ᠳᠠᠷᠬᠠᠨ ᠠᠭᠤᠯᠠ
ᠨᠡᠶᠢᠲᠡᠯᠡᠭᠰᠡᠨ ᠴᠠᠭ᠄
2020/11/6
      — ᠪ᠊ · ᠴᠣᠯᠮᠣᠨ ᠪᠠᠶᠠᠨ ᠲᠣᠣᠪᠠᠢ ᠳᠠᠷᠬᠠᠨ ᠠᠭᠤᠯᠠ ᠪᠠᠭᠠᠷᠢᠨ ᠨᠣᠳᠤᠭ ᠤᠨ ᠰᠦᠯᠳᠡ ᠬᠠᠶᠢᠷᠬᠠᠨ ᠶᠣᠮ ᠪᠠᠶᠠᠯᠢᠭ ᠳᠠᠩᠰᠤᠭ ᠦᠵᠡᠮᠵᠢ ᠲᠠᠢ ᠪᠠᠭ᠋ᠠᠷᠣᠯ ᠢ ᠳᠠᠳᠠᠬᠰᠠᠨ ᠠᠭᠤᠯᠠ ᠶᠣᠮ ᠮᠠᠨ ᠤ ᠨᠣᠳᠤᠭ ᠤᠨ ᠳᠠᠷᠬᠠᠨ ᠠᠭᠤᠯᠠ ᠮᠠᠬᠳᠠᠭᠠᠯ ᠰᠢᠯᠦᠭ ᠤᠨ ᠳᠠᠯᠠᠢ ᠶᠣᠮ ᠮᠠᠯᠴᠢᠨ ᠲᠦᠮᠡᠨ ᠳᠡᠭᠡᠨ ᠬᠦᠨᠳᠦᠳᠬᠡᠯ ᠲᠠᠢ ᠮᠠᠰᠢ ᠰᠦᠷᠯᠢᠭ ᠠᠭᠤᠯᠠ ᠶᠣᠮ ᠲᠦᠷᠦᠭᠰᠡᠨ ᠨᠣᠳᠤᠭ ᠤᠨ ᠳᠠᠷᠬᠠᠨ ᠠᠭᠤᠯᠠ ᠪᠠᠨ ᠰᠢᠳᠦᠵᠦ ᠮᠠᠬᠳᠠᠬᠤ ᠰᠦᠵᠢᠭ ᠲᠠᠢ ᠪᠢ ᠳᠡᠯᠭᠡᠷ ᠪᠠᠶᠠᠨ ᠦᠵᠡᠮᠵᠢ ᠶᠢ ᠨᠢ ᠰᠢᠯᠦᠭᠯᠡᠵᠦ ᠳᠠᠭᠤᠷᠢᠰᠣᠭᠤᠯᠬᠤ ᠬᠦᠰᠡᠯ ᠲᠠᠢ ᠪᠢ ᠬᠠᠶᠢᠷᠠᠯᠠᠬᠤ ᠶᠢᠨ ᠵᠠᠶᠠᠭ᠎ᠠ ᠲᠠᠢ ᠠᠭᠤᠯᠠ ᠪᠠᠨ ᠬᠠᠩᠬᠢᠨᠠᠳᠠᠯ᠎ᠠ ᠳᠠᠭᠤᠯᠠᠬᠤ ᠶᠢ ᠰᠠᠨᠠᠯ᠎ᠠ ᠪᠢ ᠬᠠᠶᠢᠷᠬᠠᠨ ᠰᠠᠷᠢᠳᠠᠭ ᠳᠠᠷᠬᠠᠨ ᠠᠭᠤᠯᠠ ᠪᠠᠨ ᠬᠠᠨᠣᠳᠠᠯ᠎ᠠ ᠣᠶᠠᠩᠭᠠᠯᠠᠬᠤ ᠶᠢ ᠬᠦᠰᠡᠯ᠎ᠡ ᠪᠢ ᠪᠠᠭᠠᠷᠢᠨ ᠨᠣᠳᠤᠭ ᠤᠨ ᠠᠭᠤᠯᠠ ᠬᠠᠶᠢᠷᠬᠠᠳ ᠳᠡᠬᠦᠰ ᠰᠠᠶᠢᠬᠠᠨ ᠦᠵᠡᠮᠵᠢ ᠲᠠᠢ ᠶᠣᠮ ᠪᠠᠶᠠᠨ ᠳᠣᠣᠪᠠᠢ ᠳᠠᠷᠬᠠᠨ ᠠᠭᠤᠯᠠ ᠳᠡᠣᠬᠡ ᠰᠠᠱᠳᠢᠷ ᠲᠤ ᠠᠯᠳᠠᠷ ᠲᠠᠢ ᠶᠣᠮ ᠠᠮᠢᠵᠢᠷᠠᠯ ᠤᠨ ᠳᠣᠩᠬᠠᠭ ᠳᠠᠯᠠᠯᠣᠬᠰᠠᠨ ᠣᠷᠢᠬᠠᠨ ᠬᠠᠪᠣᠷ ᠤᠨ ᠣᠯᠠᠷᠢᠯ ᠢᠷᠡᠬᠦ ᠳᠤ ᠠᠷᠳᠠᠢ ᠳᠣᠷᠭᠠᠨ ᠬᠠᠳᠠᠭ ᠳᠡᠯᠭᠡᠭᠰᠡᠨ ᠰᠢᠭ᠋ ᠣᠰᠣᠨ ᠵᠡᠷᠭᠡᠯᠭᠡᠨ ᠲᠠᠢ ᠪᠦᠵᠢᠭᠯᠡᠳᠡᠭ ᠶᠣᠮ ᠠᠰᠠᠷ ᠳᠠᠬᠳᠦ ᠶᠢᠨ ᠳᠦᠷᠰᠦ ᠲᠠᠢ ᠠᠯᠣᠰ ᠠᠴᠠ ᠬᠦᠬᠡᠷᠡᠳᠡᠭ ᠴᠢᠯᠠᠭᠤᠳ ᠨᠢ ᠠᠬᠢ ᠳᠠᠭᠠᠨ᠎ᠠ ᠳᠠᠭᠠᠨ ᠬᠤᠴᠢᠬᠳᠠᠭᠠᠳ ᠠᠷᠪᠠᠨ ᠤ ᠭᠠᠵᠠᠷ ᠠᠴᠠ ᠰᠡᠩᠬᠢᠨᠡᠳᠡᠭ ᠶᠣᠮ ᠵᠣᠯᠪᠣᠭᠠᠳᠦ ᠵᠣᠨ ᠤ ᠣᠯᠠᠷᠢᠯ ᠪᠣᠯᠬᠤ ᠳᠤ ᠵᠦᠢᠯ ᠤᠨ ᠴᠡᠴᠡᠬᠡᠰ ᠨᠢ ᠵᠠᠳᠠᠷᠠᠭᠠᠳ ᠵᠢᠪᠬᠤᠭᠠᠳᠦ ᠰᠦᠷ ᠨᠢ ᠳᠣᠳᠣᠷᠠᠭᠠᠳ ᠵᠣᠰᠠᠯᠠᠩ ᠤᠨ ᠳᠦᠷᠬᠦ ᠪᠠᠷ ᠴᠢᠮᠡᠭᠯᠡᠳᠡᠭ ᠶᠣᠮ ᠵᠠᠭᠤᠨ ᠵᠦᠢᠯ ᠤᠨ ᠠᠷᠢᠶᠠᠳᠠᠨ ᠰᠢᠪᠠᠭᠤᠳ ᠵᠣᠷᠴᠢᠵᠦ ᠰᠦᠯᠵᠢᠯᠳᠦᠨ ᠳᠣᠬᠯᠠᠵᠠᠭᠠᠭᠠᠳ ᠵᠢᠶᠠᠩᠨᠠᠨ ᠭᠠᠵᠠᠷ ᠤᠨ ᠦᠵᠡᠮᠵᠢ ᠪᠦᠷᠢᠳᠦᠴᠢᠭᠡᠭᠡᠳ ᠵᠢᠪᠬᠤᠭᠠᠳᠦ ᠴᠣᠬᠴᠠᠰ ᠨᠢ ᠭᠤᠶᠣᠵᠠᠳᠠᠭ ᠶᠣᠮ ᠰᠠᠷᠠᠭᠤᠯ ᠳᠡᠯᠡᠬᠡᠢ ᠶᠢᠨ ᠡᠭᠡᠯᠵᠢ ᠪᠠᠷ ᠪᠠᠶᠠᠨ ᠨᠠᠮᠣᠷ ᠰᠠᠭᠠᠳᠣᠬᠤ ᠳᠤ ᠰᠠᠮᠣᠷ ᠵᠢᠮᠢᠰ ᠨᠢ ᠪᠣᠯᠪᠠᠰᠣᠷᠠᠭᠠᠳ ᠱᠢᠷᠦ ᠰᠣᠪᠣᠳ ᠰᠢᠭ᠋ ᠣᠨᠵᠠᠩᠨᠠᠳᠠᠭ ᠶᠣᠮ ᠠᠳᠠᠨ ᠳᠡᠮᠡᠭᠡᠳ ᠤᠨ ᠰᠦᠷᠦᠭ ᠰᠢᠭ ᠠᠰᠬ᠎ᠠ ᠬᠠᠳᠠᠨ ᠠᠷᠬᠠᠶᠢᠯᠴᠠᠵᠦ ᠠᠭᠤᠯᠠ ᠶᠢᠨ ᠢᠬᠴᠣ ᠰᠦᠬᠡᠭ ᠳᠤ ᠨᠢ ᠠᠷᠢᠶᠠᠳᠠᠨ ᠬᠦᠷᠦᠭᠡᠰᠦ ᠰᠦᠷᠦᠭᠯᠡᠳᠡᠭ ᠭᠤᠨ᠎ᠠ ᠶᠢᠨ ᠡᠪᠡᠷ ᠬᠦᠯᠳᠡᠭᠡᠮ᠎ᠠ ᠭᠤᠷᠪᠠ ᠶᠢᠰᠦ ᠶᠢᠨ ᠡᠷᠡᠨ ᠳᠤ ᠭᠤᠨᠵᠠᠨ ᠰᠣᠭᠤ ᠣᠶᠠᠬᠠᠨ ᠮᠦᠭᠡᠷᠦᠯᠳᠦᠵᠦ ᠭᠤᠪᠢ ᠬᠦᠨᠳᠡᠢ ᠶᠢ ᠪᠠᠶᠠᠰᠬᠠᠳᠠᠭ ᠶᠣᠮ ᠴᠠᠭᠠᠨ ᠬᠦᠷᠮ᠎ᠡ ᠪᠠᠨ ᠬᠡᠳᠦᠷᠴᠢᠬᠡᠭᠡᠳ ᠡᠪᠦᠬᠡᠨ ᠪᠣᠭᠤᠷᠣᠯ ᠰᠠᠷᠢᠳᠠᠭ ᠣᠷᠬᠢᠯ ᠳᠠᠪᠣᠨ ᠬᠤᠰᠢᠭᠤ ᠮᠠᠯ ᠰᠦᠷᠦᠭ ᠳᠤ ᠨᠦᠮᠦᠷᠢ ᠪᠣᠯᠣᠭᠠᠳ ᠰᠡᠬᠦᠶᠢᠳᠡᠭ ᠶᠣᠮ ᠲᠡᠭᠳᠡᠷ ᠲᠡᠭᠳᠡᠷ ᠢᠶᠠᠷ ᠦᠭᠰᠦᠭᠰᠡᠨ ᠲᠡᠭᠡᠳᠤ ᠶᠢᠨ ᠨᠤᠳᠤᠭ ᠤᠨ ᠰᠢᠳᠤᠬᠡᠨ ᠠᠭᠤᠯᠨ ᠲᠠᠪᠬᠤᠷᠯᠠᠨ ᠲᠠᠪᠬᠤᠷᠯᠠᠨ ᠤᠷᠭᠤᠠᠨᠰᠠᠨ ᠲᠠᠷᠬᠠᠨ ᠨᠤᠳᠤᠭ ᠤᠨ ᠰᠦᠯᠳᠠ ᠠᠭᠤᠯᠨ ᠠᠯᠤᠰ ᠠᠯᠤᠰ ᠠᠴᠠ ᠰᠦᠨᠳᠤᠷᠯᠡᠭᠰᠡᠨ ᠠᠮᠤᠭᠤᠯᠠᠩ ᠤᠷᠤᠨ ᠤ ᠬᠡᠢ ᠮᠤᠷᠢ ᠠᠭᠤᠯᠨ ᠬᠤᠯᠨ ᠬᠤᠯᠨ ᠠᠴᠠ ᠬᠠᠨᠠᠶᠢᠠᠨᠰᠠᠨ ᠬᠤᠳᠠᠯᠨ ᠤᠯᠠᠨ ᠤ ᠢᠪᠡᠬᠡᠯ ᠠᠭᠤᠯᠨ ᠡᠭᠴᠨ ᠡᠭᠴᠨ ᠦᠨᠳᠤᠷ ᠬᠠᠳᠠ ᠲᠠᠢ ᠡᠯᠳᠡᠪ ᠵᠦᠢᠯ ᠤᠨ ᠮᠤᠳᠤ ᠲᠠᠢ ᠠᠭᠤᠯᠨ ᠡᠯᠪᠡᠭ ᠡᠯᠪᠡᠭ ᠮᠤᠳᠤ ᠤᠷᠭᠤᠮᠠᠯ ᠲᠠᠢ ᠡᠷᠳᠡᠨ ᠤ ᠦᠶ᠎ᠠ ᠶᠢᠨ ᠪᠠᠯᠠᠷᠯᠢᠭ ᠠᠭᠤᠯᠨ ᠮᠦᠬᠡᠷᠤᠤ ᠮᠦᠬᠡᠷᠤᠤ ᠱᠤᠷᠤᠩ ᠬᠠᠳᠠ ᠲᠠᠢ ᠮᠦᠡᠭᠭᠡ ᠶᠢᠨ ᠲᠦᠷᠪᠡᠨ ᠪᠤᠯᠠᠭ ᠲᠠᠢ ᠠᠭᠤᠯᠨ ᠮᠠᠶᠢᠯᠠᠰᠤ ᠨᠠᠷᠠᠰᠤ ᠶᠢᠨ ᠪᠦᠷᠬᠦᠴᠨ ᠲᠠᠢ ᠮᠦᠡᠭᠭᠡ ᠨᠤᠭᠤᠭᠠᠨ ᠨᠤᠳᠤᠭ ᠤᠨ ᠠᠭᠤᠯᠨ ᠵᠦᠢᠯ ᠤᠨ ᠤᠷᠭᠤᠮᠠᠯ ᠤᠨ ᠪᠦᠷᠬᠦᠴᠨ ᠲᠠᠢ ᠵᠢᠩᠰᠡᠳᠤ ᠤᠷᠤᠢ ᠶᠢᠨ ᠦᠵᠡᠮᠵᠢ ᠲᠠᠢ ᠠᠭᠤᠯᠨ ᠰᠡᠷᠳᠡᠶᠢᠵᠦ ᠰᠡᠷᠪᠡᠶᠢᠭᠰᠡᠨ ᠬᠠᠳᠠᠳ ᠲᠠᠢ ᠰᠡᠷᠬᠦᠯᠡᠩ ᠤᠨ ᠪᠠᠷᠳᠠᠭ᠎ᠠ ᠲᠠᠢ ᠠᠭᠤᠯᠨ ᠠᠭᠤᠳᠠᠮ ᠰᠠᠷᠠᠭᠤᠯ ᠵᠦ᠋ ᠨᠢᠷᠤᠭᠤ ᠳᠤᠨᠢ ᠠᠳᠤᠭᠤ ᠦᠬᠡᠷ ᠤᠨ ᠪᠡᠯᠴᠢᠬᠡᠨ ᠲᠠᠢ ᠠᠭᠤᠯᠨ ᠠᠷᠤ ᠦᠪᠤᠷ ᠤᠨ ᠭᠤᠤ ᠵᠢᠯᠠᠭ᠎ᠠ ᠳᠤᠨᠢ ᠠᠷᠢᠶᠠᠳᠠᠨ ᠠᠮᠢᠳᠠᠨ ᠤ ᠲᠤᠠᠨᠯᠠᠭᠠᠨ ᠲᠠᠢ ᠠᠭᠤᠯᠨ ᠱᠠᠬᠠᠶᠢᠵᠦ ᠬᠠᠷᠠᠪᠠᠯ ᠮᠠᠯᠠᠭᠠᠢ ᠤᠨᠠᠮᠠᠷ ᠰᠢᠷ᠎ᠠ ᠲᠠᠪᠰᠠᠩ ᠤᠨ ᠤᠷᠤᠢ ᠲᠠᠢ ᠠᠭᠤᠯᠨ ᠴᠠᠪᠴᠢᠵᠦ ᠵᠠᠰᠠᠭᠠᠳ ᠪᠤᠰᠬᠠᠠᠨᠰᠠᠨ ᠬᠡᠮᠡᠷ ᠴᠢᠭᠠᠨ ᠬᠠᠳᠠᠨ ᠤ ᠦᠵᠡᠮᠵᠢ ᠲᠠᠢ ᠠᠭᠤᠯᠨ ᠦᠬᠡᠷ ᠴᠢᠯᠠᠭᠤ ᠶᠢᠨ ᠲᠠᠪᠬᠤᠷᠭ᠎ᠠ ᠡᠩᠨᠡᠷᠡᠭᠰᠡᠨ ᠡᠷᠪᠡᠬᠡᠢ ᠳ᠋ᠸᠡᠭ ᠬᠠᠳᠠ ᠲᠠᠢ ᠠᠭᠤᠯᠨ ᠤᠨᠤᠭ᠎ᠠ ᠮᠠᠯ ᠬᠡᠳᠤᠯᠡᠵᠦ ᠦᠡᠭᠭᠡᠷᠡᠭᠰᠡᠨ ᠤᠨᠢ ᠰᠡᠳᠡᠷᠭᠡᠢ ᠶᠢᠨ ᠴᠤᠪᠤᠭ᠎ᠠ ᠲᠠᠢ ᠠᠭᠤᠯᠨ ᠬᠤᠯᠨ ᠤᠶᠢᠷ᠎ᠠ ᠠᠴᠠ ᠲᠠᠬᠢᠯᠭ᠎ᠠ ᠡᠷᠬᠦᠭᠰᠡᠨ ᠬᠤᠰᠤᠳᠤ ᠤᠪᠤᠭᠠᠨ ᠤ ᠰᠢᠳᠤᠬᠡᠨ ᠲᠠᠢ ᠠᠭᠤᠯᠨ ᠬᠦᠨᠳᠤᠳᠬᠡᠯ ᠶᠡᠬᠡᠳᠡᠢ ᠤᠪᠤᠭ᠎ᠠ ᠲᠠᠬᠢᠨᠨᠰᠠᠨ ᠬᠦᠰᠡᠯ ᠨᠠᠶᠢᠳᠠᠯᠭ᠎ᠠ ᠶᠢᠨ ᠲᠠᠭᠠᠳᠬᠠᠯ ᠲᠠᠢ ᠠᠭᠤᠯᠨ ᠰᠦᠷ ᠵᠢᠪᠬᠤᠭᠠᠳᠤ ᠬᠠᠶᠢᠷᠬᠠᠨ ᠳᠤ ᠡᠷᠳᠡᠨ ᠤ ᠤᠯᠠᠨ ᠪᠠᠭᠤᠷᠢ ᠲᠠᠢ ᠠᠭᠤᠯᠨ ᠰᠦᠯᠳᠠ ᠬᠡᠶᠢᠮᠤᠷᠢ ᠶᠢ ᠮᠠᠨᠳᠤᠭᠤᠯᠤᠠᠨᠰᠠᠨ ᠰᠦᠮ᠎ᠠ ᠬᠡᠶᠢᠳ ᠤᠨ ᠦᠯᠡᠳᠡᠭᠡᠯ ᠲᠠᠢ ᠠᠭᠤᠯᠨ ᠬᠦᠬᠡ ᠲᠡᠭᠷᠢ ᠲᠠᠢ ᠵᠠᠯᠭᠠᠯᠳᠤᠠᠨᠰᠠᠨ ᠬᠦᠬᠡᠮᠳᠤᠭ᠌ ᠬᠠᠶᠢᠷᠬᠠᠨ ᠲᠠᠷᠬᠠᠨ ᠠᠭᠤᠯᠨ ᠬᠦᠳᠡᠭᠡ ᠲᠡᠨᠢᠬᠦᠨ ᠨᠤᠳᠤᠭ ᠲᠠᠭᠠᠨ ᠬᠦᠭᠵᠢᠯ ᠲᠠᠯᠠᠯᠤᠨ ᠰᠦᠨᠳᠤᠷᠯᠡᠭᠰᠡᠨ ᠠᠭᠤᠯᠨ ᠦᠨᠢᠷ ᠪᠠᠶᠠᠯᠢᠭ ᠠᠭᠤᠯᠨ ᠪᠠᠨ ᠦᠪᠯᠡᠵᠦ ᠬᠠᠮᠠᠭᠠᠯᠠᠵᠦ ᠶᠠᠪᠤᠶ᠎ᠠ ᠦᠯᠡᠮᠵᠢ ᠶᠡᠭᠡ ᠬᠡᠰᠢᠭ ᠪᠤᠶᠠᠨ ᠢᠶᠠᠨ ᠦᠨᠢᠳᠠ ᠡᠬᠦᠷᠢᠳᠠ ᠲᠡᠭᠡᠵᠢᠯᠡᠵᠦ ᠶᠠᠪᠤᠶ᠎ᠠ︕ ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠪᠠᠯᠭᠠᠰᠤᠨ ᠤ         ᠰᠢᠪᠠᠷᠳᠡᠢ ᠭᠠᠴᠠᠭ᠎ᠠ  ᠴᠠᠭᠠᠨ ᠤᠪᠤᠭ᠎ᠠ ᠲᠤᠭᠤᠶᠢᠯᠠᠩ ᠤᠳᠠᠰᠤ᠄ 159 4764 6047
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号