ᠪᠠᠭᠰᠢ  ᠶᠢᠨ ᠠᠯᠳᠠᠷ  ᠢ  ᠲᠠᠭᠤᠯᠠᠬᠤᠢ
ᠨᠡᠶᠢᠲᠡᠯᠡᠭᠰᠡᠨ ᠴᠠᠭ᠄
2020/10/29
      ᠪᠠᠭᠰᠢ ᠶᠢᠨ ᠠᠯᠳᠠᠷ ᠢ ᠲᠠᠭᠤᠯᠠᠬᠤᠢ                                   — — ᠮ᠊᠂ ᠬᠠᠰᠪᠠᠭᠠᠳᠤᠷ ᠨᠠᠷᠠᠨ ᠤ ᠰᠠᠴᠤᠷᠠᠭ ᠰᠠᠷᠠᠨ ᠤ ᠭᠡᠭᠡ ᠮᠡᠳᠦ ᠢᠷᠠᠭᠤᠯᠢᠭ ᠬᠦᠭ ᠲᠠᠢ ᠨᠠᠪᠴᠢᠨ ᠠᠴᠠ ᠴᠠᠴᠤᠭᠯᠠᠵᠤ ᠴᠡᠴᠡᠭ ᠠᠴᠠ ᠠᠩᠭᠢᠯᠠᠬᠤ ᠶᠢᠨ ᠡᠷᠬᠢᠮᠰᠦᠭ ᠰᠢᠳᠢ ᠲᠠᠢ ᠡᠷᠳᠡᠮ ᠤᠶᠤᠨ ᠢᠶᠠᠷ ᠰᠤᠶᠤᠨ ᠭᠡᠭᠡᠷᠡᠭᠦᠯᠬᠦ  ᠪᠠᠭᠰᠢ ᠬᠦᠮᠦᠨ — — ᠦᠨᠢᠷ ᠡᠭᠡᠰᠢᠭ ᠤᠨ ᠮᠦᠩᠭᠡ ᠶᠢᠨ ᠨᠢᠭᠡᠨ ᠦᠨᠳᠦᠷᠯᠢᠭ ᠪᠢᠯᠠ ᠦᠷᠭᠦᠯᠵᠢ ᠲᠠᠭᠤᠯᠠᠬᠤ ᠰᠦᠭ ᠰᠦᠨᠡᠰᠦᠨ ᠤ ᠮᠢᠨᠢ ᠰᠢᠳᠦᠭᠡᠨ ᠪᠢᠯᠠ ᠤᠷᠤᠰᠢᠬᠤ ᠵᠤᠨ ᠤ ᠭᠠᠭᠴᠠ ᠯᠠ ᠰᠠᠶᠢᠬᠠᠨ ᠤᠮᠤᠭᠰᠢᠯ ᠪᠢᠯᠠ ᠤᠷᠴᠢᠯᠠᠩ ᠢ ᠠᠷᠢᠭᠤᠰᠬᠠᠬᠤ ᠬᠠᠮᠤᠭ ᠤᠨ ᠭᠡᠭᠡᠨ ᠴᠠᠮᠬᠠᠭ ᠪᠢᠯᠠ︕ ᠤᠬᠠᠭᠠᠨ ᠤ ᠬᠠᠪᠤᠷ ᠠᠳᠡ‌ᠡᠴᠠ ᠡᠬᠢᠯᠡᠵᠤ ᠦᠩᠭᠡ ᠡᠰᠡᠨᠢᠵᠤ ᠡᠩ ᠲᠡᠯᠡᠬᠡᠢ ᠶᠢ ᠦᠪᠡᠷ ᠤᠨ ᠠᠶᠠᠰ ᠢᠶᠠᠷ ᠢᠶᠠᠨ ᠪᠤᠳᠤᠭᠯᠠᠵᠤ ᠲᠠᠯᠪᠢᠳᠠᠭ ᠰᠠᠨᠠᠭᠠᠨ ᠤ ᠵᠤᠨ ᠲᠡᠨᠳᠡ ᠠᠴᠠ ᠦᠩᠭᠡᠵᠢᠵᠤ ᠴᠤᠮᠤᠷᠯᠢᠭ ᠲᠡᠯᠭᠡᠭᠡᠳ ᠰᠠᠪᠠ ᠶᠢᠷᠳᠢᠨᠴᠦ ᠰᠠᠴᠤᠷᠠᠬᠤ ᠲᠠᠩᠰᠤᠭ ᠢᠷᠭᠤᠢ ᠪᠤᠯᠳᠠᠭ ᠡᠷᠳᠡᠮ ᠤᠨ ᠨᠠᠮᠤᠷ ᠦᠷ᠎ᠡ ᠵᠢᠮᠢᠰ ᠢᠶᠠᠷ ᠪᠦᠩᠵᠢᠭᠢᠨᠡᠨ ᠰᠠᠨᠵᠢᠬᠢᠨᠠᠭᠠᠳ ᠡᠨᠡ ᠭᠠᠯᠪᠠ ᠲᠤᠷ᠎ᠠ ᠶᠢ ᠮᠢᠨᠢ ᠠᠴᠢᠭᠰᠠᠨ ᠠᠵᠢᠨᠠᠢ ᠪᠤᠯᠳᠠᠭ ᠨᠦᠮᠵᠦᠭ ᠡᠪᠦᠯ ᠲᠠᠨ᠎ᠠ ᠰᠤᠪᠤᠳ ᠬᠦᠮᠦᠷᠭᠡ ᠲᠦᠭᠦᠷᠡᠩ ᠢᠷᠠᠯᠵᠠᠵᠤ ᠨᠠᠮᠪᠠ ᠠᠭᠤᠳᠠᠮ ᠬᠤᠷᠸ᠎ᠠ ᠶᠢᠨ ᠦᠨᠴᠦᠭ ᠪᠦᠬᠦᠨ ᠠᠴᠠ ᠨᠤᠴᠤᠨᠠᠮ︕ ᠪᠠᠭᠰᠢ ᠲᠠᠢ ᠬᠦᠮᠦᠨ ᠰᠠᠶᠢᠬᠠᠨ᠂ ᠪᠠᠭᠰᠢ ᠪᠠᠨ ᠲᠠᠭᠤᠯᠠᠬᠤ ᠨᠡᠩ ᠰᠠᠶᠢᠬᠠᠨ ᠡ ᠪᠢᠯᠢᠭ ᠢ ᠭᠡᠶᠢᠭᠦᠯᠦᠭᠴᠢ ᠮᠡᠳᠡᠯᠭᠡ ᠪᠠᠷ ᠤᠶᠤᠨ ᠤ ᠬᠠᠷᠠᠩᠭᠤᠢ ᠶᠢ ᠦᠯᠳᠡᠭᠰᠡᠨ ᠪᠡᠷᠭᠡ ᠶᠢᠨ ᠬᠤᠪᠤᠷ ᠴᠢᠨᠳᠠᠮᠤᠨᠢ ᠲᠡᠵᠢᠭᠡᠯ — —  ᠪᠢᠯᠢᠭ ᠤᠨ ᠲᠠᠯᠠᠰᠳᠤ   ᠪᠠᠨ ᠶᠡᠭᠦᠯᠡᠭᠰᠡᠨ ᠪᠠᠭᠰᠢ ᠪᠠᠨ ᠪᠢ ᠲᠠᠭᠤᠯᠠᠨ᠎ᠠ᠂ ᠪᠠᠶᠢᠨ ᠲᠠᠬᠢᠨ ᠲᠠᠭᠤᠯᠠᠨ᠎ᠠ ᠬᠡᠵᠢᠶᠡᠳᠡ ᠲᠠᠭᠤᠯᠠᠨ᠎ᠠ︕  ᠤᠳᠠᠰᠤ᠄ 139 4866 8293              
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号