ᠦᠷᠡᠭᠳᠡᠬᠦ  ᠨᠠᠮᠤᠷ  ᠤᠨ  ᠭᠤᠨᠢᠶᠠᠷᠬᠠᠯ
ᠨᠡᠶᠢᠲᠡᠯᠡᠭᠰᠡᠨ ᠴᠠᠭ᠄
2020/11/6
                                ᠷᠢ᠊  ᠂ ᠰᠡᠴᠡᠨᠳᠤ    ᠲᠤᠭᠤᠭ᠎ᠠ  ᠶᠠᠩᠬᠢᠨᠡᠳᠡᠯ᠎ᠡ  ᠤᠷᠤᠮᠳᠠᠬᠤ  ᠪᠤᠭᠤ  ᠶᠢᠨ  ᠲᠠᠭᠤᠨ  ᠢᠶᠠᠷ    ᠴᠤᠤᠷᠢᠶ᠎ᠡ  ᠲᠤᠮᠨᠠᠬᠤ  ᠪᠠᠨ  ᠶᠠᠭᠠᠬᠢᠭᠠᠳ  ᠮᠠᠷᠳᠠᠴᠢᠬᠠᠯ᠎ᠠ  ᠳ᠋ᠠ  ᠭᠡᠵᠤ    ᠲᠤᠮᠤᠭ  ᠬᠠᠭᠤᠴᠢ  ᠬᠦᠭᠡᠷᠴᠤ  ᠰᠠᠭᠤᠭᠰᠠᠨ  ᠡᠮᠡᠭᠡᠳ  ᠭᠡᠨᠡᠳᠬᠡᠨ  ᠤᠤᠯᠭᠠᠯᠠᠬᠤ ᠳᠤ    ᠴᠠᠪᠰᠢᠭ᠍ᠰᠡᠨ  ᠪᠤᠳᠤᠩ   ᠨᠢ ᠠᠩᠭᠠᠰᠬᠢᠵᠤ ᠲᠡᠷᠡᠬᠡᠨ  ᠪᠤᠷᠬᠠᠨ  ᠪᠤᠯᠪᠠ    ᠬᠠᠯᠢᠰᠤ  ᠪᠤᠯᠳᠠᠯ᠎ᠠ  ᠬᠳᠠᠩᠬᠠᠶᠢᠷᠠᠭᠰᠠᠨ   ᠮᠦᠬᠦᠨ  ᠦᠷᠴᠢᠯᠡᠭᠡ  ᠪᠠᠷ    ᠬᠠᠷᠢᠬᠤ  ᠨᠠᠮᠤᠷ  ᠢᠶᠠᠨ  ᠶᠠᠭᠠᠬᠢᠭᠠᠳ ᠢᠯᠠᠭᠳᠠᠴᠢᠬᠠᠪᠠ   ᠳ᠋ᠠ  ᠭᠡᠵᠤ    ᠬᠤᠮᠤᠷᠠᠭᠰᠠᠨ  ᠨᠠᠪᠴᠢᠰ  ᠤᠨᠠᠵᠤ  ᠮᠤᠳᠤᠳ  ᠭᠡᠨᠡᠳᠬᠡᠨ   ᠨᠢᠴᠤᠭᠡᠷᠡᠬᠦ   ᠳᠤ    ᠬᠤᠬᠢᠮᠤᠢ  ᠰᠠᠯᠠᠭ᠎ᠠ   ᠨᠢ  ᠶᠤᠷᠳᠤᠶᠢᠰᠬᠢᠵᠤ  ᠡᠮᠭᠡᠨᠢᠯ  ᠢᠯᠡᠷᠬᠡᠶᠢᠯᠡᠪᠡ    ᠦᠷᠤᠭᠡᠰᠤᠨ  ᠲᠠᠯᠤ  ᠰᠢᠭ᠋  ᠲᠤᠭᠤᠷᠤᠤ  ᠶᠢᠨ  ᠲᠡᠭᠳᠡᠭᠡᠭᠡᠢ    ᠦᠨᠳᠤᠷ  ᠲᠡᠭᠷᠢ  ᠲᠡᠭᠡᠨ  ᠶᠠᠭᠠᠬᠢᠭᠠᠳ  ᠵᠡᠯᠡᠯᠡᠵᠤ  ᠶᠠᠳᠠᠪᠠ  ᠳ᠋ᠠ  ᠭᠡᠵᠤ    ᠬᠠᠭᠤᠷᠮᠠᠭ  ᠮᠠᠨᠠᠨ  ᠪᠤᠯᠵᠤ  ᠬᠠᠯᠬᠠᠯᠠᠭᠰᠠᠨ  ᠡᠬᠦᠯᠡᠰ  ᠭᠡᠨᠡᠳᠬᠡᠨ  ᠬᠦᠰᠡᠷᠳᠡᠬᠦ  ᠳᠤ      ᠬᠦᠩᠬᠡᠨ  ᠵᠢᠬᠦᠷ   ᠨᠢ  ᠴᠠᠷᠴᠠᠰᠬᠢᠨ  ᠨᠠᠭᠤᠷ  ᠤᠨ  ᠮᠦᠰᠤ  ᠪᠤᠯᠪᠠ   ᠤᠷ᠎ᠠ  ᠤᠭᠠᠯᠵᠠᠳᠠᠷᠠᠯ᠎ᠠ  ᠪᠦᠭᠡᠮᠨᠡᠷᠡᠬᠦ  ᠬᠠᠵᠠᠭᠠᠷ  ᠡᠪᠡᠰᠤ   ᠪᠠᠷ   ᠦᠵᠡᠰᠬᠦᠯᠡᠩᠳᠤ  ᠲᠠᠯ᠎ᠠ  ᠪᠠᠨ  ᠶᠠᠭᠠᠬᠢᠭᠠᠳ  ᠠᠯᠳᠠᠴᠢᠬᠠᠯ᠎ᠠ  ᠳ᠋ᠠ  ᠭᠡᠵᠤ   ᠬᠢᠨᠠᠭᠤᠷᠬᠠᠨ  ᠠᠷᠭᠠᠳᠠᠯ   ᠬᠦᠪᠰᠡᠶᠢᠯᠭᠡᠨ  ᠪᠠᠶᠢᠬᠤ  ᠴᠠᠰᠤᠨ  ᠭᠡᠨᠡᠳᠬᠡᠨ  ᠪᠤᠳᠠᠷᠠᠬᠤ  ᠪᠠᠷ   ᠬᠡᠭᠡᠮᠰᠤᠭ᠍ᠬᠡᠨ  ᠲᠠᠯᠠᠰᠳᠤ   ᠨᠢ  ᠬᠡᠶᠢᠰᠴᠤ    ᠡᠵᠡᠬᠦᠶᠢᠷᠡᠯ  ᠤᠨ   ᠰᠦᠨᠡᠰᠤ  ᠪᠤᠯᠪᠠ  ᠃          ᠬᠠᠶ᠋ᠢᠭ  ᠄  ᠰᠢᠯᠢ  ᠶᠢᠨ  ᠭᠤᠤᠯ  ᠠᠶᠢᠮᠠᠭ  ᠤᠨ  ᠵᠡᠬᠦᠨ ᠦᠵᠤᠮᠤᠴᠢᠨ                        ᠬᠤᠰᠢᠭᠤᠨ   ᠤ  ᠤᠳᠬ᠎ᠠ  ᠤᠷᠠᠯᠢᠭ  ᠤᠨ   ᠬᠢᠨ  ᠬᠤᠯᠪᠤᠭ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号