ᠰᠠᠯᠵᠤ ᠶᠠᠳᠠᠬᠤ ᠣᠨ ᠵᠢᠯ ᠤᠳ
ᠨᠡᠶᠢᠲᠡᠯᠡᠭᠰᠡᠨ ᠴᠠᠭ᠄
2020/12/10
     ︵ᠨᠠᠶᠢᠷᠠᠭᠤᠯᠤᠯ︶                   ᠪ᠊᠂  ᠰ᠊᠂ ᠪᠢᠯᠢᠭᠡᠷᠬᠢᠮ    ᠬᠢᠶᠠᠭᠳᠣ ᠭᠡᠵᠦ ᠮᠢᠨᠦ ᠲᠦᠷᠦᠭᠰᠡᠨ ᠦᠯᠦᠭᠡᠢ᠃ ᠦᠯᠢᠭᠡᠷ ᠤᠨ ᠶᠤᠮ ᠰᠢᠭ ᠬᠤᠯᠠ ᠤᠶᠢᠷ᠎ᠠ ᠳᠠᠭᠠᠨ ᠬᠤᠶᠠᠷ ᠰᠠᠶᠢᠬᠠᠨ ᠠᠯᠳᠠᠷ ᠲᠠᠢ ᠨᠣᠳᠤᠭ ᠶᠤᠮ᠃ ᠨᠢᠭᠡ ᠨᠢ ᠲᠠᠪᠤᠨ ᠡᠷᠳᠡᠨᠢ ᠰᠦᠷᠦᠭ ᠨᠢ ᠦᠷᠡᠵᠢᠭᠰᠡᠭᠡᠷ ᠪᠤᠮ ᠤᠨ ᠲᠠᠮᠠᠭ᠎ᠠ ᠲᠤᠰᠣᠭᠰᠠᠨ ᠲᠡᠦᠬᠡ ᠶᠢᠨ ᠭᠢᠯᠪᠠᠭ᠎ᠠ ᠲᠠᠢ᠂ ᠨᠦᠬᠦᠭᠡ ᠨᠢ ᠲᠡᠭᠷᠢ ᠶᠢᠨ ᠬᠡᠰᠢᠭ ᠲᠡᠯᠭᠡᠷᠡᠵᠦ ᠠᠯᠲᠠᠨ ᠤᠨᠠᠭ᠎ᠠ ᠲᠡᠭᠦᠯᠢᠭᠰᠡᠨ ᠲᠤᠮᠤᠭ ᠤ ᠣᠯᠪᠠᠭ᠎ᠠ ᠲᠠᠢ ᠪᠠᠶᠢᠵᠠᠢ᠃    ᠤᠷᠢᠳᠦ ᠬᠢᠶᠠᠭᠳᠣ ᠳᠤ ᠨᠢᠭᠡ ᠠᠰᠢᠩᠭ᠎ᠠ ᠳ᠋ᠠ ᠯᠠᠮ᠎ᠠ ᠭᠡᠳᠡᠭ ᠰᠡᠩᠰᠡᠨ ᠪᠠᠶᠠᠨ ᠪᠠᠶᠢᠪᠠ᠃ ᠠᠳᠣᠭᠤ ᠮᠠᠯ ᠨᠢ ᠪᠣᠮᠠᠨ ᠤ ᠲᠤᠭ᠎ᠠ ᠳᠠᠪᠠᠭᠰᠠᠨ ᠵᠢᠯ ᠤᠨ ᠬᠠᠪᠣᠷ ᠴᠠᠭ ᠢ ᠠᠮᠵᠢᠨ ᠨᠡᠶᠢᠰᠯᠡᠯ ᠤᠷᠤᠵᠤ ᠬᠠᠭᠠᠨ ᠡᠵᠡᠨ ᠳᠤ ᠮᠡᠳᠡᠭᠦᠯᠦᠨ ᠪᠤᠮ ᠤᠨ ᠲᠠᠮᠠᠭ᠎ᠠ ᠲᠤᠰᠬᠤ ᠪᠣᠯᠪᠠ᠃ ᠲᠤᠬᠠᠢ ᠶᠢᠨ ᠦᠶᠡᠰ ᠬᠢᠶᠠᠭᠳᠣ ᠨᠢ ᠬᠠᠰᠠᠷ ᠪᠣᠭᠳᠠ ᠶᠢᠨ ᠬᠠᠷᠢᠶ᠎ᠠ ᠪᠢᠩᠳᠦ ᠬᠤᠰᠢᠭᠤᠨ ᠳᠤ ᠪᠠᠶᠢᠭᠰᠠᠨ ᠲᠤᠯᠠ  ᠬᠤᠩᠭᠤᠷ ᠠᠪᠠᠭ᠎ᠠ ᠸᠠᠩ ᠢ ᠡᠷᠢᠵᠦ ᠡᠨᠡᠬᠦ ᠤᠴᠢᠷ ᠢᠶᠠᠨ ᠬᠡᠯᠡᠵᠡᠢ᠃ ᠵᠠᠰᠠᠭ ᠪᠠᠷᠢᠭᠰᠠᠨ ᠬᠤᠩᠭᠤᠷ ᠠᠪᠠᠭ᠎ᠠ ᠸᠠᠩ ᠪᠠᠶᠠᠰᠣᠩᠭᠤᠢ ᠵᠦᠪᠰᠢᠶᠡᠷᠡᠵᠦ ᠬᠤᠰᠢᠭᠤᠨ ᠰᠦᠮ᠎ᠡ ᠳᠤ ᠣᠩᠰᠡᠳ ᠪᠠᠭᠰᠢ ᠪᠠᠷ ᠤᠷᠢᠵᠣ ᠠᠪᠴᠢᠷᠠᠭᠰᠠᠨ ᠸᠠᠴᠢᠷᠪᠣᠶᠠᠨ ᠮᠠᠮᠠ ᠶᠢ ᠱᠠᠰᠢᠨ ᠲᠦᠷᠦ ᠬᠠᠪᠰᠣᠷᠭᠠᠭᠰᠠᠨ ᠠᠯᠪᠠᠨ ᠡᠯᠴᠢ ᠪᠠᠷ ᠲᠤᠮᠢᠯᠠᠪᠠ᠃ ᠸᠠᠴᠢᠨᠷᠪᠤᠶᠠᠨ ᠮᠠᠮᠠ ᠬᠤᠷᠢᠭᠠᠳ ᠡᠳᠦᠷ ᠵᠤᠭᠰᠤᠭ᠎ᠠ ᠵᠠᠮᠨᠠᠭᠠᠳ ᠪᠡᠭᠡᠵᠢᠩ ᠤᠷᠤᠵᠤ ᠬᠠᠭᠠᠨ ᠳᠤ ᠪᠠᠷᠠᠯᠠᠭᠰᠠᠨ ᠳᠤ ᠬᠠᠭᠠᠨ ᠡᠵᠡᠨ ᠮᠠᠯ ᠤᠨ ᠬᠢᠨ ᠲᠤᠭ᠎ᠠ ᠲᠤᠯᠤᠭᠠᠢ ᠶᠢ ᠠᠰᠠᠭᠤᠭᠰᠠᠨ ᠦᠭᠡᠢ ᠬᠠᠷᠢᠨ ︿︿ᠠᠳᠣᠭᠤᠨ  ᠳᠤ  ᠴᠢᠨᠢ ᠨᠤᠭᠤᠭᠠᠨ ᠤᠨᠠᠭ᠎ᠠ ᠤᠨᠠᠭᠠᠯᠠᠪᠠ ᠦᠦ︖﹀﹀ ᠭᠡᠵᠦ ᠠᠯᠲᠠᠨ ᠠᠮᠠ ᠨᠡᠬᠡᠭᠡᠪᠡ᠃ ᠸᠠᠴᠢᠷᠪᠣᠶᠠᠨ ᠮᠠᠮᠠ ᠠᠶᠤᠵᠤ ᠪᠠᠴᠢᠮᠳᠠᠬᠤ ᠲᠠᠪᠬᠤᠴᠠᠬᠤ ᠶᠢᠨ ᠡᠷᠬᠡᠨ ᠳᠤ  ᠬᠡᠯᠡᠬᠦ ᠦᠭᠡ ᠣᠯᠳᠠᠬᠤ ᠪᠠᠨ ᠪᠠᠶᠢᠵᠤ ᠰᠢᠭᠤᠳ ︿︿ᠨᠤᠭᠤᠭᠠᠨ ᠤᠨᠠᠭ᠎ᠠ ᠭᠠᠷᠤᠭ᠎ᠠ ᠦᠭᠡᠢ ᠪᠠᠶᠢᠭᠰᠠᠭᠠᠷ﹀﹀ ᠭᠡᠵᠦ ᠬᠠᠯᠠᠭᠤᠨ ᠬᠦᠢᠳᠡᠨ ᠨᠢ ᠬᠠᠷᠢᠴᠠᠩᠭᠤᠢ ᠲᠡᠩᠴᠡᠬᠦᠦ ᠲᠥᠪ ᠲᠤᠮᠲᠠ ᠶᠢᠨ ᠤᠬᠠᠭᠠᠨ ᠲᠠᠢ ᠬᠠᠷᠢᠭᠤᠯᠤᠭᠰᠠᠨ ᠪᠠᠶᠢᠯ᠎ᠠ᠃ ᠲᠡᠭᠡᠵᠦ ᠡᠵᠡᠨ ᠳᠦᠷᠦ ᠶᠢᠨ ᠶᠡᠭᠡ ᠬᠠᠭᠠᠨᠲᠠᠨ ᠰᠣᠨᠣᠰᠣᠶ᠎ᠠ ᠬᠡᠮᠡᠨ ᠬᠦᠯᠢᠶᠡᠵᠦ ᠤᠳᠠᠭᠰᠠᠨ ᠦᠭᠡ ᠪᠠᠨ ᠣᠯᠵᠤ ᠰᠣᠨᠣᠰᠴᠤ ᠲᠡᠶᠢᠯᠦᠭᠰᠡᠨ ᠦᠭᠡᠢ ᠪᠣᠯᠤᠭᠠᠳ ᠪᠡᠶ᠎ᠡ ᠥᠭᠡᠳᠡᠯᠡᠨ ᠬᠤᠷᠮᠤᠢ  ᠡᠷᠭᠦᠭᠰᠡᠭᠡᠷ ᠴᠠᠰᠢ ᠡᠷᠭᠢᠵᠦ ᠶᠠᠪᠤᠪᠠ᠃     ᠸᠠᠴᠢᠷᠪᠣᠶᠠᠨ ᠮᠠᠮᠠ ᠶᠢ ᠰᠢᠯᠢᠵᠦ ᠶᠠᠪᠤᠭᠤᠯᠤᠭᠰᠠᠨ ᠬᠤᠩᠭᠤᠷ ᠠᠪᠠᠭ᠎ᠠ ᠸᠠᠩ ᠭᠤᠷᠪᠠᠨ ᠤᠴᠢᠷ ᠢ ᠪᠤᠳᠣᠯᠬᠢᠯᠠᠵᠠᠢ᠃ ᠨᠢᠭᠡ ᠳᠤ ᠸᠠᠴᠢᠷᠪᠣᠶᠠᠨ ᠮᠠᠮᠠ ᠭᠠᠵᠠᠷ ᠦᠵᠡᠵᠦ ᠨᠢᠳᠦ ᠨᠡᠬᠡᠭᠡᠭᠰᠡᠨ   ᠬᠦᠮᠦᠨ ᠪᠣᠯᠬᠤᠷ ᠠᠶᠠᠨ ᠵᠠᠮ ᠳᠤ ᠨᠡᠪᠲᠡᠷᠭᠡᠢ᠃ ᠬᠤᠶᠠᠷ ᠲᠤ ᠰᠦᠮ᠎ᠡ ᠳᠤ ᠰᠠᠭᠤᠨ ᠰᠠᠬᠢᠯ ᠠᠪᠴᠤ ᠪᠤᠶᠠᠨ ᠤ ᠦᠢᠯᠡ ᠳᠤ ᠵᠣᠷᠢᠭᠰᠠᠨ ᠪᠣᠯᠬᠤᠷ ᠬᠤᠳᠠᠯ ᠵᠢᠰᠦᠷ ᠦᠭᠡᠢ᠃ ᠭᠤᠷᠪᠠ ᠳᠤ ᠱᠠᠰᠢᠨ ᠲᠦᠷᠦ ᠶᠢ ᠬᠤᠯᠪᠤᠵᠤ ᠬᠠᠷ᠎ᠠ ᠰᠢᠷ᠎ᠠ ᠶᠢ ᠬᠢᠴᠢᠶᠡᠩᠭᠦᠶᠢᠯᠡᠭᠰᠡᠨ ᠨᠢ ᠯᠡᠪᠳᠠᠢ ᠬᠠᠭᠠᠨ ᠲᠥᠷᠦ ᠶᠢᠨ   ᠬᠠᠯᠠᠮᠵᠢ ᠲᠠᠭᠠᠰᠢᠶᠠᠯ ᠳᠤ ᠲᠤᠰᠬᠤ ᠪᠤᠯᠪᠠᠣ ᠬᠡᠮᠡᠨ ᠭᠦᠨᠵᠡᠭᠡᠢ ᠰᠡᠳᠭᠢᠵᠡᠢ᠃ ᠭᠡᠳᠡᠯ᠎ᠡ ᠲᠡᠭᠷᠢ ᠭᠠᠵᠠᠷ ᠤᠨ ᠰᠣᠨᠢᠨ ᠭᠠᠶᠢᠬᠠᠯᠳᠠᠢ ᠤᠴᠢᠷ ᠶᠠᠪᠤᠳᠠᠯ ᠭᠡᠳᠡᠭ ᠨᠢ ᠬᠡᠵᠢᠶᠡᠳᠡ ᠬᠦᠮᠦᠨ ᠠᠮᠢᠲᠠᠨ ᠤ ᠰᠠᠨᠠᠭᠰᠠᠨ ᠠᠴᠠ ᠭᠠᠳᠠᠭᠤᠷ ᠤᠷᠪᠠᠵᠣ ᠲᠤᠰᠤᠭᠠᠳ ᠪᠠᠶᠢᠳᠠᠭ ᠨᠢ ᠮᠦᠨ ᠪᠠᠰᠠ ᠰᠣᠨᠢᠨ ᠤ ᠲᠤᠲᠤᠷᠠᠬᠢ ᠲᠠᠩᠴᠤ ᠨᠢᠭᠡ ᠰᠣᠨᠢᠨ ᠪᠠᠶᠢᠳᠠᠭ ᠶᠤᠮ᠃      ᠸᠠᠴᠢᠷᠪᠣᠶᠠᠨ ᠮᠠᠮᠠ ᠭᠠᠷᠴᠤ ᠶᠠᠪᠣᠭᠠᠳ ᠶᠠᠭ ᠬᠠᠭᠠᠨ ᠡᠵᠡᠨ ᠳᠤ ᠵᠣᠯᠭᠠᠬᠤ ᠪᠤᠯᠤᠭᠰᠠᠨ ᠲᠡᠷᠡ ᠡᠳᠦᠷ ᠤᠨ ᠬᠢᠩᠭᠠᠨ ᠦᠦᠷ ᠢᠶᠠᠷ ᠠᠰᠢᠩᠭ᠎ᠠ ᠳ᠋ᠠ ᠯᠠᠮ᠎ᠠ ᠶᠢᠨ ᠠᠳᠤᠭᠤᠨ ᠵᠤᠰᠠᠭᠠᠯ ᠰᠢᠷ᠎ᠠ ᠬᠤᠸᠠᠷ ᠤᠨ ᠲᠠᠯ᠎ᠠ ᠶᠢᠨ ᠵᠡᠭᠦᠨ ᠡᠮᠦᠨ᠎ᠡ ᠡᠩᠭᠡᠷ ᠲᠤ ᠨᠢᠭᠡ ᠭᠢᠯᠳᠤᠭᠢᠨᠠᠮ᠎ᠠ ᠰᠠᠶᠢᠬᠠᠨ ᠲᠦᠭᠦᠷᠡᠩ ᠬᠡᠪᠡᠯᠢ ᠲᠠᠢ ᠬᠤᠯᠤᠰᠣᠨ ᠰᠢᠷᠭ᠎ᠠ ᠭᠡᠬᠦᠦ ᠨᠤᠭᠤᠭᠠᠨ ᠤᠨᠠᠭ᠎ᠠ ᠤᠨᠠᠭᠠᠯᠠᠭᠰᠠᠨ ᠪᠠ ᠲᠦᠩᠭᠡᠵᠢ ᠰᠠᠶ᠋ᠢ ᠭᠠᠵᠠᠷ ᠬᠢᠰᠭᠢᠭᠰᠡᠨ ᠨᠢᠯᠬ᠎ᠠ ᠤᠨᠠᠭ᠎ᠠ ᠨᠢ ᠵᠠᠬ᠎ᠠ ᠠᠴᠠ ᠪᠠᠨ ᠵᠠᠳᠠᠷᠠᠨ ᠪᠦᠬᠦᠢ ᠦᠦᠷ ᠤᠨ ᠬᠢᠷᠠᠭ᠎ᠠ ᠶᠢ ᠵᠢᠭᠦᠷᠯᠡᠨ ᠪᠡᠶ᠎ᠡ ᠠᠴᠠ ᠪᠠᠨ ᠣᠭ᠍ᠶᠦ ᠨᠤᠭᠤᠭᠠᠨ ᠭᠡᠷᠡᠯ ᠰᠴᠤᠷᠠᠭᠤᠯᠤᠨ ᠵᠡᠷᠢᠮ ᠳᠠᠭᠠᠨ ᠨᠢᠰᠴᠦ ᠪᠠᠶᠢᠭ᠎ᠠ ᠮᠡᠳᠦ ᠦᠨᠳᠦᠷ ᠠᠭᠠᠷ ᠲᠤ ᠲᠡᠭᠦᠯᠢᠨ ᠤᠷᠤᠵᠤ ᠵᠠᠷᠢᠮ ᠳᠠᠭᠠᠨ ᠲᠠᠯ᠎ᠠ ᠶᠢᠨ ᠭᠤᠣᠯ ᠢᠶᠠᠷ ᠵᠡᠷᠭᠡᠯᠭᠡᠨ ᠲᠠᠲᠠᠭᠤᠯᠤᠨ ᠲᠤᠭᠯᠠᠵᠤ ᠪᠠᠶᠢᠭᠰᠠᠭᠠᠷ ᠭᠡᠨᠡᠳᠲᠡ ᠪᠠᠭ᠎ᠠ ᠦᠳᠡ ᠪᠣᠯᠬᠤ ᠦᠶᠡᠰ ᠢᠶᠠᠷ  ︿︿ᠲᠦᠱ᠂ ᠲᠠᠱ﹀﹀ ᠭᠡᠰᠡᠨ ᠨᠦᠰᠡᠷ ᠬᠦᠨᠳᠦ ᠲᠠᠭᠤᠨ ᠴᠠᠬᠢᠯᠤᠨ ᠡᠬᠢᠯᠡᠵᠦ  ᠨᠤᠭᠤᠭᠠᠨ ᠤᠨᠠᠭ᠎ᠠ ︿︿ᠫᠦᠰ﹀﹀ ᠭᠡᠲᠡᠯ᠎ᠡ ᠭᠠᠵᠠᠷ ᠲᠤᠩᠭᠤᠷᠴᠣᠭᠯᠠᠨ ᠤᠨᠠᠭᠠᠳ ᠦᠰᠦ ᠨᠢ ᠵᠣᠯᠭᠠᠷᠠᠵᠤ ᠬᠡᠶᠢᠰᠦᠭᠰᠡᠭᠡᠷ ᠬᠤᠷᠣᠮᠬᠠᠨ ᠵᠠᠭᠤᠷ᠎ᠠ ᠪᠦᠬᠦ ᠪᠡᠶ᠎ᠡ ᠨᠢ ᠬᠠᠶᠢᠯᠵᠤ ᠠᠯᠭ᠎ᠠ ᠪᠤᠯᠵᠠᠢ᠃ ᠥᠨᠥᠬᠢ ᠴᠠᠭ  ᠮᠦᠴᠡ ᠨᠢ ᠶᠠᠭ ᠰᠠᠶᠢᠬᠠᠨ ᠸᠠᠴᠢᠷᠪᠣᠶᠠᠨ ᠮᠠᠮᠠ ᠶᠢᠨ ᠬᠠᠭᠠᠨ ᠡᠵᠡᠨ ᠳᠤ ︿︿ᠠᠳᠣᠭᠤᠨ ᠰᠦᠷᠦᠭ ᠲᠤ ᠨᠤᠭᠤᠭᠠᠨ ᠤᠨᠠᠭ᠎ᠠ ᠬᠠᠷᠠᠬᠠᠨ ᠭᠠᠷᠤᠭ᠎ᠠ ᠦᠭᠡᠢ ᠪᠠᠶᠢᠭᠰᠠᠭᠠᠷ﹀﹀ ᠭᠡᠵᠦ ᠬᠡᠯᠡᠭᠰᠡᠨ ᠴᠠᠭ ᠲᠠᠢ ᠶᠠᠪ ᠴᠠᠪ ᠨᠢᠭᠡ ᠮᠦᠴᠡ ᠲᠡᠭᠡᠷ᠎ᠡ ᠠᠮᠠ ᠰᠡᠭᠡᠷ ᠵᠣᠯᠭᠠᠵᠤ ᠡᠬᠢ ᠠᠳᠠᠭ ᠲᠠᠪᠬᠤᠴᠠᠨ ᠲᠠᠭᠠᠷᠠᠵᠠᠢ᠃      ᠸᠠᠴᠢᠷᠪᠣᠶᠠᠨ ᠮᠠᠮᠠ ᠠᠷᠪᠠᠭᠠᠳ ᠡᠳᠦᠷ ᠬᠦᠯᠢᠶᠡᠵᠦ ᠰᠠᠭᠤᠭᠰᠠᠭᠠᠷ ᠰᠡᠭᠦᠯ ᠳᠡᠭᠡᠨ ᠬᠠᠭᠠᠨ ᠰᠠᠩ ᠤᠨ ᠠᠯᠲᠠᠨ ᠲᠠᠮᠠᠭ᠎ᠠ ᠪᠢᠰᠢ ᠨᠢᠭᠡᠨ ᠮᠤᠩᠭᠤᠯ᠂ ᠮᠠᠨᠵᠤ᠂ ᠬᠢᠲᠡᠳ ᠭᠤᠷᠪᠠᠨ ᠮᠦᠷ ᠦᠰᠦᠭ ᠲᠠᠢ ᠬᠦᠷᠡᠯ ᠲᠠᠮᠠᠭ᠎ᠠ ᠶᠢ ᠲᠤᠰᠴᠣ ᠣᠯᠤᠭᠠᠳ ᠮᠦᠨ ᠡᠳᠦᠷ ᠰᠦᠨᠢ ᠦᠭᠡᠢ ᠪᠤᠴᠠᠵᠤ ᠭᠦᠶᠦᠭᠰᠡᠭᠡᠷ ᠬᠠᠷᠢᠭᠠᠳ ᠢᠷᠡᠵᠡᠢ᠃ ᠬᠤᠩᠭᠤᠷ ᠠᠪᠠᠭ᠎ᠠ ᠸᠠᠩ ᠲᠠᠮᠠᠭ᠎ᠠ ᠶᠢ ᠨᠢ ᠬᠤᠰᠢᠭᠤ ᠵᠠᠰᠠᠭ ᠲᠠᠭᠠᠨ ᠬᠤᠴᠤᠷᠭᠠᠵᠤ ᠠᠪᠤᠭᠰᠠᠨ ᠪᠠ ᠨᠢᠭᠡ ᠪᠤᠰᠤᠭᠠᠯᠵᠢᠨ ᠴᠢᠯᠠᠭᠤᠨ ᠲᠡᠭᠡᠷ᠎ᠡ ︿︿ᠠᠯᠲᠠᠨ ᠤᠨᠠᠭ᠎ᠠ ᠲᠡᠭᠦᠯᠢᠭᠰᠡᠨ ᠠᠷᠢᠭᠤᠨ ᠲᠠᠭᠰᠢᠨ ᠨᠣᠳᠤᠭ﹀﹀ ᠭᠡᠰᠡᠨ ᠰᠢᠷ᠎ᠠ ᠠᠯᠲᠠᠨ ᠦᠰᠦᠭ ᠰᠡᠶᠢᠯᠦᠨ ᠠᠰᠢᠩᠭ᠎ᠠ ᠳ᠋ᠠ ᠯᠠᠮ᠎ᠠ ᠶᠢᠨ ᠠᠳᠣᠭᠤᠨ ᠪᠡᠯᠴᠢᠭᠡᠷ ᠰᠢᠷ᠎ᠠ ᠬᠤᠸᠠᠷ ᠤᠨ ᠲᠠᠯ᠎ᠠ ᠶᠢᠨ ᠪᠠᠷᠠᠭᠤᠨ ᠬᠤᠶᠢᠳᠦ ᠪᠡᠶ᠎ᠡ ᠳᠤ ᠪᠤᠰᠬᠠᠵᠤ ᠲᠠᠯᠪᠢᠪᠠ᠃ ᠲᠡᠭᠦᠨ ᠠᠴᠠ ᠡᠬᠢᠯᠡᠵᠦ ᠤᠤᠯ ᠤᠨ ᠲᠡᠷᠡᠬᠦ ᠰᠢᠷ᠎ᠠ ᠬᠤᠸᠠᠷ ᠤᠨ ᠲᠠᠯ᠎ᠠ ᠭᠡᠳᠡᠭ ᠨᠢ ᠪᠢᠴᠢᠭᠳᠦ ᠶᠢᠨ ᠲᠠᠯ᠎ᠠ ᠪᠣᠯᠵᠤ ᠳᠠᠭᠤᠳᠠᠭᠰᠠᠭᠠᠷ ᠣᠳᠣ ᠪᠤᠯᠵᠠᠢ᠃ ᠲᠡᠷᠡᠬᠦ ᠲᠤᠮᠤᠭ ᠦᠨᠡᠨ ᠤ ᠲᠤᠮᠳᠠᠬᠢ ᠴᠢᠯᠠᠭᠤᠨ ᠱᠤᠱᠢᠭ᠎ᠠ ᠨᠢ ᠰᠣᠶᠣᠯ ᠤᠨ ᠬᠤᠪᠢᠰᠬᠠᠯ ᠪᠤᠯᠲᠠᠯ᠎ᠠ ᠲᠡᠨᠳᠡ ᠪᠠᠨ ᠬᠠᠭᠠᠰ ᠨᠢ ᠪᠤᠯᠠᠭᠳᠠᠵᠤ ᠬᠠᠭᠠᠰ ᠨᠢ ᠪᠣᠯᠲᠠᠶᠢᠵᠤ ᠪᠠᠶᠢᠭᠰᠠᠭᠠᠷ ᠰᠡᠭᠦᠯ ᠳᠡᠭᠡᠨ ᠤᠬᠠᠭᠠᠨ ᠬᠦᠯ ᠨᠢ ᠤᠯᠳᠠᠬᠤ ᠦᠭᠡᠢ ᠬᠦᠮᠦᠨ ᠠᠮᠢᠲᠠᠨ ᠤ ᠨᠢᠳᠦᠨ ᠳᠠᠯᠳᠠ ᠠᠷᠢᠯᠤᠭᠰᠠᠨ ᠪᠠᠶᠢᠯ᠎ᠠ᠃      ᠥᠨᠥᠬᠡᠨ ᠦᠭᠡᠷᠡᠴᠢᠯᠡᠯᠲᠡ ᠨᠡᠬᠡᠭᠡᠯᠳᠡ ᠪᠤᠯᠲᠠᠯ᠎ᠠ ᠬᠢᠶᠠᠭᠳᠣ ᠳᠤ ᠲᠦᠷᠪᠠᠨ ᠠᠵᠢᠷᠠᠭ᠎ᠠ ᠠᠳᠣᠭᠤ ᠪᠠᠶᠢᠭᠰᠠᠨ ᠤ ᠨᠢᠭᠡ ᠶᠢ ᠮᠠᠨ ᠤ ᠪᠠᠷᠠᠭᠤᠨ ᠬᠦᠷᠰᠢ ᠶᠢᠨ ᠬᠢ ᠠᠶᠤᠤᠷᠳᠠᠷ᠎ᠠ ᠠᠪᠠᠭ᠎ᠠ ᠬᠠᠷᠢᠭᠤᠯᠳᠠᠭ ᠪᠠᠶᠢᠯ᠎ᠠ᠃ ᠲᠡᠷᠡ ᠤᠷᠭᠠᠨ ᠵᠡᠭᠡᠷᠳᠡ ᠪᠠᠨ ᠣᠨᠤᠵᠣ ᠤᠰᠤ ᠨᠣᠳᠤᠭ ᠤᠨ ᠴᠢᠮᠡᠭ ᠪᠣᠯᠵᠤ ᠣᠮᠣᠭᠯᠠᠨ ᠲᠠᠪᠬᠢᠭᠤᠯᠬᠤ ᠳᠠᠭᠠᠨ ᠵᠠᠷᠢᠮ ᠳᠠᠭᠠᠨ ᠪᠠᠰᠠ ᠪᠤᠰᠤᠭ᠎ᠠ ᠯᠠᠷᠵᠠ ᠲᠠᠲᠠᠨ ᠬᠠᠯᠵᠠᠨ ᠴᠠᠪᠢᠲᠡᠷ ᠬᠦᠳᠦᠯᠦᠭᠡ ᠲᠠᠢ ᠶᠠᠪᠤᠳᠠᠭ ᠢ ᠨᠢ ᠠᠶᠢᠯ ᠤᠰᠣᠨ ᠤ ᠬᠢᠨ ᠠᠲᠠᠭ᠎ᠠ ᠬᠦᠷᠦᠭᠡᠳ ᠴᠤ ᠲᠡᠷᠡ ᠶᠤᠮ ᠦᠦ︖ ᠡᠰᠡᠭᠦᠯ᠎ᠡ ᠠᠷᠭ᠎ᠠ ᠦᠭᠡᠢ ᠬᠥᠭᠡᠷᠴᠦ ᠭᠠᠷᠳᠠᠭ ᠨᠢ ᠴᠤ ᠲᠡᠶᠢᠮᠦ ᠶᠤᠮ ᠦᠦ︖ ᠠᠮᠠᠨ ᠪᠡᠯᠭᠡ ᠨᠡᠮᠡᠵᠡᠭᠡᠨ ︿︿ᠮᠠᠨ ᠤ ᠠᠶᠤᠤᠷᠳᠠᠷ᠎ᠠ ᠴᠢᠨᠢ ᠰᠦᠮ᠎ᠡ ᠠᠴᠠ ᠭᠤᠶᠣᠵᠤ ᠤᠯᠤᠭᠰᠠᠨ ᠨᠡᠷ᠎ᠡ ᠪᠠᠨ ᠮᠠᠷᠲᠠᠴᠢᠬᠠᠭᠠᠳ ᠤᠷᠤᠭ᠎ᠠ ᠨᠢ ᠨᠠᠮᠵᠢᠭᠠᠳᠤᠢ ᠬᠢᠵᠠᠭᠠᠯᠠᠩ ᠠᠵᠢᠷᠭ᠎ᠠ ᠳᠠᠭᠠᠨ ᠰᠢᠤᠬᠠᠨ ᠰᠠᠯᠬᠢ ᠰᠡᠶᠢᠭᠡᠭᠦᠯᠵᠦ ᠯᠠ ᠶᠠᠪᠤᠨ᠎ᠠ ᠬᠦᠢ﹀﹀ ᠭᠡᠵᠦ ᠱᠤᠬᠤᠷᠬᠠᠨ ᠬᠡᠯᠡᠯᠴᠡᠳᠡᠭ ᠪᠠᠶᠢᠭᠰᠠᠨ ᠢ ᠪᠢ ᠤᠯᠠᠨ ᠤᠳᠠᠭ᠎ᠠ ᠣᠯᠵᠤ ᠰᠣᠨᠣᠰᠳᠠᠭ ᠪᠠᠶᠢᠵᠠᠢ᠃ ᠭᠡᠪᠡᠴᠦ ᠬᠡᠨ ᠨᠢᠭᠡ ᠨᠢ ᠶᠠᠭᠠᠬᠢᠵᠣ ᠡᠶᠢᠵᠦ ᠬᠡᠯᠡᠭᠰᠡᠨ ᠢ ᠨᠢ ᠶᠠᠮᠠᠷᠴᠤ ᠶᠠᠭᠤᠮ᠎ᠠ ᠳᠤ ᠪᠤᠳᠣᠳᠠᠭ ᠦᠭᠡᠢ ᠠᠶᠤᠤᠷᠳᠠᠷ᠎ᠠ ᠠᠪᠠᠭ᠎ᠠ ᠮᠠᠨᠢ ᠮᠦᠨ ᠯᠡ ᠤᠰᠣᠨ ᠵᠢᠷᠤᠭ᠎ᠠ ᠬᠠᠶᠠᠯᠠᠭᠰᠠᠨ ᠤᠷᠭᠠᠨ ᠵᠡᠭᠡᠷᠳᠡ ᠳᠡᠭᠡᠨ ᠮᠦᠩᠭᠦᠨ ᠪᠤᠯᠬᠢᠶᠠᠰᠣ ᠲᠠᠢ ᠽᠠᠨᠳᠠᠨ ᠡᠮᠡᠭᠡᠯ ᠶᠤᠮ ᠭᠡᠳᠡᠭ ᠢᠶᠠᠨ ᠲᠤᠬᠤᠵᠤ ᠲᠡᠭᠡᠷ᠎ᠡ ᠨᠢ ᠡᠷ᠎ᠡ ᠠᠯᠠᠭ ᠪᠦᠷᠭᠦᠳ ᠬᠡᠮᠡᠷ ᠪᠠᠶᠠᠨ ᠪᠠᠷᠳᠠᠮ ᠦᠨᠳᠡᠶᠢᠯᠵᠡᠩᠬᠡᠨ ᠦᠨᠳᠦᠷ ᠰᠠᠶᠢᠬᠠᠨ ᠬᠤᠰᠣᠨ ᠤᠷᠭ᠎ᠠ ᠪᠠᠨ ᠲᠣᠬᠤᠶᠢᠯᠠᠭᠰᠠᠭᠠᠷ ᠬᠠᠩᠭᠠᠢ  ᠶᠢᠨ ᠰᠠᠯᠬᠢ ᠢᠰᠭᠢᠷᠤᠭᠦᠯᠦᠨ ᠬᠠᠯᠬᠢᠶᠠᠨ ᠵᠡᠷᠭᠡᠯᠭᠡᠨ ᠮᠡᠳᠦ ᠵᠢᠷᠪᠡᠯᠵᠡᠭᠦᠯᠦᠨ ᠬᠤᠯᠠᠳᠠᠨ᠎ᠠ᠃      ᠠᠳᠣᠭᠤ ᠪᠠᠷ ᠢᠶᠠᠨ ᠤᠮᠤᠷᠬᠠᠭ ᠭᠠᠵᠠᠷ ᠤᠨ ᠬᠦᠮᠦᠰ ᠭᠡᠳᠡᠭ ᠠᠳᠣᠭᠤᠨ ᠳᠠᠭᠠᠨ ᠯᠡ ᠰᠦᠷ ᠪᠤᠰᠳᠠᠭ ᠨᠢ ᠶᠤᠰᠤᠳᠠᠢ ᠨᠢᠭᠡ ᠶᠢᠷᠳᠢᠨᠴᠦ ᠶᠢᠨ ᠪᠠᠭ᠋ᠠᠷᠬᠠᠯ ᠪᠠᠶᠢᠵᠤ ᠶᠤᠮᠰᠠᠨ᠃ ᠬᠠᠪᠤᠷ ᠤᠨ ᠤᠷᠢᠬᠠᠨ ᠤᠷᠣᠵᠤ ᠮᠠᠩᠬᠠᠨ ᠨᠦᠮᠦᠷᠢ ᠶᠢᠨ ᠬᠥᠬᠡ ᠨᠤᠭᠤᠭ᠎ᠠ ᠨᠢᠳᠦ ᠲᠦᠯᠬᠢᠵᠦ ᠡᠬᠢᠯᠡᠭᠰᠡᠨ    ᠰᠠᠶᠢᠬᠠᠨ ᠲᠤᠩᠭᠠᠯᠠᠭ ᠡᠳᠦᠷ ᠢ ᠰᠣᠩᠭᠤᠨ ᠦᠷᠢᠶ᠎ᠠ ᠲᠠᠭ᠎ᠠ ᠪᠠᠨ ᠲᠠᠮᠠᠭᠠᠯᠠᠵᠤ ᠠᠲᠣᠭᠤ   ᠳᠡᠯᠯᠡᠵᠦ ᠦᠢᠮᠡᠯᠳᠦᠳᠡᠭ ᠪᠠᠶᠢᠯ᠎ᠠ᠃ ᠲᠡᠭᠡᠵᠦ ᠠᠶᠤᠤᠷᠳᠠᠷ᠎ᠠ ᠠᠪᠠᠭ᠎ᠠ ᠰᠦᠷᠦᠭ ᠲᠠᠢ ᠠᠳᠣᠭᠤ ᠪᠠᠨ ᠲᠤᠭᠤᠰᠤ ᠮᠠᠨᠠᠷᠠᠭᠤᠯᠤᠨ ᠲᠠᠭᠤᠭᠰᠠᠭᠠᠷ ᠠᠶᠢᠯ ᠤᠨ ᠣᠪᠤᠭᠠᠨ ᠡᠮᠦᠨᠡᠬᠢ ᠲᠡᠭᠰᠢ ᠲᠠᠯ᠎ᠠ  ᠳᠤ ᠪᠦᠭᠡᠮᠨᠡᠷᠡᠭᠦᠯᠦᠨ ᠠᠪᠴᠢᠷᠠᠬᠤ ᠦᠶᠡᠰ ᠢᠳᠡ ᠤᠷ᠎ᠠ ᠲᠡᠩᠴᠡᠭᠰᠡᠨ ᠢᠳᠡᠷ ᠵᠠᠯᠠᠭᠤᠴᠤᠳ ᠦᠪᠡᠷ ᠢ ᠪᠠᠨ ᠭᠠᠶᠢᠬᠠᠭᠤᠯᠬᠤ ᠦᠭᠡᠳᠡ ᠲᠠᠢ ᠵᠠᠪᠰᠢᠶᠠᠨ ᠣᠯᠵᠤ ᠦᠷᠢᠶ᠎ᠠ ᠣᠷᠠᠭᠠᠯᠠᠨ ᠳᠠᠭ᠎ᠠ ᠰᠡᠭᠦᠯᠳᠦᠵᠦ ᠡᠷ᠎ᠡ ᠬᠦᠮᠦᠨ ᠤ ᠡᠷᠬᠢᠮᠰᠦᠭ ᠢ ᠭᠠᠶᠢᠬᠠᠭᠤᠯᠵᠤ ᠭᠠᠷᠤᠨ᠎ᠠ᠃ ᠨᠠᠰᠤ ᠭᠦᠢᠴᠡᠭᠰᠡᠨ ᠦᠷᠢᠶ᠎ᠠ ᠳᠠᠭ᠎ᠠ ᠨᠤᠭᠤᠳ ᠭᠦᠵᠦᠭᠦᠨ ᠳᠡᠭᠡᠨ ᠤᠷᠭ᠎ᠠ ᠬᠠᠶᠠᠭᠤᠯᠬᠤ ᠦᠭᠡᠢ ᠬᠡᠮᠡᠨ ᠬᠦᠨᠳᠡᠢ ᠲᠠᠯ᠎ᠠ ᠪᠠᠷ ᠵᠢᠷᠡᠶᠢᠲᠡᠯ᠎ᠡ ᠭᠠᠷᠴᠤ ᠭᠦᠶᠦᠭᠡᠳ ᠵᠠᠯᠠᠭᠤ ᠡᠮᠨᠡᠭᠴᠢᠳ ᠤᠨ ᠬᠦᠴᠦ ᠤᠬᠠᠭᠠᠨ ᠢ ᠰᠢᠯᠭᠠᠨ ᠲᠠᠮᠢᠷ ᠲᠤᠷᠪᠢ ᠲᠠᠢ ᠨᠢ ᠬᠡᠯᠡᠯᠴᠡᠨ᠎ᠡ᠃ ᠭᠡᠪᠡᠴᠦ ᠡᠴᠦᠰ ᠲᠡᠭᠡᠨ ᠬᠠᠰᠢᠯ᠎ᠠ ᠲᠠᠯ᠎ᠠ ᠲᠠᠯ᠎ᠠ ᠠᠴᠠ ᠨᠢ ᠬᠠᠷᠠᠭ᠎ᠠ ᠬᠦᠷᠦᠭᠦᠯᠵᠦ ᠤᠬᠠᠭᠠᠨ ᠳᠡᠮ ᠰᠤᠷᠢᠭᠰᠠᠨ ᠵᠠᠯᠠᠭᠤᠴᠤᠳ ᠤᠨ ᠤᠷᠭᠠᠨ ᠳᠤ ᠣᠷᠣᠵᠤ ᠪᠠᠷᠢᠭᠳᠠᠭᠠᠳ ᠬᠠᠷ᠎ᠠ ᠠᠷᠭᠠᠯ ᠤᠨ ᠲᠦᠯᠦ ᠳᠤ ᠤᠯᠠᠶᠢᠯᠭᠠᠵᠤ ᠭᠦᠢᠴᠡᠭᠰᠡᠨ ᠲᠠᠪᠬᠤᠷ ᠵᠢᠭᠠᠰᠤᠨ ᠲᠠᠮᠠᠭ᠎ᠠ ᠪᠠᠷ ᠪᠦᠳᠦᠭᠦᠨ ᠲᠠᠰᠢᠶᠠᠨ ᠲᠡᠭᠡᠷ᠎ᠡ ᠪᠠᠨ ᠬᠥᠷᠡᠩ ᠤᠲᠤᠭ᠎ᠠ ᠰᠣᠨᠣᠯᠵᠠᠲᠠᠯ᠎ᠠ ᠲᠠᠮᠠᠭᠠᠭᠤᠯᠤᠨ ᠭᠠᠷᠴᠤ  ᠪᠤᠰᠴᠣ ᠭᠦᠶᠦᠳᠡᠭ ᠪᠢᠯᠡ᠃      ᠬᠠᠮᠤᠭ ᠰᠡᠭᠦᠯ ᠳᠤᠨᠢ ᠬᠡᠨ ᠴᠤ ᠤᠷᠭᠠᠯᠠᠭᠠᠳ ᠭᠤᠷᠢ ᠪᠠᠶᠢᠭᠰᠠᠨ ᠦᠭᠡᠢ ᠠᠷᠳᠠᠭ ᠬᠤᠴᠤᠷᠤᠭᠰᠠᠨ ᠨᠢᠭᠡ ᠶᠢ  ᠨᠢ ᠠᠶᠤᠤᠷᠳᠠᠷ᠎ᠠ ᠠᠪᠠᠭ᠎ᠠ ︿︿ᠲᠠᠨ ᠤ ᠮᠠᠭᠤ ᠰᠠᠶᠢᠨ ᠵᠠᠯᠠᠭᠤᠴᠤᠳ ᠵᠦᠭᠡᠷ ᠨᠢᠭᠡ ᠮᠠᠶ᠋ᠢᠭᠯᠠᠬᠤ ᠨᠢ ᠪᠠᠶᠢᠪᠠᠴᠣ ᠬᠠᠰᠢᠯ᠎ᠠ ᠮᠢᠨᠦ ᠮᠠᠭᠤ ᠬᠥᠬᠡ ᠡᠪᠦᠭᠡᠨ ᠳᠤ ᠬᠦᠷᠬᠦ ᠦᠭᠡᠢ ᠶᠤᠮ ᠪᠠᠶᠢᠨ᠎ᠠ᠃ ᠤᠷᠭ᠎ᠠ ᠭᠡᠳᠡᠭ ᠢ ᠴᠢᠨᠢ ᠢᠩᠬᠢᠵᠦ ᠬᠠᠶᠠᠬᠤ ᠠᠴᠠ ᠪᠢᠰᠢ ᠲᠡᠭᠡᠵᠦ ᠰᠢᠲᠡᠲᠡᠭ ᠶᠠᠭᠤᠮ᠎ᠠ ᠶᠤᠮ ᠦᠦ︖﹀﹀ ᠭᠡᠭᠰᠡᠭᠡᠷ ᠬᠤᠶᠠᠷ ᠠᠯᠠᠭᠠᠨ ᠳᠠᠭᠠᠨ ᠠᠮᠠᠨ ᠤ ᠨᠤᠯᠮᠣᠰᠣ ᠪᠠᠨ ᠰᠢᠷ ᠭᠡᠳᠡᠯ᠎ᠡ ᠨᠤᠯᠮᠤᠨ ᠨᠣᠷᠠᠭᠠᠵᠤ ᠤᠷᠭᠠᠨ ᠵᠡᠭᠡᠷᠳᠡ ᠳᠡᠭᠡᠨ ᠠᠯᠠᠪᠬᠢᠨ ᠮᠣᠷᠳᠠᠭᠠᠳ ᠠᠷᠤ ᠠᠴᠠ ᠨᠢ ᠰᠤᠷᠢᠨᠵᠢᠨ ᠲᠠᠢ ᠶᠤᠮᠰᠢᠭ ᠠᠯᠳᠠᠯ ᠦᠭᠡᠢ ᠲᠠᠭᠤᠭᠰᠠᠭᠠᠷ ᠠᠯᠢ ᠰᠠᠶᠢᠨ ᠲᠤᠬᠢᠶᠠᠯ ᠢ ᠠᠰᠢᠭᠯᠠᠨ ᠤᠷᠭ᠎ᠠ ᠪᠠᠨ ᠰᠡᠪ ᠭᠡᠳᠡᠯ᠎ᠡ ᠬᠠᠶᠠᠬᠤ ᠳᠤ ᠣᠨᠤᠭᠰᠠᠨ ᠵᠡᠭᠡᠷᠳᠡ ᠨᠢ ᠬᠠᠮᠵᠢᠯᠭ᠎ᠠ ᠪᠣᠯᠵᠤ ᠠᠷᠤᠨᠰᠢ ᠰᠠᠭᠤᠭᠰᠠᠭᠠᠷ ᠰᠡᠭᠦᠯ ᠳᠡᠭᠡᠨ ᠪᠠᠷᠢᠭᠳᠠᠭᠰᠠᠨ ᠦᠷᠢᠶ᠎ᠡ ᠶᠢ ᠨᠤᠮᠣᠳᠬᠠᠵᠤ ᠠᠪᠳᠠᠭ᠃ ᠲᠡᠷᠡᠬᠦ ᠬᠠᠮᠤᠭ ᠰᠡᠭᠦᠯ ᠳᠤ ᠪᠠᠷᠢᠭᠳᠠᠵᠤ ᠬᠠᠮᠤᠭ ᠰᠡᠭᠦᠯ ᠳᠤ ᠲᠠᠮᠠᠭ᠎ᠠ ᠦᠵᠡᠭᠰᠡᠨ ᠲᠤᠭᠰᠢᠨ ᠦᠷᠢᠶ᠎ᠡ ᠶᠢ ︿︿ᠡᠨᠡ ᠯᠡ ᠭᠡᠵᠦ ᠭᠠᠶᠢᠬᠠᠯᠳᠠᠢ ᠴᠤᠪᠣᠭᠤ ᠰᠡᠷᠭᠦᠯᠡᠩ ᠤᠨ ᠨᠢᠭᠡᠨ᠂ ᠬᠤᠵᠢᠮ ᠲᠣᠲᠤᠮᠳᠠᠵᠤ ᠴᠢᠳᠠᠪᠠᠯ ᠯᠠᠪ ᠨᠡᠯᠢᠶᠡᠳ ᠶᠠᠭᠤᠮ᠎ᠠ ᠪᠣᠯᠬᠤ ᠪᠠᠨ ᠠᠯᠳᠠᠬᠤ ᠦᠭᠡᠢ᠃ ᠤᠷᠤᠯᠳᠣᠭᠠᠨ ᠤ ᠮᠣᠷᠢ ᠪᠤᠶᠤ ᠤᠷᠭᠠᠨ ᠮᠣᠷᠢ ᠭᠠᠷᠴᠤ ᠮᠡᠳᠡᠬᠦ ᠬᠦᠴᠦ ᠲᠤᠷᠪᠢ ᠲᠠᠢ ᠲᠡᠭᠡᠷ᠎ᠡ ᠪᠠᠨ ᠬᠦᠷᠦᠩᠭᠡ ᠪᠠᠶᠢᠳᠠᠯ ᠰᠠᠶᠢᠳᠠᠢ ᠯᠡ ᠶᠤᠮ ᠪᠠᠶᠢᠨ᠎ᠠ﹀﹀ ᠭᠡᠵᠦ ᠤᠯᠠᠨ ᠪᠦᠭᠦᠳᠡ ᠶᠢᠨ ᠤᠯᠵᠠᠷᠬᠠᠯ ᠪᠠᠭ᠋ᠠᠷᠬᠠᠯ ᠢ ᠤᠯᠵᠣ ᠤᠶᠠᠭᠠᠴᠢ ᠶᠢᠨ ᠰᠢᠨᠤᠯ ᠲᠠᠢ ᠨᠢᠭᠡᠨ ᠤ  ᠬᠢᠨ ᠰᠢᠯᠤᠰᠦ ᠶᠢ ᠭᠤᠭᠤᠵᠢᠭᠤᠯᠤᠨ ᠭᠠᠷᠳᠠᠭ᠃     ᠭᠤᠷᠪᠠᠨ ᠵᠢᠯ ᠤᠨ ᠡᠮᠦᠨ᠎ᠡ ᠠᠶᠤᠤᠷᠳᠠᠷ᠎ᠠ ᠠᠪᠠᠭ᠎ᠠ ᠶᠢᠨ ᠠᠪᠤ ᠳᠤ ᠵᠢᠭᠠᠵᠤ ᠦᠭᠭᠦᠭᠰᠡᠨ ᠤᠷᠳᠦ ᠭᠦᠵᠦᠭᠦᠦ  ᠲᠠᠢ ᠲᠦᠷᠪᠡᠨ ᠬᠦᠯ ᠨᠢ ᠳᠡᠩᠬᠡᠶᠢᠭᠰᠡᠨ ᠪᠤᠰᠤᠭ᠎ᠠ ᠬᠡᠭᠡᠷ ᠦᠷᠢᠶ᠎ᠡ ᠴᠤ ᠲᠡᠶᠢᠮᠦ ᠪᠠᠶᠢᠭᠰᠠᠨ ᠪᠦᠭᠡᠳ ᠰᠡᠭᠦᠯ ᠳᠡᠭᠡᠨ ᠮᠤᠭᠠᠢ ᠬᠡᠭᠡᠷ ᠭᠡᠰᠡᠨ ᠰᠠᠶᠢᠨ ᠨᠡᠷ᠎ᠡ ᠲᠠᠢ ᠪᠣᠯᠵᠤ ᠭᠤᠷᠪᠠ ᠤᠳᠠᠭ᠎ᠠ ᠬᠤᠰᠢᠭᠤ ᠰᠣᠮᠣᠨ ᠤ ᠨᠠᠶᠢᠷ ᠨᠠᠭᠠᠳᠣᠮ ᠲᠡᠭᠡᠷ᠎ᠡ ᠬᠤᠰᠢᠭᠤᠷᠠᠭᠠᠳ ᠬᠤᠯᠠ ᠤᠶᠢᠷ᠎ᠠ ᠳᠠᠭᠠᠨ ᠠᠯᠳᠠᠷ ᠮᠠᠨᠳᠣᠵᠤ ᠪᠢᠯᠡ᠃ ᠬᠠᠪᠢ ᠳᠦᠰᠦᠷ ᠤᠨ ᠬᠢᠨ ᠤ ᠮᠤᠷᠢᠨ ᠳᠤ ᠬᠤᠷᠤᠬᠠᠢ ᠲᠠᠢ ᠬᠦᠮᠦᠰ ᠠᠶᠤᠤᠷᠳᠠᠷ᠎ᠠ ᠠᠪᠠᠭ᠎ᠠ ᠶᠢ ᠤᠷᠢᠨ ᠠᠪᠠᠴᠢᠵᠤ ᠦᠪᠡᠷ ᠤᠨ ᠲᠣᠭᠤᠭᠰᠠᠨ ᠠᠭᠲᠠ ᠢᠶᠠᠨ ᠦᠵᠡᠭᠦᠯᠵᠦ ᠲᠡᠭᠦᠨ ᠤ ᠵᠠᠬᠢᠭᠰᠠᠨ ᠶᠣᠰᠣᠭᠠᠷ ᠭᠠᠮᠨᠠᠨ ᠳᠣᠳᠣᠮᠳᠠᠭᠰᠠᠭᠠᠷ ᠭᠠᠷᠮᠠᠭᠠᠢ ᠰᠠᠶᠢᠨ ᠬᠦᠯᠦᠭ ᠪᠤᠯᠭᠠᠨ ᠠᠪᠤᠭᠰᠠᠨ ᠶᠠᠪᠣᠳᠠᠯ ᠨᠡᠮᠡᠭᠳᠡᠨ ᠤᠯᠠᠰᠢᠷᠠᠬᠤ  ᠪᠠᠷ ᠬᠢᠶᠠᠭᠳᠣ ᠶᠢᠨ ᠬᠢᠨ ᠠᠶᠤᠤᠷᠳᠠᠷ᠎ᠠ ᠠᠪᠠᠭ᠎ᠠ ᠪᠠᠷ ᠢᠶᠠᠨ ᠤᠯᠠᠮ ᠤᠮᠤᠭ ᠪᠠᠷᠳᠠᠮ ᠪᠣᠯᠵᠤ ᠪᠠᠷᠤᠭ ᠯᠡ ᠬᠦᠮᠦᠨ ᠪᠦᠷᠢ ᠠᠳᠣᠭᠤᠨ ᠤ ᠮᠡᠷᠭᠡᠵᠢᠯᠳᠡᠨ ᠪᠣᠯᠤᠭᠰᠠᠨ ᠶᠤᠮᠰᠢᠭ ᠦᠷᠦᠭᠡᠯ ᠤᠨ ᠡᠮᠦᠨ᠎ᠡ ᠰᠠᠶᠢᠬᠠᠮᠰᠣᠷᠴᠤ ᠭᠠᠷᠤᠨ᠎ᠠ᠃ ᠴᠢᠩᠭᠢᠬᠦ ᠳᠤ ᠠᠶᠤᠤᠷᠳᠠᠷ᠎ᠠ ᠠᠪᠠᠭ᠎ᠠ ᠮᠠᠨᠢ ᠬᠡᠳᠦᠨ ᠬᠤᠨᠳᠠᠭ᠎ᠠ ᠪᠠᠨ ᠬᠡᠶᠢᠷᠬᠡᠯ ᠪᠤᠯᠭᠠᠨ ᠲᠠᠲᠠᠴᠢᠬᠠᠭᠠᠳ ᠬᠦᠯ ᠭᠠᠷ ᠬᠦᠩᠭᠡᠷᠡᠵᠦ ᠠᠶᠢᠯ ᠠᠶᠢᠮᠠᠭ ᠤᠨ ᠢᠶᠠᠨ ᠲᠤᠮᠲᠠ ᠴᠢᠷᠠᠢ ᠤᠯᠠᠶᠢᠯᠭᠠᠨ ᠲᠦᠷᠪᠡᠯᠵᠢᠯᠡᠨ ᠠᠯᠬᠤᠭᠰᠠᠭᠠᠷ ︿︿ᠮᠤᠩᠭᠤᠯ ᠬᠦᠮᠦᠨ᠂ ᠮᠤᠩᠭᠤᠯ ᠠᠳᠣᠭᠤ ᠬᠤᠶᠠᠷ ᠴᠢᠨᠢ ᠠᠮᠢ ᠭᠤᠣᠯ ᠨᠢᠭᠡᠳᠡᠢ ᠢᠷᠡᠭᠰᠡᠨ ᠪᠦᠭᠡᠳ ᠤᠰᠣ ᠨᠣᠳᠤᠭ ᠤᠩᠭᠤᠨ ᠲᠡᠭᠷᠢ ᠶᠢᠨ ᠬᠡᠯᠬᠢᠶ᠎ᠡ ᠨᠡᠶᠢᠯᠡᠭᠰᠡᠨᠪᠤᠶᠠᠨ ᠲᠠᠪᠢᠯᠠᠩ ᠶᠤᠮ ᠰᠢᠦ︕﹀﹀ ᠭᠡᠳ ᠯᠡ ᠨᠢᠭᠡ ᠤᠯᠠᠨ ᠠᠳᠣᠭᠤᠨ ᠤ ᠲᠤᠬᠠᠢ ᠦᠭᠡ ᠵᠤᠭᠤᠭ ᠢᠶᠠᠨ ᠠᠭᠤᠯᠵᠠᠭᠰᠠᠨ ᠨᠢᠭᠡᠨ ᠳᠡᠭᠡᠨ ᠬᠠᠭᠤᠴᠢᠯᠠᠵᠤ ᠡᠬᠢᠯᠡᠳᠡᠭ ᠪᠢᠯᠡ᠃     ᠲᠡᠭᠦᠨ ᠤ ᠬᠡᠯᠡᠬᠦ ᠪᠠᠷ ᠠᠳᠤᠭᠤ ᠨᠢ ᠦᠪᠡᠷ ᠤᠨ ᠡᠵᠡᠨ ᠪᠣᠯᠤᠨ ᠦᠪᠡᠷ ᠤᠨ ᠨᠣᠳᠤᠭ ᠢᠶᠠᠨ ᠬᠦᠮᠦᠨ ᠠᠴᠠ ᠢᠯᠡᠭᠦᠦ ᠲᠠᠨᠢᠳᠠᠭ ᠤᠢ ᠤᠬᠠᠭᠠᠨ ᠲᠠᠢ ᠰᠡᠷᠭᠦᠯᠡᠩ ᠠᠳᠣᠭᠤᠰᠣ ᠶᠤᠮ ᠭᠡᠨ᠎ᠡ᠃ ᠲᠡᠷᠡ ᠮᠦᠷᠲᠡᠭᠡᠨ ᠠᠳᠣᠭᠤ ᠨᠢ ᠦᠪᠡᠷ ᠤᠨ ᠭᠡᠰᠡᠨ ᠤᠰᠣ ᠨᠣᠳᠤᠭ ᠢᠶᠠᠨ ᠤᠯᠵᠣ ᠲᠦᠯᠵᠢᠳᠡᠭ ᠪᠦᠭᠡᠳ ᠲᠡᠨᠳᠡ ᠪᠠᠨ ᠦᠪᠡᠷ ᠢ ᠪᠠᠨ ᠳᠠᠰᠬᠠᠵᠤ ᠠᠪᠳᠠᠭ ᠨᠢ ᠬᠠᠮᠤᠭ ᠢᠯᠡ ᠤᠨᠴᠠᠯᠢᠭ ᠪᠤᠯᠤᠨ᠎ᠠ ᠭᠡᠳᠡᠭ᠃ ᠪᠤᠳᠤᠪᠠᠯ ᠶᠠᠭ ᠲᠡᠭᠦᠨ ᠤ ᠬᠡᠯᠡᠳᠡᠭ ᠲᠠᠢ ᠠᠳᠠᠯᠢ ᠤᠰᠤ ᠣᠮᠳᠠᠨ ᠳᠤ ᠮᠠᠰᠢ ᠬᠢᠷᠬᠠᠢ ᠪᠠᠶᠢᠵᠣ ᠤᠰᠣᠨ ᠤ ᠲᠤᠩᠭᠠᠯᠠᠭ ᠢ ᠤᠤᠭᠤᠵᠤ᠂ ᠡᠪᠡᠰᠦᠨ ᠤ ᠰᠤᠷ ᠲᠤ ᠪᠡᠯᠴᠢᠨ ᠤᠴᠢᠳᠠᠭ ᠪᠤᠯᠠᠭ ᠱᠠᠩᠳᠠ᠂ ᠶᠠᠪᠤᠳᠠᠭ ᠪᠡᠯᠴᠢᠭᠡᠷ ᠨᠣᠳᠤᠭ ᠲᠠᠭᠠᠨ ᠯᠡ ᠶᠠᠪᠤᠳᠠᠭ᠃ ᠬᠢᠶᠠᠭᠳᠤ ᠳᠤ ᠬᠢᠶᠠᠭ ᠭᠡᠳᠡᠭ ᠲᠠᠪᠤᠨ ᠬᠤᠰᠢᠭᠤ ᠮᠠᠯ ᠤᠨ ᠠᠯᠢ ᠨᠢ ᠴᠤ ᠪᠦᠷ ᠠᠮᠢᠨᠴᠢᠷᠬᠠᠨ ᠲᠣᠷᠠᠯᠠᠳᠠᠭ ᠲᠡᠵᠢᠭᠡᠯ ᠰᠠᠶᠢᠨᠳᠠᠢ᠂ ᠤᠷᠭᠤᠴᠠ ᠲᠦᠷᠭᠡᠨ ᠪᠦᠭᠡᠳ ᠣᠳᠠᠭᠠᠨ ᠬᠤᠭᠤᠴᠠᠭ᠎ᠠ ᠰᠡᠯᠭᠦᠵᠦ ᠤᠷᠭᠤᠳᠠᠭ ᠨᠢᠭᠡ ᠲᠦᠷᠦᠯ ᠤᠨ ᠪᠡᠯᠴᠢᠭᠡᠷ ᠲᠠᠢ ᠪᠠᠶᠢᠭᠰᠠᠨ  ᠨᠢ ᠠᠳᠡᠬᠢ ᠠᠳᠤᠭᠤ ᠶᠢ ᠦᠪᠡᠷ ᠤᠨ ᠬᠡᠪ ᠨᠠᠮᠪᠠ ᠲᠠᠢ ᠦᠪᠡᠷᠮᠢᠴᠡ ᠬᠦᠴᠦ ᠲᠠᠮᠢᠷ ᠲᠠᠢ ᠪᠤᠯᠭᠠᠨ ᠦᠰᠭᠡᠵᠦ ᠪᠤᠶᠢᠵᠢᠭᠤᠯᠤᠭᠰᠠᠨ ᠶᠤᠮ᠃      ᠬᠠᠪᠤᠷ ᠤᠨ ᠨᠠᠷᠠ ᠨᠠᠭᠠᠰᠢᠯᠠᠨ ᠤᠶᠢᠷᠠᠳᠬᠤ ᠦᠶᠡᠰ ᠬᠢᠶᠠᠭ ᠤᠨ ᠨᠢᠯᠬ᠎ᠠ ᠰᠦᠶ᠎ᠡ ᠬᠦᠷᠦᠰᠦᠨ ᠤ ᠲᠤᠤᠷ᠎ᠠ ᠠᠴᠠ ᠬᠤᠴᠠᠵᠤ ᠡᠪᠦᠯᠵᠢᠭᠰᠡᠨ ᠬᠠᠭᠤᠴᠢᠨ ᠬᠠᠭᠳᠠ ᠪᠠᠨ ᠰᠡᠮᠬᠡᠷᠬᠡᠨ ᠡᠷᠭᠦᠭᠰᠡᠭᠡᠷ ᠤᠭᠤᠷᠠᠭ ᠰᠢᠷ᠎ᠠ ᠨᠢᠳᠦ ᠲᠦᠯᠬᠢᠨ ᠭᠠᠷᠤᠭᠠᠳ ᠲᠡᠮᠡᠢ ᠬᠡᠳᠦᠨ ᠡᠳᠦᠷ ᠪᠣᠯᠤᠯ ᠦᠭᠡᠢ ᠬᠤᠷᠣᠭᠤ ᠥᠨᠳᠥᠷ ᠤᠷᠭᠤᠵᠤ᠂  ᠬᠠᠭᠠᠰ ᠰᠠᠷ᠎ᠠ ᠪᠣᠯᠬᠤ ᠪᠠᠷ ᠲᠥᠭᠡ ᠳᠠᠪᠠᠮ᠎ᠠ ᠰᠣᠭᠤᠷᠠᠨ ᠥᠰᠳᠡᠭ᠃ ᠬᠢᠶᠠᠭ ᠪᠠᠷᠤᠭ ᠵᠢᠯ ᠤᠨ ᠪᠡᠶ᠎ᠡ ᠪᠠᠷ ᠲᠠᠰᠣᠷᠠᠯᠲᠠ ᠦᠭᠡᠢ ᠤᠷᠭᠤᠨ᠎ᠠ᠃ ᠶᠠᠭ ᠬᠡᠮᠵᠢᠶᠡᠨ ᠲᠡᠭᠡᠷ᠎ᠡ ᠨᠢ ᠵᠠᠪᠳᠠᠵᠤ ᠵᠤᠰᠠᠬᠤ ᠦᠭᠡᠢ ᠪᠣᠯ ᠪᠠᠭ᠎ᠠ ᠰᠢᠷᠭᠢᠭᠯᠡᠨ ᠬᠠᠳᠠᠭᠤᠷᠠᠳᠠᠭ ᠪᠤᠯᠪᠠᠴᠤ ᠨᠠᠮᠤᠷ ᠬᠠᠳᠣᠵᠤ ᠠᠪᠤᠭᠠᠳ ᠡᠪᠦᠯ ᠤᠨ ᠲᠡᠵᠢᠭᠡᠯ ᠢᠶᠠᠷ ᠵᠠᠷᠤᠬᠤ ᠳᠤ ᠬᠠᠮᠤᠭ ᠰᠠᠶᠢᠨ ᠲᠡᠵᠢᠭᠡᠯ ᠪᠣᠯᠳᠠᠭ ᠪᠦᠭᠡᠳ ᠡᠪᠦᠯᠵᠢᠶᠡᠨ ᠳᠤ ᠬᠠᠮᠤᠭ ᠲᠡᠰᠪᠦᠷᠢᠳᠡᠢ ᠨᠦᠭᠦᠴᠡ ᠪᠡᠯᠴᠢᠭᠡᠷ ᠪᠤᠯᠤᠭᠰᠠᠭᠠᠷ ᠢᠷᠡᠵᠡᠢ᠃     ᠡᠳᠦᠷ ᠬᠦᠢᠳᠡᠨ ᠤᠷᠤᠵᠤ ᠡᠬᠢᠯᠡᠬᠦ ᠠᠯᠲᠠ ᠪᠠᠷ ᠠᠶᠤᠤᠷᠳᠠᠷ᠎ᠠ ᠠᠪᠠᠭ᠎ᠠ ᠠᠳᠣᠭᠤ ᠪᠠᠨ ᠲᠠᠭᠤᠵᠣ ᠠᠶᠢᠯ ᠤᠨ ᠪᠠᠷᠠᠭᠤᠨ ᠬᠤᠶᠢᠳᠦ ᠪᠦᠰᠡ ᠪᠠᠷ ᠡᠪᠦᠯᠵᠢᠶ᠎ᠡ ᠬᠠᠭᠳᠠ ᠭᠡᠳᠡᠭ ᠬᠦᠨᠳᠡᠢ  ᠭᠤᠪᠢ ᠳᠤ ᠤᠷᠤᠵᠣ ᠢᠷᠡᠳᠡᠭ᠃ ᠲᠤᠰᠣᠨ ᠲᠠᠷᠭᠤ ᠭᠦᠢᠴᠡᠭᠰᠡᠨ ᠠᠷᠭᠤᠮᠠᠭ ᠲᠤᠭᠰᠢᠨ ᠠᠳᠤᠭᠤᠨ ᠰᠦᠷᠦᠭ ᠲᠠᠯ᠎ᠠ ᠶᠢᠨ ᠭᠦᠨ ᠳᠤ ᠬᠦᠢ ᠰᠠᠯᠬᠢ ᠰᠢᠭ᠋ ᠬᠤᠶᠢᠯᠠᠷᠠᠨ ᠡᠷᠭᠢᠯᠳᠦᠵᠦ ᠬᠦᠷᠦᠰᠦ ᠶᠢ  ᠪᠦᠷᠬᠦᠵᠦ ᠤᠷᠭᠤᠭᠰᠠᠨ ᠬᠢᠶᠠᠭ ᠤᠨ ᠪᠡᠯᠴᠢᠭᠡᠷ ᠲᠤ ᠬᠡᠪᠡᠯᠢ ᠲᠦᠭᠦᠷᠡᠩ ᠠᠮᠲᠠᠷᠬᠠᠨ ᠲᠤᠭᠲᠠᠳᠠᠭ ᠨᠢ ᠶᠠᠭ ᠠᠯᠳᠠᠷᠳᠤ ᠤᠷᠠᠨ ᠵᠢᠷᠤᠭᠴᠢᠨ ᠤ ᠤᠩᠭᠤᠨ ᠪᠦᠳᠦᠭᠡᠯ ᠬᠡᠮᠡᠷ ᠵᠢᠷᠤᠭ ᠲᠦᠷᠰᠦ ᠶᠢᠨ  ᠬᠡᠭᠡᠨᠴᠡᠷ ᠰᠡᠷᠡᠭᠳᠡᠯ ᠤᠷᠤᠭᠤᠯᠳᠠᠭ ᠪᠠ ᠠᠳᠣᠭᠤᠳ ᠤᠨ ᠬᠠᠶᠠ ᠬᠠᠶᠠ ᠦᠦᠷᠰᠡᠵᠦ ᠢᠨᠴᠠᠭᠠᠬᠤ ᠲᠠᠭᠤᠨ ᠨᠢ ᠲᠡᠶᠢᠮᠦ ᠲᠠᠭᠠᠳᠠᠢ ᠲᠤᠯᠠᠭᠠᠨ ᠰᠠᠨᠠᠭᠳᠠᠭᠤᠯᠵᠤ ᠮᠠᠯᠵᠢᠬᠤ ᠨᠣᠳᠤᠭ ᠤᠨ ᠬᠡᠶᠢᠮᠦᠷᠢ ᠬᠡᠰᠢᠭ ᠢ ᠰᠡᠷᠭᠦᠭᠡᠨ ᠬᠦᠮᠦᠨ ᠠᠷᠠᠳ ᠤᠨ ᠰᠦᠭ ᠰᠦᠨᠡᠰᠦ ᠶᠢ ᠡᠷᠴᠢᠮᠯᠡᠵᠦ ᠦᠭᠳᠡᠭ ᠪᠢᠯᠡ᠃       ᠨᠢᠳᠦᠨᠦᠨ ᠵᠣᠨ ᠰᠣᠮᠣᠨ ᠤ ᠠᠷᠠᠳ ᠤᠨ ᠶᠡᠭᠡ ᠨᠠᠭᠠᠳᠣᠮ ᠳᠤ ᠬᠤᠵᠢᠷᠳᠣ ᠶᠢᠨ ᠰᠣᠮᠣᠨ ᠴᠢᠬᠢᠳᠤ ᠬᠠᠯᠢᠭᠤᠨ ᠬᠠᠷ᠎ᠠ ᠬᠤᠷᠢᠨ ᠭᠠᠵᠠᠷ ᠤᠨ ᠵᠢᠷᠤᠭ᠎ᠠ ᠮᠤᠷᠢᠨ ᠤ ᠤᠷᠤᠯᠳᠤᠭᠠᠨ ᠳᠤ ᠲᠡᠷᠢᠭᠦᠯᠡᠵᠦ ᠠᠶᠤᠤᠷᠳᠠᠷ᠎ᠠ ᠠᠪᠠᠭ᠎ᠠ ᠶᠢᠨ ᠡᠭᠦᠯᠡᠨ ᠰᠠᠭᠠᠷᠢᠯ ᠳᠡᠳᠡᠯᠡᠭᠡᠳ ᠠᠶᠤᠤᠷᠳᠠᠷ᠎ᠠ ᠠᠪᠠᠭ᠎ᠠ  ᠬᠦᠮᠦᠨ ᠤ ᠨᠢᠭᠤᠷ ᠢ ᠦᠵᠡᠵᠦ ᠴᠢᠳᠠᠬᠤ ᠦᠭᠡᠢ ᠰᠠᠷ᠎ᠠ ᠭᠠᠷᠤᠢ ᠬᠡᠪᠳᠡᠵᠡᠢ᠃ ︿︿ᠮᠣᠷᠢᠨ ᠤ ᠰᠠᠨᠠᠭ᠎ᠠ ᠦᠪᠡᠷ ᠤᠨ ᠤᠬᠠᠭᠠᠨ ᠢᠶᠠᠨ ᠨᠢᠭᠡ ᠪᠡᠶᠡᠴᠢᠯᠡᠨ ᠨᠢᠭᠡᠳᠭᠡᠵᠦ ᠠᠮᠠᠭᠠᠢ ᠢ ᠶᠠᠭᠠᠬᠢᠵᠤ ᠵᠤᠬᠢᠴᠠᠭᠤᠯᠬᠤ ᠪᠠ ᠬᠡᠷᠬᠢᠨ ᠠᠷᠤᠨᠰᠢ ᠳᠠᠷᠤᠨ ᠰᠠᠭᠤᠵᠤ ᠲᠦᠷᠦᠭᠡ ᠪᠠᠨ ᠬᠦᠳᠦᠯᠦᠩᠭᠦᠢ ᠬᠢᠰᠬᠢᠬᠦ ᠵᠢᠴᠢ ᠮᠤᠷᠢᠨ ᠤ ᠰᠢᠨᠵᠢ ᠶᠢ ᠠᠯᠳᠠᠯ ᠦᠭᠡᠢ ᠪᠡᠶ᠎ᠡ ᠦᠨᠳᠡᠶᠢᠵᠦ ᠦᠭᠬᠦ᠂ ᠨᠢᠷᠤᠭᠤ ᠬᠠᠨᠲᠣᠷᠠᠨ ᠤᠷᠤᠭᠰᠢᠯᠠᠬᠤ ᠵᠡᠷᠭᠡ ᠤᠶᠠᠨ ᠬᠠᠳᠠᠨ ᠤᠷ᠎ᠠ ᠮᠡᠷᠭᠡᠵᠢᠯ ᠨᠦᠭᠦᠳ ᠢ ᠠᠯᠢ ᠨᠢᠭᠡ ᠶᠢ ᠴᠤ ᠠᠯᠳᠠᠵᠤ ᠪᠤᠯᠬᠤ ᠦᠭᠡᠢ ᠴᠡᠴᠡᠨ ᠰᠡᠷᠭᠦᠯᠡᠩ ᠬᠡᠷᠡᠭᠯᠡᠬᠦ ᠬᠡᠷᠡᠭᠳᠡᠢ﹀﹀ ᠭᠡᠵᠦ ᠬᠦᠦ ᠳᠡᠭᠡᠨ ᠠᠬᠢᠨ ᠲᠠᠬᠢᠨ ᠵᠠᠬᠢᠵᠤ ᠪᠠᠶᠢᠯ᠎ᠠ ᠴᠤ ᠬᠦᠦ  ᠨᠢ ᠰᠢᠨ᠎ᠡ ᠴᠠᠭ ᠤᠨ ᠤᠷᠤᠯᠳᠣᠭᠠᠨ ᠤ ᠠᠷᠭ᠎ᠠ ᠪᠠ ᠤᠳᠤᠬᠢ ᠮᠡᠷᠭᠡᠵᠢᠯ ᠢᠶᠠᠷ ᠤᠷᠤᠯᠳᠤᠨ᠎ᠠ ᠭᠡᠵᠦ ᠵᠦᠷᠢᠭᠦᠦ ᠬᠦᠷᠴᠦ ᠭᠠᠷᠤᠭᠠᠳ ᠡᠴᠦᠰ ᠲᠡᠭᠡᠨ  ᠲᠦᠷᠦᠭᠦᠦ ᠮᠤᠷᠢᠨ ᠤ ᠪᠠᠨ ᠰᠡᠭᠦᠯ ᠢ ᠲᠥᠭᠡ ᠵᠠᠶᠢᠳᠠᠢ ᠱᠦᠷᠭᠦᠭᠡᠵᠦ ᠢᠷᠡᠭᠰᠡᠨ ᠨᠢ ᠡᠪᠦᠭᠡᠨ ᠤ ᠠᠯᠲᠠᠨ ᠨᠢᠭᠤᠷ ᠢ ᠤᠷᠬᠢᠭᠳᠠᠭᠤᠯᠤᠨ ᠭᠦᠢᠴᠡᠵᠡᠢ᠃     ᠠᠶᠤᠤᠷᠳᠠᠷ᠎ᠠ ᠠᠪᠠᠭ᠎ᠠ ᠦᠭᠡ ᠰᠣᠨᠣᠰᠬᠤ ᠦᠭᠡᠢ ᠬᠦᠦ ᠳᠡᠭᠡᠨ ᠠᠭᠤᠷᠯᠠᠬᠤ ᠬᠠᠭᠠᠰ᠂ ᠡᠭᠦᠯᠡᠨ ᠰᠠᠭᠠᠷᠢᠯ ᠤᠨ ᠢᠶᠠᠨ ᠡᠮᠵᠢᠭ ᠭᠦᠶᠦᠳᠡᠯ ᠳᠤ ᠬᠠᠷᠠᠮᠰᠠᠬᠤ ᠨᠢ ᠴᠤ ᠬᠠᠭᠠᠰ ᠲᠡᠭᠡᠷ᠎ᠡ ᠬᠢᠶᠠᠭᠳᠣ ᠶᠢᠨ ᠠᠳᠣᠭᠤᠨ ᠤ ᠪᠠᠨ ᠦᠷ᠎ᠡ ᠲᠦᠯ ᠰᠢᠩᠭᠡᠷᠡᠬᠦ ᠪᠣᠯᠤᠭᠰᠠᠨ ᠥᠨᠥᠳᠥᠷ ᠲᠤ ᠬᠠᠷᠠᠩᠭᠤᠰᠬᠤ ᠨᠢ ᠲᠠᠪᠬᠤᠴᠠᠭᠠᠳ ᠭᠠᠭᠴᠠᠬᠠᠨ ᠬᠠᠷ᠎ᠠ ᠪᠠᠭᠤᠵᠤ ᠭᠠᠰᠢᠭᠳᠠᠯ ᠮᠤᠬᠤᠷᠳᠠᠯ ᠤᠨ ᠠᠷᠭ᠎ᠠ ᠦᠭᠡᠢ ᠳᠤ ᠥᠨᠥᠬᠢ ᠬᠠᠮᠤᠭ ᠰᠡᠭᠦᠯᠴᠢ ᠶᠢᠨ ᠭᠡᠵᠦ ᠬᠠᠶᠢᠷᠠᠯᠠᠵᠤ ᠦᠰᠭᠡᠭᠰᠡᠨ ᠡᠭᠦᠯᠡᠨ ᠰᠠᠭᠠᠷᠢᠯ ᠤᠨ ᠢᠶᠠᠨ ᠭᠠᠯ ᠮᠠᠩᠨᠠᠢ ᠲᠡᠭᠡᠷ᠎ᠡ ᠰᠢᠷ᠎ᠠ ᠲᠤᠰᠣ ᠪᠠᠷ ᠮᠢᠯᠢᠶᠡᠵᠦ ᠲᠡᠭᠡᠳᠦᠰ ᠤᠨ ᠣᠪᠣᠭ᠎ᠠ ᠪᠠᠨ ᠭᠤᠷᠪᠠ ᠲᠤᠭᠤᠷᠢᠭᠤᠯᠤᠭᠠᠳ ᠲᠠᠬᠢᠵᠤ ᠨᠠᠶᠢᠷ ᠨᠠᠭᠠᠳᠣᠮ ᠳᠤ ᠶᠠᠪᠤᠬᠤ ᠠᠴᠠ ᠲᠠᠭ ᠪᠠᠶᠢᠭᠰᠠᠨ ᠪᠦᠭᠡᠳ ᠡᠷᠬᠢᠵᠦ ᠠᠳᠣᠭᠤᠨ ᠤ ᠲᠤᠬᠠᠢ ᠶᠠᠮᠠᠷᠴᠤ ᠵᠤᠭᠤᠭ ᠠᠨᠢᠷᠯᠠᠬᠤ ᠪᠠᠨ ᠴᠤ ᠪᠠᠶᠢᠵᠠᠢ᠃ ᠠᠪᠠᠭ᠎ᠠ ᠮᠢᠨᠢ ᠬᠡᠯᠡᠬᠦ ᠳᠡᠭᠡᠨ ᠤᠳᠣᠬᠢ ᠬᠦᠯ ᠲᠠᠢ ᠠᠳᠣᠭᠤᠰᠣ ᠪᠦᠬᠦᠨ ᠢ ᠬᠤᠷᠢᠵᠤ ᠬᠠᠰᠢᠶᠠᠯᠠᠭᠰᠠᠨ ᠬᠠᠲᠠᠭᠤ ᠴᠠᠬᠢᠮ ᠴᠠᠭ ᠲᠤ ᠡᠶᠢᠮᠦ ᠨᠢᠭᠡ ᠤᠰᠣᠨ ᠵᠢᠷᠤᠭ᠎ᠠ ᠶᠢ ᠲᠤᠳᠤᠮᠳᠠᠵᠤ ᠭᠠᠷᠭᠠᠬᠤ ᠭᠡᠭᠴᠢ ᠨᠢᠭᠡ ᠬᠡᠦᠬᠡᠳ ᠠᠰᠠᠷᠠᠵᠤ ᠦᠰᠭᠡᠭᠰᠡᠨ ᠠᠴᠠ ᠲᠤᠲᠠᠭᠤ ᠦᠭᠡᠢ ᠬᠦᠴᠢᠷ ᠰᠠᠭᠠᠳ ᠲᠠᠢ ᠶᠤᠮ ᠭᠡᠨ᠎ᠡ᠃ ᠨᠣᠳᠤᠭ ᠪᠡᠯᠴᠢᠭᠡᠷ ᠢ ᠲᠤᠤᠷᠯᠠᠵᠤ ᠲᠠᠯ᠎ᠠ ᠬᠦᠨᠳᠡᠢ ᠦᠯᠡᠳᠡᠭᠡᠬᠦ ᠦᠭᠡᠢ ᠲᠤᠲᠣᠷᠭ᠎ᠠ ᠲᠠᠷᠢᠬᠤ ᠲᠤᠷᠰᠢᠯᠲᠠ ᠶᠢᠨ ᠰᠠᠭᠤᠷᠢᠨ ᠪᠠᠶᠢᠭᠤᠯᠤᠭᠰᠠᠨ ᠤ ᠲᠡᠭᠡᠷ᠎ᠡ ᠮᠠᠰᠢᠨ ᠮᠤᠲ᠋ᠤᠷ ᠭᠡᠳᠡᠭ ᠤᠳᠤᠬᠢᠴᠢᠯᠠᠭᠰᠠᠨ ᠠᠴᠢᠶ᠎ᠠ ᠬᠦᠰᠭᠡ᠂ ᠵᠠᠮ ᠲᠡᠭᠡᠭᠡᠪᠦᠷᠢ ᠨᠦᠭᠦᠳ ᠮᠣᠷᠢ ᠶᠢ ᠰᠢᠬᠠᠵᠤ ᠭᠠᠷᠭᠠᠭᠰᠠᠨ ᠠᠴᠠ ᠬᠢᠶᠠᠭᠳᠣ ᠶᠢᠨ ᠠᠳᠣᠭᠤᠨ ᠤ ᠬᠢᠶᠠᠨ ᠬᠦᠷᠦᠩᠭᠡ ᠲᠡᠭᠦᠨ ᠤ ᠪᠡᠶ᠎ᠡ ᠲᠡᠭᠡᠷ᠎ᠡ ᠬᠦᠷᠴᠦ ᠢᠷᠡᠭᠡᠳ ᠦᠷ᠎ᠡ ᠰᠡᠭᠦᠯ ᠲᠠᠰᠣᠷᠠᠬᠤ ᠬᠡᠮᠵᠢᠶᠡᠨ ᠳᠤ ᠲᠤᠯᠵᠠᠢ᠃ ᠲᠡᠷᠡ ᠬᠡᠳᠦᠶᠢᠪᠡᠷ ᠬᠤᠪᠢᠨ ᠳᠠᠭᠠᠨ ᠠᠷᠪᠠᠭᠠᠳ ᠠᠳᠣᠭᠤ ᠪᠠᠨ ᠦᠯᠡᠳᠡᠭᠡᠨ ᠠᠪᠴᠤ ᠠᠷᠠᠴᠢᠯᠠᠭᠰᠠᠭᠠᠷ ᠪᠤᠯᠪᠠᠴᠤ ᠬᠦᠦ ᠨᠢ ᠲᠣᠷ᠎ᠠ ᠦᠭᠡᠢ᠂ ᠬᠦᠭᠰᠢᠨ ᠨᠢ ᠴᠤ ᠶᠠᠪᠤᠭᠠᠨ ᠳᠠᠭᠠᠨ ᠬᠦᠦ ᠳᠡᠭᠡᠨ ᠬᠠᠵᠠᠶᠢᠭᠰᠠᠨ ᠪᠣᠯᠵᠤ ᠠᠪᠠᠭ᠎ᠠ ᠮᠠᠨᠢ ᠭᠠᠭᠴᠠᠭᠠᠷᠳᠠᠬᠤ ᠶᠢᠨ ᠲᠦᠢᠯ ᠳᠤ ᠬᠠᠰᠢᠭᠳᠠᠨ ᠭᠠᠰᠢᠭᠳᠠᠭᠠᠰᠠᠭᠠᠷ ᠨᠠᠰᠣᠨ ᠠᠴᠠ ᠪᠠᠨ ᠡᠷᠲᠡ ᠬᠤᠶᠠᠷ ᠮᠦᠷᠦ ᠨᠢ ᠮᠡᠭᠵᠢᠭᠡᠷ ᠰᠠᠭᠤᠵᠤ  ᠠᠬᠤᠢ ᠨᠡᠶᠢᠭᠡᠮ ᠤᠨ ᠠᠯᠠᠭ ᠪᠤᠯᠠᠭ ᠠᠴᠠ ᠤᠶᠢᠳᠬᠠᠷᠯᠠᠨ ᠰᠢᠮᠰᠢᠷᠡᠬᠦ ᠪᠤᠯᠵᠠᠢ  ᠃      ᠠᠷᠪᠠᠭᠠᠳ ᠠᠳᠣᠭᠤ ᠶᠢ ᠨᠢ ᠵᠡᠷᠭᠡᠯᠳᠦᠭᠡ ᠬᠤᠰᠢᠭᠤᠨ ᠤ ᠬᠢᠨ ᠠᠪᠴᠤ ᠶᠠᠪᠤᠬᠤ ᠪᠠᠷ ᠪᠣᠯᠤᠭᠰᠠᠨ ᠲᠡᠷᠡ ᠡᠳᠦᠷ ᠠᠶᠤᠤᠷᠳᠠᠷ᠎ᠠ ᠠᠪᠠᠭ᠎ᠠ ᠶᠠᠭ ᠲᠦᠬᠦᠭᠡ ᠤᠷᠤᠭᠠᠳᠣᠢ ᠨᠢᠯᠬ᠎ᠠ ᠬᠡᠦᠬᠡᠳ ᠡᠬᠡ ᠠᠴᠠ ᠪᠠᠨ ᠰᠠᠯᠬᠤ ᠭᠡᠵᠦ ᠪᠠᠶᠢᠭ᠎ᠠ ᠮᠡᠲᠦ ᠭᠤᠨᠢᠭ ᠭᠤᠲᠤᠷᠠᠯ ᠤᠨ ᠭᠠᠰᠢᠭᠤᠨ ᠲᠠᠭᠤ ᠲᠠᠯᠪᠢᠵᠣ ᠤᠬᠢᠯᠠᠭᠠᠳ ᠪᠠᠰᠠ ᠨᠢᠭᠡ ᠤᠳᠠᠭ᠎ᠠ ᠶᠢᠷᠳᠢᠨᠴᠦ ᠶᠢᠨ ᠬᠦᠮᠦᠨ ᠤ ᠡᠮᠦᠨ᠎ᠡ ᠡᠷ᠎ᠡ ᠬᠦᠮᠦᠨ ᠤ ᠡᠷᠳᠡᠨᠢ ᠨᠢᠭᠤᠷ ᠢᠶᠠᠨ ᠭᠡᠭᠡᠭᠳᠡᠭᠦᠯᠵᠡᠢ᠃ ᠲᠡᠷᠡ ᠡᠳᠦᠷ ᠠᠴᠠ ᠬᠤᠶᠢᠰᠢ ᠬᠢᠶᠠᠭᠳᠣ ᠳᠤ ᠭᠠᠭᠴᠠᠬᠠᠨ ᠠᠳᠣᠭᠤ ᠲᠠᠢ ᠪᠤᠯᠣᠭᠰᠠᠨ ᠪᠠ ᠲᠡᠷᠡ ᠨᠢ ᠲᠠᠷᠤᠢ ᠠᠶᠤᠤᠷᠳᠠᠷ᠎ᠠ ᠠᠪᠠᠭ᠎ᠠ ᠶᠢᠨ   ᠡᠭᠦᠯᠡᠨ ᠰᠠᠭᠠᠷᠢᠯ ᠪᠠᠶᠢᠯ᠎ᠠ᠃ ᠡᠭᠦᠯᠡᠨ ᠰᠠᠭᠠᠷᠢᠯ ᠮᠠᠨᠢ ᠪᠠᠶᠢᠨ ᠪᠠᠶᠢᠨ ᠰᠦᠷᠦᠭ ᠢᠶᠠᠨ ᠡᠷᠢᠭᠰᠡᠭᠡᠷ ᠵᠡᠷᠭᠡᠯᠳᠦᠭᠡ ᠬᠤᠰᠢᠭᠤᠨ ᠤ ᠬᠢᠨ ᠵᠦᠭ ᠦᠦᠷᠰᠡᠵᠦ ᠭᠡᠷ ᠠᠴᠠ ᠭᠠᠷᠴᠤ ᠵᠦᠭ ᠴᠢᠭ ᠦᠭᠡᠢ ᠭᠦᠶᠦᠨ᠎ᠡ᠃ ᠠᠶᠤᠤᠷᠳᠠᠷ᠎ᠠ ᠠᠪᠠᠭ᠎ᠠ ᠠᠮᠢ ᠲᠠᠢ ᠪᠠᠶᠢᠭᠰᠠᠨ ᠴᠠᠭ ᠲᠤ ᠭᠠᠭᠴᠠᠬᠠᠨ ᠪᠤᠯᠪᠠᠴᠤ ᠮᠣᠷᠢ ᠲᠠᠢ ᠪᠠᠨ ᠴᠤᠭ  ᠪᠠᠶᠢᠶ᠎ᠠ ᠭᠡᠵᠦ ᠠᠭᠠᠰᠢ ᠬᠦᠷᠦᠭᠰᠡᠭᠡᠷ ᠡᠭᠦᠯᠡᠨ ᠰᠠᠭᠠᠷᠢᠯ ᠢᠶᠠᠨ ᠤᠮᠪᠣᠯ ᠢᠶᠠᠨ ᠰᠢᠭ᠋ ᠳᠠᠭᠠᠭᠤᠯᠵᠤ ᠠᠶᠢᠯ ᠤᠰᠣᠨ ᠤ ᠪᠠᠨ ᠲᠤᠮᠳᠠᠭᠤᠷ ︿︿ᠠᠭᠲᠠ ᠬᠦᠯᠦᠭ ᠮᠤᠷᠢᠨ ᠳᠠᠭᠠᠨ ᠮᠣᠷᠳᠠᠭᠠᠳ ᠭᠠᠷᠪᠠᠯ ᠬᠦᠢ᠂ ᠠᠯᠲᠠᠨ ᠲᠡᠯᠡᠬᠡᠢ ᠴᠢᠨᠢ ᠠᠯᠤᠰ ᠭᠡᠵᠦ ᠪᠠᠶᠢᠬᠤ ᠦᠦ ᠳ᠋ᠡ᠃ ᠠᠲᠠᠷ ᠬᠡᠭᠡᠷ᠎ᠡ ᠶᠢᠨ ᠮᠠᠯᠴᠢᠨ ᠮᠣᠩᠭᠤᠯ ᠭᠡᠳᠡᠭ ᠴᠢᠨᠢ ᠬᠦᠢ᠂ ᠠᠭᠲᠠ ᠬᠦᠯᠦᠭ ᠲᠠᠢ ᠪᠠᠨ ᠵᠢᠪᠬᠤᠭ᠎ᠠ ᠨᠢᠭᠡᠳᠡᠢ ᠶᠤᠮ ᠰᠢᠦ ᠳ᠋ᠡ ᠬᠦᠢ᠃﹀﹀ ᠬᠡᠮᠡᠨ ᠠᠶᠠᠯᠠᠭᠤᠯᠤᠭᠰᠠᠭᠠᠷ ᠶᠠᠪᠤᠨ᠎ᠠ᠃      ᠵᠠᠮ ᠳᠤ ᠠᠭᠤᠯᠵᠠᠭᠰᠠᠨ ᠨᠢᠭᠡ ᠨᠢ ︿︿ᠮᠣᠷᠢ ᠪᠠᠨ ᠳᠠᠭᠠᠭᠤᠯᠤᠭᠰᠠᠨ ᠤ ᠤᠷᠤᠨ ᠳᠤ ᠡᠪᠦᠭᠡᠨ ᠬᠦᠮᠦᠨ ᠤᠨᠤᠭᠠᠳ ᠶᠠᠪᠤᠬᠤ ᠳᠤ ᠶᠠᠭᠠᠬᠢᠭᠰᠠᠨ ᠶᠤᠮ ᠪᠤᠢ︖﹀﹀ ᠭᠡᠵᠦ ᠠᠰᠠᠭᠤᠬᠤ ᠳᠤ ᠠᠶᠤᠤᠷᠳᠠᠷ᠎ᠠ ᠠᠪᠠᠭ᠎ᠠ ᠥᠭᠡᠳᠡ  ᠨᠢ ︿︿ ᠪᠢ ᠨᠠᠰᠤ ᠪᠠᠷ ᠢᠶᠠᠨ ᠠᠳᠣᠭᠤ ᠬᠠᠷᠠᠵᠤ ᠮᠣᠷᠢ ᠤᠨᠤᠵᠣ ᠶᠠᠪᠤᠭᠰᠠᠨ ᠬᠦᠮᠦᠨ᠂ ᠤᠳᠣ ᠦᠳᠡᠯᠦᠬᠦ ᠶᠢᠨ ᠦᠵᠦᠭᠦᠷ ᠤᠨᠤᠭᠰᠠᠨ ᠤ ᠪᠠᠨ ᠠᠴᠢ ᠬᠠᠷᠢᠭᠤᠯᠲᠠ ᠶᠤᠮ ᠭᠡᠵᠦ ᠲᠡᠭᠦᠨ ᠢ ᠠᠰᠠᠷᠠᠵᠤ ᠲᠡᠵᠢᠭᠡᠬᠦ ᠪᠠ ᠠᠩᠬᠠᠷᠴᠤ ᠬᠠᠮᠠᠭᠠᠯᠠᠬᠤ ᠤᠴᠢᠷᠳᠡᠢ ᠰᠢᠦ ᠳ᠋ᠠ᠃﹀﹀ ᠭᠡᠵᠦ ᠲᠠᠯᠪᠢᠭᠤᠨ ᠲᠠᠶᠢᠪᠣᠩ ᠶᠠᠷᠢᠭᠠᠳ ᠳᠠᠭᠤᠯᠠᠵᠤ ᠪᠠᠷᠠᠭᠠᠳᠤᠢ ᠰᠡᠬᠦᠯ ᠤᠨ ᠪᠠᠳᠠᠭ ᠢᠶᠠᠨ ᠵᠠᠯᠠᠭᠠᠨ ︿︿ᠦᠷᠢᠶ᠎ᠡ ᠬᠦᠯᠦᠭ ᠲᠡᠭᠡᠨ ᠦᠨᠳᠡᠶᠢᠭᠡᠳ ᠭᠠᠷᠪᠠᠯ ᠬᠦᠢ᠂ ᠦᠩᠭᠡ ᠶᠢᠨ ᠲᠡᠯᠡᠬᠡᠢ ᠴᠢᠨᠢ ᠬᠤᠯᠠ ᠪᠠᠶᠢᠬᠤ ᠦᠦ ᠳ᠋ᠠ᠃ ᠦᠷᠯᠦᠭ ᠮᠤᠩᠭᠤᠯ ᠤᠨ ᠦᠷ᠎ᠡ ᠬᠡᠦᠬᠡᠳ ᠭᠡᠳᠡᠭ ᠴᠢᠨᠢ ᠬᠦᠢ᠂ ᠦᠯᠦᠭᠡᠢ ᠨᠤᠳᠤᠭ ᠲᠠᠢ ᠪᠠᠨ ᠠᠮᠢᠰᠬᠤᠭ᠎ᠠ ᠨᠢᠭᠡᠳᠡᠢ ᠶᠤᠮ ᠰᠢᠦ ᠳ᠋ᠡ᠃﹀﹀ ᠭᠡᠵᠦ ᠥᠷᠥᠴᠡ ᠪᠠᠨ ᠣᠩᠭᠤᠶᠢᠯᠭᠠᠨ ᠤᠶᠢᠳᠬᠠᠷ ᠢᠶᠠᠨ ᠳᠠᠶᠢᠯᠵᠣ ᠲᠠᠭᠤᠯᠠᠬᠤ ᠪᠠᠨ ᠳᠠᠭᠤᠯᠠᠵᠤ ᠶᠠᠪᠤᠬᠤ ᠪᠠᠨ ᠶᠠᠪᠤᠭᠰᠠᠭᠠᠷ ᠡ᠂᠂᠂᠂                
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号