ᠤᠯᠠᠷᠢᠯ ᠤᠨ ᠦᠩᠬᠡ
ᠨᠡᠶᠢᠲᠡᠯᠡᠭᠰᠡᠨ ᠴᠠᠭ᠄
2020/10/29
ᠳᠤᠭᠴᠢ ᠯᠤᠪᠰᠠᠩ ︵ᠦᠤᠰᠢᠨ︶          ᠤᠯᠠᠷᠢᠯ ᠤᠨ ᠦᠩᠬᠡ                   ︵ᠬᠦᠳᠦᠯᠦᠬᠡ ᠨᠢᠬᠡ︶ ᠬᠠᠪᠤᠷ ᠤᠨ ᠨᠠᠬᠢᠶ᠎ᠠ ᠠᠮᠢᠯᠠᠯ ᠤᠨ ᠦᠩᠬᠡ ᠲᠠᠢ ᠬᠠᠶᠢᠷ᠎ᠠ ᠪᠠᠷ ᠦᠨᠦᠰᠬᠦ ᠨᠤᠭᠤᠭᠠᠨ ᠤᠷᠤᠭᠤᠯ ᠲᠠᠢ ᠬᠠᠮᠤᠭ ᠠᠮᠢᠳᠠᠨ ᠠᠵᠠᠳᠠᠶᠢᠬᠠᠨ ᠦᠷᠡᠵᠢᠨ᠎ᠡ ᠵᠤᠨ ᠤ ᠴᠡᠴᠡᠭ ᠳᠤᠷᠠᠯᠠᠯ ᠤᠨ ᠦᠩᠬᠡ ᠲᠠᠢ ᠵᠤᠤᠮᠠᠯᠵᠠᠨ ᠳᠡᠯᠬᠡᠷᠡᠬᠦ ᠭᠠᠯᠪᠢᠷ ᠵᠢᠰᠤᠨ ᠳᠤ ᠨᠢ ᠵᠦᠢᠯ ᠤᠨ ᠡᠷᠪᠡᠬᠡᠢ ᠲᠠᠴᠢᠶᠠᠩᠭᠤᠢ ᠡᠷᠬᠢᠯᠳᠦᠨ᠎ᠡ ᠨᠠᠮᠤᠷ ᠤᠨ ᠨᠠᠪᠴᠢ ᠠᠯᠳᠠᠨ ᠦᠩᠬᠡ ᠲᠠᠢ ᠨᠠᠷᠠᠨ ᠳᠤ ᠰᠢᠷᠭᠠᠯᠳᠤᠬᠤ ᠨᠠᠨᠳᠢᠨ ᠳᠤᠷᠠᠰᠣᠯ ᠳᠤ ᠨᠢ ᠨᠠᠮᠢᠷᠠᠭ᠎ᠠ ᠬᠤᠷ᠎ᠠ ᠨᠠᠮᠤᠭᠤᠬᠠᠨ ᠰᠢᠪᠡᠷᠡᠨ᠎ᠡ ᠡᠪᠤᠯ ᠤᠨ ᠰᠢᠨᠵᠢ ᠪᠡᠯᠬᠡ ᠶᠢᠨ ᠦᠩᠬᠡ ᠲᠠᠢ ᠦᠬᠢᠨ ᠰᠢᠭ ᠪᠦᠵᠢᠭᠯᠡᠬᠦ ᠴᠠᠰᠤᠨ ᠬᠡᠯᠳᠡᠰ ᠲᠤ ᠨᠢ ᠡᠪᠦᠬᠡᠨ ᠬᠠᠶᠢᠯᠠᠰᠤ ᠰᠠᠬᠠᠯ ᠢᠶᠠᠨ ᠰᠢᠪᠳᠤᠷᠤᠨ᠎ᠠ         ᠨᠠᠮᠤᠷ ᠤᠨ ᠪᠤᠷᠤᠭᠠᠨ ᠨᠠᠪᠴᠢᠰ ᠤᠨ ᠦᠨᠦᠷ ᠲᠠᠢ ᠪᠤᠷᠤᠭᠠᠨ ᠨᠠᠳᠠ ᠲᠠᠢ ᠰᠢᠪᠡᠨᠡᠯᠴᠠᠨ ᠬᠤᠨᠤᠪᠠ ᠤᠷᠤᠢ ᠰᠠᠭᠠᠳᠠᠯ᠎ᠠ ᠬᠡᠳ ᠤᠰᠤᠯ ᠬᠦᠯᠢᠶᠡᠨ ᠳᠡᠪᠡᠷᠢᠪᠡ ᠤᠳᠠᠭᠠᠨ ᠬᠦᠯᠢᠶᠡᠯᠬᠡᠯ᠎ᠡ ᠬᠡᠳ ᠤᠰᠤᠨ ᠤᠷᠤᠭᠤᠯ ᠢᠶᠠᠷ ᠦᠨᠦᠰᠪᠡ ᠬᠦᠯᠦᠰᠦ ᠲᠠᠢ ᠪᠠᠶᠢᠨ᠎ᠠ ᠬᠡᠳ ᠬᠦᠵᠦᠬᠦᠤ ᠶᠢ ᠮᠢᠨᠢ ᠤᠬᠢᠶᠠᠪᠠ ᠦᠨᠡᠷᠬᠡᠵᠤ ᠬᠡᠷᠡᠭ ᠦᠬᠡᠢ ᠬᠡᠳ ᠬᠦᠰᠡᠯ ᠢ ᠮᠢᠨᠢ ᠤᠮᠳᠠᠯᠠᠪᠠ ᠰᠢᠪᠡᠷ ᠰᠢᠪᠡᠷ ᠪᠤᠷᠤᠭᠠᠨ ᠤ        ᠰᠢᠷᠭᠠᠯ ᠰᠢᠮ᠎ᠠ ᠳᠤ ᠨᠢ ᠰᠤᠭᠳᠤᠪᠠ
 
ᠢᠷᠡᠯᠲᠡ᠄ ᠲᠤᠭᠴᠢ ᠯᠣᠪᠰᠠᠩ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号