᠎ᠠ ᠬᠠᠳᠤᠨ ᠢᠨᠠᠭ ᠤᠨ ᠲᠡᠭᠷᠢᠯᠢᠭ ᠭᠡᠷᠡᠴᠢ | ᠭᠠᠨᠳᠢᠭ ᠴᠢᠯᠠᠭᠤᠨ ᠳᠤ ᠠᠮᠢᠯᠠᠬᠰᠠᠨ ᠭᠤᠸ᠎ᠠ ᠰᠠᠶᠢᠬᠠᠨ ᠤ ᠪᠦᠷᠢᠯᠸ᠎ᠠ | ᠠᠵᠢᠮᠠᠨ ᠪᠢ ᠪᠠᠷ ᠬᠠᠳᠤᠨ ᠰᠦᠨᠡᠰᠦ | | ᠵᠡᠭᠦᠯᠳᠡ᠄ ᠠᠵᠢᠮᠠᠨ ᠬᠠᠳᠤᠨ ︵1593 —1631 ᠤᠨ᠂ ᠪᠠᠰᠠ ᠲᠡᠵᠢ ᠮᠠᠬᠠᠯ ᠬᠠᠳᠤᠨ ᠬᠡᠵᠦ | ᠲᠡᠮᠳᠡᠭᠯᠡᠳᠡᠭ︶ ᠪᠤᠯ ᠡᠨᠡᠳᠭᠡᠭ ᠤᠨ ᠤᠮᠠᠷᠠᠳᠦ ᠭᠡᠰᠡᠭ ᠲᠠᠬᠢ ᠨᠢᠬᠡᠨ ᠮᠤᠩᠭᠤᠯ ᠢᠵᠠᠭᠤᠷᠳᠠᠨ ᠤ ᠦᠬᠢᠨ᠂ | ᠡᠨᠡᠳᠭᠡᠭ ᠲᠠᠬᠢ ᠮᠤᠩᠭᠤᠯ ᠸᠠᠩᠳᠦ ᠲᠦᠷᠦ ᠶᠢᠨ ᠲᠠᠪᠤᠳᠤᠭᠠᠷ ᠬᠠᠭᠠᠨ ᠱ᠊ · ᠵᠠᠭᠠᠨ ᠤ ᠬᠠᠳᠤᠨ᠃ ᠲᠡᠵᠢ ᠮᠠᠬᠠᠯ | ᠭᠡᠳᠡᠭ ᠪᠤᠯ ︽ᠬᠠᠭᠠᠨ ᠤ ᠤᠷᠳᠤᠨ ᠳᠠᠬᠢ ᠸᠠᠩ ᠤᠨ ᠲᠢᠳᠢᠮ︾ ᠭᠡᠰᠡᠨ ᠤᠳᠬ᠎ᠠ ᠲᠠᠢ ᠴᠤᠯᠠ᠃ ᠲᠡᠵᠢ ᠮᠠᠬᠠᠯ | ᠬᠠᠳᠤᠨ ᠪᠤᠯᠤᠨ ᠱ᠊ · ᠵᠠᠭᠠᠨ ᠬᠤᠶᠠᠭᠤᠯᠠ ᠠᠴᠠ ᠠᠷᠪᠠᠨ ᠲᠦᠷᠪᠡᠨ ᠭᠡᠤᠭᠡᠳ ᠲᠦᠷᠦᠬᠦᠯᠵᠦ᠂ ᠬᠠᠳᠤᠨ ᠪᠠᠷ | ᠠᠷᠪᠠᠨ ᠲᠦᠷᠪᠡᠳᠡᠬᠢ ᠬᠡᠤᠭᠡᠳ ᠢᠶᠠᠨ ᠠᠶᠠᠨ ᠲᠠᠶᠢᠨ ᠤ ᠲᠤᠮᠳᠠ ᠲᠦᠷᠦᠬᠦᠯᠬᠦ ᠬᠡᠵᠦ ᠪᠠᠶᠢᠭᠠᠳ ᠪᠡᠷᠭᠡᠳᠡᠵᠦ ᠨᠠᠰᠦ | ᠪᠠᠷᠠᠪᠠ᠃ ᠱ᠊ · ᠵᠠᠭᠠᠨ ᠬᠠᠭᠠᠨ ᠬᠠᠶᠢᠷᠠᠳᠦ ᠬᠠᠳᠤᠨ ᠢᠶᠠᠨ ᠮᠦᠷᠦᠭᠡᠳᠭᠦ ᠳᠡᠭᠡᠨ ᠡᠨᠡᠳᠭᠡᠭ ᠤᠨ ᠤᠮᠠᠷᠠᠳᠦ ᠭᠡᠰᠡᠭ | ᠤᠨ ᠶᠠᠮᠦ᠋ᠨᠠ ᠭᠤᠤᠯ ᠤᠨ ᠡᠷᠬᠢᠨ ᠳᠤ᠂ ᠬᠤᠶᠠᠷ ᠲᠦᠮᠡᠨ ᠤᠷᠠᠴᠤᠳ ᠤᠨ ᠤᠷᠤᠯᠴᠠᠯᠭ᠎ᠠ ᠲᠠᠢ ᠪᠠᠷ ᠬᠤᠷᠢᠨ | ᠬᠤᠶᠠᠷ ᠵᠢᠯ ᠤᠨ ᠤᠷᠳᠤ ᠬᠤᠭᠤᠴᠠᠭ᠎ᠠ ᠭᠡᠷᠡᠭᠯᠡᠨ ᠪᠠᠶᠢᠵᠤ᠂ ᠭᠤᠴᠢᠨ ᠵᠢᠷᠭᠤᠭᠠᠨ ᠵᠦᠢᠯ ᠤᠨ ᠬᠤᠪᠤᠷ ᠴᠤᠬᠠᠭ ᠡᠳ᠋ | ᠡᠷᠳᠡᠨᠢᠰ ᠢᠶᠠᠷ ᠬᠠᠳᠤᠨ ᠤ ᠱᠠᠷᠢᠯ ᠢ ᠪᠤᠮᠪᠠᠯᠠᠨ ᠱᠤᠭᠤᠵᠤ ︽ᠲᠡᠵᠢ ᠮᠠᠬᠠᠯ ᠤᠨ ᠪᠤᠩᠬᠤᠨ︾ ᠢ ᠪᠠᠶᠢᠭᠤᠯᠵᠤ | ᠪᠦᠳᠦᠭᠡᠵᠡᠢ᠃ | | | |