ᠵᠠᠯᠠᠭᠤ  ᠨᠠᠰᠤ  ᠪᠠ  ᠰᠤᠷᠤᠯᠴᠠᠯᠭ᠎ᠠ
ᠨᠡᠶᠢᠲᠡᠯᠡᠭᠰᠡᠨ ᠴᠠᠭ᠄
2020/12/10
ᠵᠠᠯᠠᠭᠤ ᠨᠠᠰᠤ ᠰᠠᠶᠢᠬᠠᠨ ᠡ︕ ᠬᠦᠰᠡᠯ ᠤᠨ ᠰᠠᠶᠢᠨ ᠰᠠᠶᠢᠬᠠᠨ ᠢ ᠡᠪᠦᠷᠯᠡᠭᠡᠳ ᠬᠦᠮᠦᠨ ᠤ ᠶᠢᠷᠳᠢᠨᠴᠤ ᠳᠤ ᠭᠢᠯᠠᠯᠵᠠᠳᠠᠭ ᠭᠠᠯ ᠵᠠᠯᠠᠭᠤ ᠨᠠᠰᠤ‌ᠦᠨᠡᠬᠡᠷ ᠭᠤᠶᠤ ᠰᠠᠶᠢᠬᠠᠨ ᠶᠤᠮ ᠡ︕ᠬᠦᠮᠦᠰ ᠶᠡᠷᠦ ᠳᠡᠭᠡᠨ ᠵᠠᠯᠠᠭᠤᠴᠤᠳ ᠢ ᠮᠠᠨᠳᠤᠬᠤ ᠨᠠᠷᠠ᠂ ᠮᠢᠷᠠᠯᠵᠠᠬᠤ ᠴᠡᠴᠡᠭ᠂ ᠦᠷ ᠤᠨ ᠲᠤᠶᠠᠭ᠎ᠠ᠂ ᠦᠨᠢ ᠮᠦᠩᠭᠡ ᠶᠢᠨ ᠨᠠᠷᠠᠰᠤ ᠲᠠᠢ ᠠᠳᠠᠯᠢᠳᠬᠠᠨ ᠵᠤᠶᠢᠷᠯᠡᠵᠦ ᠪᠠᠶᠢᠳᠠᠭ ᠶᠤᠮ  ᠃ ᠵᠠᠯᠠᠭᠤ ᠨᠠᠰᠤ ᠪᠣᠯ ᠬᠦᠮᠦᠨ ᠤ ᠨᠢᠭᠡ ᠨᠠᠰᠤᠨ ᠳᠤ ᠨᠢᠭᠡᠯᠬᠡᠨ ᠤᠳᠠᠭ᠎ᠠ ᠳᠣᠬᠢᠶᠠᠯᠳᠤᠳᠠᠭ ᠪᠦᠭᠡᠳ ᠬᠠᠮᠤᠭ ᠤᠨ ᠦᠩᠭᠡ ᠭᠡᠷᠡᠯᠲᠡᠢ᠂ ᠬᠠᠮᠤᠭ ᠤᠨ ᠴᠤᠭ ᠵᠢᠪᠬᠤᠭ᠎ᠠ ᠲᠠᠢ ᠪᠠᠶᠢᠳᠠᠭ᠃ ᠮᠦᠨᠴᠦ ᠬᠦᠮᠦᠨ ᠲᠦᠷᠦᠯᠬᠢᠲᠡᠨ ᠤ ᠬᠠᠮᠤᠭ ᠠᠴᠠ ᠰᠠᠶᠢᠬᠠᠨ ᠬᠠᠮᠤᠭ ᠤᠨ ᠪᠠᠭ᠋ᠠᠷᠬᠠᠯ  ᠲᠠᠢ ᠰᠠᠶᠢᠬᠠᠨ ᠴᠠᠭ ᠦᠶ᠎ᠡ ᠪᠣᠯᠬᠤ ᠪᠢᠯᠡ᠃ᠵᠠᠯᠠᠭᠤ ᠨᠠᠰᠤ ᠪᠠ ᠰᠤᠷᠤᠯᠴᠠᠯᠭ᠎ᠠ ᠬᠤᠶᠠᠷ ᠪᠣᠯ ᠨᠢᠭᠡ ᠡᠬᠡ ᠠᠴᠠ ᠲᠦᠷᠦᠭᠰᠡᠨ ᠢᠬᠡᠷ᠎ᠡ ᠬᠤᠶᠠᠷ ᠦᠷ᠎ᠡ ᠶᠤᠮ  ᠃ᠵᠢᠷᠭᠤᠭᠠᠨ ᠰᠠᠷ᠎ᠠ ᠶᠢᠨ ᠴᠡᠴᠡᠭ ᠰᠢᠭ ᠵᠤᠮᠠᠯᠵᠠᠨ ᠮᠦᠰᠢᠶᠡᠬᠦ ᠵᠠᠯᠠᠭᠤ ᠨᠠᠰᠤ ᠪᠣᠯ ᠵᠣᠷᠢᠭᠰᠠᠨ ᠢᠶᠠᠨ ᠪᠡᠶᠡᠯᠡᠭᠦᠯᠵᠦ ᠬᠦᠰᠡᠭᠰᠡᠨ ᠢᠶᠠᠨ ᠬᠦᠭᠡᠭᠡᠴᠡᠯᠳᠦᠬᠦ ᠵᠦᠩᠨᠡᠯ ᠪᠡᠯᠭᠡᠳᠡᠯ ᠤᠨ ᠤᠨᠲᠤᠷᠤᠯ᠂ ᠵᠣᠷᠢᠯᠭᠠᠲᠤ ᠦᠢᠯᠡᠰ ᠤᠨ ᠵᠢᠪᠬᠤᠭᠠᠲᠤ ᠡᠬᠢᠯᠡᠯ ᠤᠨ ᠱᠠᠲᠦ︕ ᠭᠡᠪᠡᠴᠦ ᠵᠠᠯᠠᠭᠤ ᠨᠠᠰᠤ ᠬᠦᠯᠢᠶᠡᠭᠡᠯᠵᠡᠯ ᠪᠢᠰᠢ᠂ ᠳᠦᠷᠡᠯᠵᠡᠬᠦ ᠶᠢ ᠬᠦᠰᠡᠭᠰᠡᠨ ᠭᠠᠯ ᠪᠣᠯᠭᠠᠬᠤ ᠭᠡᠪᠡᠯ ᠰᠤᠷᠤᠯᠴᠠᠯᠭ᠎ᠠ ᠬᠡᠷᠡᠭᠲᠡᠢ᠂ ᠤᠴᠢᠷ ᠨᠢ ᠰᠤᠷᠤᠯᠴᠠᠯᠭ᠎ᠠ ᠪᠣᠯ ᠰᠣᠷᠭᠤᠭ ᠴᠡᠴᠡᠭ ᠤᠨ ᠬᠤᠷᠴᠠ ᠤᠯᠠᠭᠠᠨ ᠦᠩᠭᠡ ᠡ᠂ ᠰᠣᠮᠤᠳᠠᠬᠤ ᠦᠷᠦᠮᠳᠡᠭᠦᠷ ᠤᠨ ᠠᠯᠠᠮᠠᠰ ᠬᠠᠲᠠᠭᠤ ᠦᠵᠦᠭᠦᠷ ᠡ᠃ᠵᠠᠯᠠᠭᠤ ᠨᠠᠰᠤᠨ ᠤ ᠦᠨ᠎ᠡ ᠥᠷᠳᠡᠭ ᠢ ᠪᠠᠳᠠᠷᠠᠭᠤᠯᠤᠨ ᠵᠣᠯᠪᠤᠭᠠᠲᠦ ᠡᠷᠡᠨ ᠳᠤ ᠭᠡᠷᠡᠯ ᠢᠯᠴᠢ ᠡᠷᠭᠦᠶ᠎ᠡ ᠭᠡᠪᠡᠯ ᠡᠷᠬᠡᠪᠡᠰᠢ ᠰᠢᠮᠳᠠᠨ ᠰᠤᠷᠤᠯᠴᠠᠬᠤ ᠬᠡᠷᠡᠭᠲᠡᠢ᠃ ᠬᠦᠪᠡᠭᠡ ᠬᠢᠵᠠᠭᠠᠷ ᠦᠭᠡᠢ ᠮᠡᠳᠡᠯᠭᠡ ᠶᠢᠨ ᠶᠡᠭᠡ ᠳᠠᠯᠠᠢ ᠠᠴᠠ ᠱᠢᠷᠦ ᠰᠣᠪᠤᠳ ᠱᠦᠭᠦᠬᠦ ᠮᠡᠲᠦ ᠬᠦᠪᠴᠢᠨ ᠦᠨᠳᠦᠷ ᠬᠠᠯᠢᠯ ᠬᠠᠳᠠᠨ ᠠᠴᠠ ᠭᠠᠩᠭᠠᠨᠩ ᠴᠡᠴᠡᠭ ᠲᠡᠭᠦᠭᠦ ᠮᠡᠲᠦ ᠠᠯᠮᠠᠰ ᠬᠠᠲᠠᠭᠤ ᠵᠣᠷᠢᠭ ᠢᠶᠠᠷ ᠰᠢᠷᠭᠠᠭᠤ ᠬᠠᠲᠠᠭᠤᠵᠢᠯᠲᠠᠢ ᠪᠠᠷ ᠠᠵᠢᠯᠯᠠᠵᠤ ᠰᠤᠷᠤᠯᠴᠠᠬᠤ ᠬᠡᠷᠡᠭᠲᠡᠢ᠃ᠲᠡᠶᠢᠮᠦ ᠠᠴᠠ ᠵᠠᠯᠠᠭᠤ ᠨᠠᠰᠤ ᠪᠣᠯ ᠬᠢᠲᠤᠭ᠎ᠠ ᠮᠡᠰᠡ ᠮᠦᠨ᠂ ᠰᠤᠷᠤᠯᠴᠠᠯᠭ᠎ᠠ ᠪᠣᠯ ᠦᠷᠦᠵᠦ ᠬᠤᠷᠴᠠᠯᠠᠬᠤ  ᠪᠢᠯᠡᠭᠦᠦ ᠮᠦᠨ᠃ᠣᠷᠢ ᠵᠠᠯᠠᠭᠤ ᠨᠠᠰᠤ ᠭᠡᠭᠴᠢ ᠣᠮᠤᠭ ᠵᠣᠷᠢᠭ ᠤᠨ ᠪᠠᠮᠪᠠᠷ᠂ ᠤᠷᠤᠭᠰᠢᠯᠠᠬᠤ ᠠᠶᠠᠨ ᠤ ᠴᠣᠣᠷᠢᠶ᠎ᠠ ᠶᠤᠮ ᠡ︕ ᠠᠯᠲᠠᠨ ᠰᠢᠷᠭᠠᠯ ᠭᠤᠪᠢ ᠳᠤ ᠨᠣᠮᠢᠨ ᠳᠠᠪᠠᠯᠭᠠᠨ ᠪᠣᠰᠬᠠᠬᠤ ᠨᠢ ᠦᠨᠡᠬᠡᠷ ᠰᠠᠶᠢᠬᠠᠨ ᠡ︕ ᠵᠣᠯ ᠵᠢᠷᠭᠠᠯᠲᠦ ᠡᠬᠡ ᠣᠷᠤᠨ ᠤ ᠪᠠᠨ ᠥᠭᠡᠷᠡᠴᠢᠯᠡᠯᠲᠡ ᠨᠡᠭᠡᠭᠡᠯᠲᠡ ᠶᠢᠨ ᠪᠦᠲᠦᠭᠡᠨ ᠪᠠᠶᠢᠭᠤᠯᠤᠯᠲᠠ ᠳᠤ ᠬᠤᠪᠢ ᠨᠡᠮᠡᠷᠢ ᠪᠠᠨ ᠡᠷᠭᠦᠬᠦ ᠨᠢ ᠲᠠᠨᠠᠷ ᠤᠨ ᠡᠭᠦᠷᠭᠡ ᠬᠠᠷᠢᠴᠠᠭᠤᠯᠭ᠎ᠠ ᠪᠣᠯᠬᠤ ᠶᠤᠮ ᠡ᠃ᠵᠠᠯᠠᠭᠤ ᠨᠠᠶᠢᠵᠠ ᠨᠠᠷ ᠡ︕ ᠨᠠᠷᠠᠨ ᠤ ᠡᠷᠲᠡ ᠳᠤ ᠠᠵᠢᠯ ᠢᠶᠠᠨ ᠠᠮᠵᠢᠭᠤᠯᠵᠤ᠂ ᠨᠠᠰᠤᠨ ᠤ ᠵᠠᠯᠠᠭᠤ ᠳᠤ ᠡᠷᠳᠡᠮ ᠡᠵᠡᠮᠰᠢᠨ᠎ᠡ ᠭᠡᠭᠴᠢ ᠶᠠᠭᠤᠲᠠᠢ ᠰᠠᠶᠢᠬᠠᠨ ᠣᠨᠣᠵᠤ ᠬᠡᠯᠡᠭᠰᠡᠨ ᠰᠠᠶᠢᠬᠠᠨ ᠦᠭᠡ ᠪᠣᠢ᠃ ᠬᠤᠷᠸ᠎ᠠ ᠳᠤ ᠠᠮᠢᠳᠤᠷᠠᠵᠤ ᠪᠠᠶᠢᠭ᠎ᠠ ᠬᠦᠮᠦᠨ ᠪᠦᠷᠢ ᠵᠠᠯᠠᠭᠤ ᠨᠠᠰᠤ ᠪᠠᠨ ᠮᠠᠭᠲᠠᠨ ᠳᠠᠭᠤᠯᠠᠬᠤ ᠳᠤᠷᠠᠲᠠᠢ ᠪᠠᠶᠢᠳᠠᠭ᠃ ᠵᠠᠯᠠᠭᠤ ᠨᠠᠰᠤ ᠪᠠᠨ ᠡᠷᠭᠢᠴᠡᠭᠦᠯᠦᠨ ᠳᠤᠷᠠᠰᠬᠠᠬᠤ ᠳᠤᠷᠠᠲᠠᠢ ᠪᠠᠶᠢᠳᠠᠭ᠃ ᠠᠷᠢᠭᠤᠨ ᠴᠠᠶᠢᠯᠭᠠᠨ ᠤᠯᠠ ᠮᠦᠷ ᠠᠲᠡ ᠠᠴᠠ ᠬᠠᠷᠠᠭᠳᠠᠨ᠎ᠠ᠃ ᠠᠮᠢᠳᠤᠷᠠᠯ ᠲᠡᠮᠡᠴᠡᠯ ᠤᠨ ᠢᠷᠠᠭᠤ ᠳᠠᠭᠤᠯᠠᠯ ᠠᠳᠡ ᠠᠴᠠ ᠬᠠᠩᠭᠢᠨᠠᠨ᠎ᠠ ᠵᠠᠯᠠᠭᠤ ᠨᠠᠰᠤ ᠰᠠᠶᠢᠬᠠᠨ ᠡ︕ᠵᠣᠷᠢᠭᠰᠠᠨ ᠤ ᠪᠠᠨ ᠲᠦᠯᠦᠭᠡ ︽ᠵᠦᠷᠢᠭ ᠪᠠᠷᠲᠠᠭᠠᠳᠦ ᠵᠠᠮ︾ ᠢᠶᠠᠷ ᠵᠢᠳᠭᠦᠵᠦ ᠲᠡᠮᠡᠴᠡᠬᠦ ᠵᠠᠯᠠᠭᠤ ᠨᠠᠰᠤ ᠵᠣᠪᠠᠯ ᠵᠦᠳᠡᠷᠡᠯ ᠢ ᠠᠮᠰᠠᠵᠤ ᠠᠮᠢᠳᠤᠷᠠᠭᠰᠠᠨ ᠴᠤ ᠰᠠᠶ᠎ᠠ ᠵᠢᠸ᠎ᠠ ᠲᠦᠮᠡᠨ ᠤ ᠰᠡᠳᠭᠢᠯ ᠵᠢᠷᠦᠬᠡᠨ ᠳᠤ ᠵᠢᠮᠢᠰ ᠦᠷ᠎ᠡ ᠲᠠᠢ ᠵᠢᠷᠭᠠᠯ ᠬᠦᠭᠵᠢᠯ ᠲᠠᠢ ᠲᠤᠶᠠᠭᠠᠷᠠᠵᠤ ᠪᠠᠶᠢᠳᠠᠭ᠃ᠵᠠᠯᠠᠭᠤ ᠨᠠᠰᠤ ᠪᠠ ᠰᠤᠷᠤᠯᠴᠠᠯᠭ᠎ᠠ ᠪᠣᠯ— ᠠᠤᠭ᠎ᠠ ᠶᠡᠭᠡ ᠦᠢᠯᠡᠰ ᠪᠦᠲᠦᠭᠡᠭᠴᠢᠳ ᠤᠨ ᠬᠢ ᠠᠷᠢᠭᠤᠨ ᠴᠢᠭᠡᠴᠢ ᠰᠦᠰᠥ ᠵᠣᠷᠢᠭᠲᠠᠨ ᠤ ᠬᠢ ᠪᠣᠯᠬᠤ ᠶᠤᠮ ᠡ᠃ ᠬᠡᠷᠪᠡ ᠵᠠᠯᠠᠭᠤ ᠬᠦᠮᠦᠨ ᠵᠠᠯᠠᠭᠤ ᠨᠠᠰᠤ ᠪᠠᠨ ᠤᠳᠬ᠎ᠠ ᠠᠭᠤᠯᠭ᠎ᠠ  ᠲᠠᠢ ᠦᠩᠭᠡᠷᠡᠭᠦᠯᠬᠦ ᠦᠭᠡᠢ᠂ ᠵᠦᠪᠬᠡᠨ ᠢᠳᠡᠵᠦ ᠤᠤᠭᠤᠬᠤ ᠳᠤ ᠲᠠᠰᠢᠭᠤᠷᠠᠬᠤ᠂ ᠨᠠᠭᠠᠳᠴᠤ ᠴᠡᠩᠭᠡᠬᠦ ᠳᠤ ᠰᠢᠨᠤᠬᠠᠶᠢᠷᠠᠪᠠᠯ ᠨᠡᠶᠢᠭᠡᠮ ᠤᠨ ᠬᠦᠭᠵᠢᠯᠲᠡ ᠠᠴᠠ ᠬᠤᠴᠤᠷᠴᠦ᠂ ᠴᠠᠭ ᠦᠶ᠎ᠡ ᠶᠢᠨ ᠳᠠᠪᠰᠢᠯᠲᠠ ᠠᠴᠠ ᠬᠠᠶᠠᠭᠳᠠᠬᠤ ᠪᠣᠯᠤᠨ᠎ᠠ᠃ ᠡᠳᠦᠭᠡ ᠮᠠᠨ ᠤ ᠤᠯᠤᠰ ᠬᠠᠮᠤᠭ ᠤᠨ ᠲᠦᠷᠭᠡᠨ ᠬᠤᠷᠳᠤᠴᠠ ᠪᠠᠷ ᠦᠭᠡᠷᠡᠴᠢᠯᠡᠯᠲᠡ ᠨᠡᠭᠡᠭᠡᠯᠲᠡ ᠬᠢᠵᠦ ᠬᠦᠭᠵᠢᠨ ᠤᠷᠤᠭᠰᠢᠯᠠᠵᠤ ᠪᠠᠶᠢᠨ᠎ᠠ᠃ ᠵᠠᠯᠠᠭᠤᠴᠤᠳ ᠮᠠᠨᠢ ᠨᠡᠶᠢᠭᠡᠮ ᠤᠨ ᠬᠦᠭᠵᠢᠯᠲᠡ ᠴᠠᠭ ᠦᠶ᠎ᠡ ᠶᠢᠨ ᠳᠠᠪᠰᠢᠯᠲᠠ  ᠲᠠᠢ ᠮᠦᠷᠦ ᠵᠡᠷᠭᠡᠴᠡᠨ ᠤᠷᠤᠭᠰᠢᠯᠠᠶ᠎ᠠ ᠭᠡᠪᠡᠯ ᠡᠷᠬᠡᠪᠡᠰᠢ ᠴᠠᠭ ᠦᠷᠬᠦᠯᠵᠢ ᠰᠢᠮᠳᠠᠨ ᠰᠤᠷᠤᠯᠴᠠᠵᠤ ᠤᠷᠤᠭᠰᠢᠯᠠᠨ ᠳᠠᠪᠰᠢᠵᠤ᠂ ᠨᠡᠶᠢᠭᠡᠮ ᠤᠨ ᠪᠦᠲᠦᠭᠡᠨ ᠪᠠᠶᠢᠭᠤᠯᠤᠯᠲᠠ ᠳᠤ ᠥᠪᠡᠷ ᠤᠨ ᠬᠤᠪᠢ ᠨᠡᠮᠡᠷᠢ ᠪᠠᠨ ᠡᠷᠭᠦᠬᠦ ᠬᠡᠷᠡᠭᠲᠡᠢ᠃ᠵᠠᠯᠠᠭᠤ ᠨᠠᠰᠤ ᠪᠣᠯ ᠠᠮᠢ ᠨᠠᠰᠤᠨ ᠤ ᠦᠩᠭᠡ ᠭᠡᠷᠡᠯ ᠲᠠᠢ ᠵᠤᠶᠢᠯ ᠶᠤᠮ  ᠃ ᠪᠢᠳᠡᠨ ᠵᠠᠯᠠᠭᠤ ᠨᠠᠰᠤ ᠪᠠᠨ ᠡᠷᠳᠡᠮ ᠮᠡᠳᠡᠯᠭᠡ ᠪᠠᠷ ᠴᠢᠮᠡᠵᠦ  ᠡᠬᠡ ᠣᠷᠤᠨ ᠳᠠᠭᠠᠨ᠂ ᠠᠷᠠᠳ ᠲᠦᠮᠡᠨ ᠳᠡᠭᠡᠨ᠂ ᠦᠨᠳᠦᠰᠦᠲᠡᠨ ᠳᠡᠭᠡᠨ ᠵᠣᠷᠢᠭᠤᠯᠬᠤ ᠨᠢ ᠬᠠᠮᠤᠭ ᠤᠨ ᠦᠩᠭᠡ ᠭᠡᠷᠡᠯ ᠲᠠᠢ᠂ ᠢᠷᠠᠭᠤ ᠠᠯᠲᠠᠷᠲᠠᠢ ᠣᠮᠣᠭᠰᠢᠯ ᠪᠣᠯᠬᠤ ᠶᠤᠮ ᠡ︕ ᠪᠢᠳᠡ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠬᠦ᠂ ᠶᠠᠳᠠᠭᠤ ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠰᠢᠢᠳᠪᠦᠷᠢᠲᠦ ᠴᠢᠨᠠᠷᠲᠠᠢ ᠠᠵᠢᠯᠯᠠᠭᠠᠨ ᠳᠤ ᠢᠳᠡᠪᠬᠢᠲᠡᠢ ᠣᠷᠤᠯᠴᠠᠵᠤ᠂ ᠬᠦᠳᠡᠯᠮᠦᠷᠢ ᠶᠢᠨ ᠵᠢᠱᠢᠶᠡᠴᠢ ᠶᠢᠨ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠤᠨ᠂ ᠠᠵᠢᠯ ᠢᠶᠠᠨ ᠬᠠᠶᠢᠷᠠᠯᠠᠵᠤ᠂ ᠦᠢᠯᠡᠰ ᠢᠶᠠᠨ ᠳᠡᠭᠡᠳᠦᠯᠡᠨ᠂ ᠰᠢᠷᠭᠠᠭᠤ ᠬᠠᠳᠠᠭᠤᠵᠢᠯᠲᠠᠢ ᠪᠠᠷ ᠠᠵᠢᠯᠯᠠᠵᠤ᠂ ᠡᠷᠡᠮᠡᠭᠡᠶᠢᠯᠡᠨ ᠳᠠᠪᠰᠢᠵᠤ ᠂ ᠵᠣᠷᠢᠭᠲᠠᠢ ᠪᠠᠷ ᠡᠭᠦᠳᠦᠨ ᠪᠦᠲᠦᠭᠡᠵᠦ᠂ ᠰᠢᠨ᠎ᠡ ᠴᠠᠭ ᠦᠶ᠎ᠡ ᠶᠢᠨ ᠵᠠᠯᠠᠭᠤᠴᠤᠳ ᠤᠨ ᠦᠢᠯᠡᠳᠦᠯ ᠢᠶᠠᠨ ᠭᠦᠢᠴᠡᠳ ᠪᠠᠳᠠᠷᠠᠭᠤᠯᠬᠤ ᠬᠡᠷᠡᠭᠲᠡᠢ᠃ᠭᠤᠶᠢᠳᠠ ᠴᠡᠪᠡᠷᠬᠡᠨ ᠵᠠᠯᠠᠭᠤ ᠨᠠᠰᠤ ᠪᠣᠯ ᠭᠤᠲᠤᠷᠠᠯ ᠭᠤᠨᠢᠷᠠᠯ ᠢ ᠢᠯᠠᠨ ᠭᠠᠰᠢᠭᠤᠨ ᠵᠦᠳᠡᠭᠦᠷᠢ ᠶᠢ ᠲᠤᠭᠤᠯᠵᠦ᠂ ᠭᠠᠯ ᠤᠰᠤᠨ ᠤ ᠬᠠᠯᠠᠭᠤᠨ ᠬᠦᠢᠲᠡᠨ ᠳᠤ ᠬᠠᠲᠠᠭᠤᠵᠢᠨ ᠳᠠᠪᠳᠠᠭᠳᠠᠵᠤ᠂ ᠨᠤᠭᠤᠷᠠᠯ ᠪᠦᠳᠦᠷᠡᠯ ᠠᠴᠠ ᠮᠡᠨᠳᠦᠯᠡᠭᠰᠡᠨ ᠨᠣᠮᠢᠨ ᠨᠣᠭᠤᠭᠠᠨ ᠨᠠᠷᠠᠰᠤ ᠮᠠᠶᠢᠯᠠᠰᠤ ᠮᠦᠨ︕ ᠰᠤᠷᠤᠯᠴᠠᠯᠭ᠎ᠠ ᠣᠷᠤᠯᠳᠤᠯᠭ᠎ᠠ ᠦᠭᠡᠢ ᠵᠠᠯᠠᠭᠤ ᠨᠠᠰᠤ ᠪᠣᠯ ᠵᠢᠪᠡᠷᠡᠭᠰᠡᠨ ᠲᠡᠮᠦᠷ— ᠭᠡᠭᠡᠭᠳᠡᠮᠡᠯ ᠡᠳ᠋ ᠰᠢᠭ︕ᠵᠠᠯᠠᠭᠤ ᠨᠠᠰᠤ ᠰᠠᠶᠢᠬᠠᠨ ᠡ︕ ᠵᠠᠯᠠᠭᠤ ᠬᠦᠮᠦᠨ ᠤ ᠵᠠᠮ ᠤᠨ ᠬᠦᠵᠦᠭᠦᠦ ᠤᠷᠲᠤ᠂ ᠵᠠᠯᠭᠠᠵᠤ ᠳᠠᠭᠤᠯᠠᠬᠤ ᠤᠶᠠᠩᠭᠠᠲᠤ ᠳᠠᠭᠤᠤ ᠢᠷᠠᠭᠤ ᠰᠣᠨᠤᠰᠬᠠᠯᠲᠠᠢ᠂ ᠵᠣᠷᠢᠯᠭ᠎ᠠ ᠬᠦᠰᠡᠯᠡᠩ ᠦᠭᠡᠢ ᠵᠠᠯᠠᠭᠤ ᠨᠠᠰᠤ ᠪᠣᠯ ᠵᠢᠭᠦᠷ ᠳᠠᠯᠠᠪᠴᠢ  ᠨᠢ ᠬᠤᠭᠤᠷᠠᠭᠰᠠᠨ ᠨᠠᠴᠢᠨ ᠱᠣᠩᠬᠤᠷ᠂ ᠵᠤᠳ ᠰᠢᠭᠤᠷᠭᠠᠨ ᠳᠤ ᠲᠦᠭᠡᠷᠢᠭᠰᠡᠨ ᠬᠠᠷᠴᠠᠭᠠᠢ ᠰᠢᠪᠠᠭᠤ ᠮᠡᠲᠦ᠃ ᠵᠠᠯᠠᠭᠤ ᠨᠠᠰᠤ ᠪᠣᠯ ᠲᠡᠭᠷᠢ ᠠᠭᠤᠯᠠᠨ ᠳᠤ ᠰᠦᠢᠨ ᠰᠦᠨᠳᠡᠷᠯᠡᠭᠰᠡᠨ ᠢᠳᠡᠷᠡᠭᠦᠨ ᠨᠠᠷᠠᠰᠤ ᠡ︕ ᠬᠠᠪᠤᠷ ᠢ ᠮᠡᠳᠡᠭᠡᠯᠡᠭᠴᠢ ᠨᠣᠭᠤᠭᠠᠨ ᠨᠠᠬᠢᠶ᠎ᠠ︕ ᠬᠠᠶᠢᠷ᠎ᠠ ᠶᠢ ᠲᠠᠲᠠᠭᠰᠠᠨ ᠠᠵᠢᠨᠠᠢ ᠬᠦᠯᠦᠭ ᠡ︕ᠵᠠᠯᠠᠭᠤ ᠨᠠᠰᠤ— ᠵᠢᠪᠬᠤᠭᠠᠲᠦ ᠰᠤᠷᠤᠯᠴᠠᠯᠭ᠎ᠠ ᠶᠢᠨ ᠰᠠᠭᠤᠷᠢ᠃ᠰᠤᠷᠤᠯᠴᠠᠯᠭ᠎ᠠ— ᠵᠠᠯᠠᠭᠤ ᠨᠠᠰᠤᠨ ᠤ ᠵᠢᠭᠦᠷ ᠰᠣᠳᠤ᠃ᠵᠠᠯᠠᠭᠤ ᠨᠠᠰᠤ—ᠠᠮᠵᠢᠯᠲᠠ ᠪᠦᠲᠦᠭᠡᠯ ᠢᠶᠠᠷ ᠳᠦᠭᠦᠷᠡᠩ ᠪᠠᠶᠢᠳᠠᠭ᠃ᠵᠠᠯᠠᠭᠤ ᠨᠠᠰᠤ— ᠭᠢᠯᠠᠯᠵᠠᠭᠰᠠᠨ ᠮᠠᠨᠳᠤᠬᠤ ᠦᠷ ᠤᠨ ᠴᠣᠯᠮᠤᠨ ᠡ︕ ᠲᠡᠶᠢᠮᠦ ᠠᠴᠠ ᠬᠦᠮᠦᠰ ︽ᠵᠠᠯᠠᠭᠤ ᠨᠠᠰᠤᠨ ᠳᠠᠭᠠᠨ ᠵᠠᠪᠳᠤᠵᠤ ᠰᠤᠷᠤᠯᠴᠠᠬᠤ ᠦᠭᠡᠢ ᠪᠣᠯ ᠵᠠᠬ᠎ᠠ ᠶᠢᠨ ᠠᠷᠠᠭ᠎ᠠ ᠤᠨᠠᠵᠤ᠂ ᠵᠠᠵᠢᠨ ᠦᠰᠦ ᠴᠢᠨᠢ ᠬᠢᠷᠠᠭᠤᠳᠠᠪᠠᠯ ᠵᠣᠷᠢᠭ ᠪᠠᠶᠢᠪᠠᠴᠤ ᠴᠢᠳᠠᠯ ᠮᠡᠭᠦᠰᠳᠡᠵᠦ ᠵᠣᠯᠪᠣᠭ᠎ᠠ ᠮᠠᠭᠤᠲᠠᠨ ᠶᠠᠭᠤ ᠪᠦᠬᠦᠨ ᠳᠤ ᠬᠤᠴᠤᠷᠤᠨ᠎ᠠ︾ ᠭᠡᠳᠡᠭ᠃ ᠵᠠᠯᠭᠠᠭᠠᠳ ᠢᠷᠡᠬᠦ ᠦᠭᠡᠢ ᠵᠠᠯᠠᠭᠤ  ᠨᠠᠰᠤ ᠪᠠᠨ ᠵᠦᠭᠡᠷ ᠦᠩᠭᠡᠷᠡᠭᠦᠯᠬᠦ ᠨᠢ ᠰᠢᠪᠰᠢᠭ᠂ ᠵᠢᠭᠡᠯᠡᠭᠡᠳ ᠣᠯᠬᠤ ᠦᠭᠡᠢ ᠰᠤᠷᠤᠯᠴᠠᠬᠤ ᠡᠷᠡᠨ ᠢᠶᠠᠨ ᠬᠤᠭᠤᠰᠤᠨ ᠪᠠᠷᠠᠬᠤ ᠨᠢ ᠬᠠᠷᠠᠮᠰᠡᠯᠲᠠᠢ ᠳ᠋ᠠ︕ᠵᠠᠯᠠᠭᠤ ᠨᠠᠰᠤ ᠰᠠᠶᠢᠬᠠᠨ ᠡ︕ᠵᠠᠯᠠᠭᠤ ᠨᠠᠰᠤᠨ ᠳᠠᠭᠠᠨ ᠡᠷᠳᠡᠮ ᠮᠡᠳᠡᠯᠭᠡ ᠲᠠᠢ ᠪᠣᠯ ᠨᠡᠩ ᠬᠠᠮᠤᠭ ᠠᠴᠠ ᠰᠠᠶᠢᠬᠠᠨ ᠡ︕ᠵᠠᠯᠠᠭᠤᠴᠤᠳ ᠮᠠᠨᠢ᠂ ᠠᠮᠢᠳᠤᠷᠠᠯ ᠤᠨ ᠦᠵᠡᠯᠲᠡ ᠪᠠ ᠦᠨ᠎ᠡ ᠴᠡᠨ᠎ᠡ ᠶᠢᠨ ᠦᠵᠡᠯᠲᠡ ᠶᠢ ᠪᠣᠢ ᠪᠣᠯᠭᠠᠵᠤ᠂ ᠰᠢᠷᠭᠠᠭᠤ ᠬᠠᠲᠠᠭᠤᠵᠢᠯᠲᠠᠢ᠂ ᠪᠣᠯᠪᠠᠰᠤᠨ ᠶᠣᠰᠤ ᠰᠤᠷᠲᠠᠬᠤᠨ ᠲᠠᠢ ᠪᠠᠶᠢᠵᠤ᠂ ᠭᠡᠷᠡᠯ ᠰᠠᠴᠤᠷᠠᠭᠰᠠᠨ ᠰᠢᠨ᠎ᠡ ᠦᠢᠯᠡᠰ ᠢᠶᠠᠨ ᠴᠣᠭᠴᠠᠯᠠᠨ ᠪᠠᠶᠢᠭᠤᠯᠬᠤ ᠶᠢᠨ ᠲᠦᠯᠦᠭᠡ ᠡᠭᠦᠷᠢᠳᠡ ᠴᠢᠷᠮᠠᠶᠢᠨ ᠰᠤᠷᠤᠯᠴᠠᠬᠤ ᠬᠡᠪ ᠰᠤᠷᠲᠠᠯ ᠲᠠᠢ ᠪᠣᠯᠵᠦ ᠬᠡᠮᠡᠷᠯᠢᠭ ᠲᠣᠷᠭᠠᠨ ᠡᠬᠡ ᠣᠷᠤᠨ ᠨᠤᠲᠤᠭ ᠤᠰᠤᠨ ᠳᠠᠭᠠᠨ ᠬᠤᠪᠢ ᠨᠡᠮᠡᠷᠢ ᠪᠠᠨ ᠡᠷᠭᠦᠬᠦ ᠨᠢ ᠠᠵᠠ ᠲᠠᠢ ᠰᠠᠶᠢᠬᠠᠨ ᠣᠮᠣᠭᠰᠢᠯ ᠪᠣᠯᠬᠤ ᠶᠤᠮ  ᠡ︕                                                                  ᠳᠥᠡᠭᠯᠢᠶᠣᠣ ᠮᠣᠩᠭᠤᠯ ᠥᠨᠳᠥᠰᠥᠳᠡᠨ ᠤ  ᠲᠤᠮᠳᠠᠳᠥ ᠰᠤᠷᠭᠠᠭᠤᠯᠢ ᠶᠢᠨ                                                                  ᠮᠣᠩᠭᠤᠯ   ᠬᠡᠯᠡᠨ     ᠤ    ᠵᠢᠭᠠᠨ    ᠰᠤᠷᠭᠠᠬᠤ   ᠲᠤᠭᠤᠶᠢᠯᠠᠩ                                                                       姓名:敖斯尔        15750560906                                                                            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号