ᠪᠠᠭᠰᠢ ᠬᠦᠮᠦᠨ
ᠨᠡᠶᠢᠲᠡᠯᠡᠭᠰᠡᠨ ᠴᠠᠭ᠄
2020/10/29
ᠲ᠊᠂ ᠡᠷᠳᠡᠨᠢᠪᠠᠭᠠᠨ᠎ᠠ             ᠪᠠᠭᠰᠢ ᠬᠦᠮᠦᠨ ᠬᠠᠷ᠎ᠠ ᠰᠠᠮᠪᠠᠷ᠎ᠠ ᠶᠢ ᠴᠠᠶᠢᠷᠠᠳᠠᠯ᠎ᠠ ᠬᠢᠴᠢᠶᠡᠯ ᠲᠠᠶᠢᠯᠪᠤᠷᠢᠯᠠᠳᠠᠭ ᠪᠠᠭᠰᠢ ᠬᠦᠮᠦᠨ ᠬᠠᠷ᠎ᠠ ᠦᠰᠤ ᠪᠠᠨ ᠴᠠᠶᠢᠳᠠᠯ᠎ᠠ ᠡᠷᠳᠡᠮ ᠢᠶᠠᠨ  ᠶᠡᠬᠦᠯᠡᠳᠡᠭ ᠪᠠᠭᠰᠢ ᠬᠦᠮᠦᠨ ᠬᠢᠴᠢᠶᠡᠯᠯᠡᠬᠦ ᠴᠠᠭ ᠠᠴᠠ ᠬᠤᠵᠢᠮᠳᠠᠯ᠎ᠠ ᠬᠡᠵᠤ ᠵᠡᠬᠦᠳᠦᠯᠡᠬᠡᠳ ᠰᠡᠷᠢᠳᠡᠭ ᠪᠠᠭᠰᠢ ᠬᠦᠮᠦᠨ ᠬᠠᠮᠳᠤ ᠰᠤᠷᠤᠭᠴᠢᠳ ᠨᠢ ᠰᠠᠶᠢᠨ ᠰᠢᠯᠭᠠᠪᠠᠯ ᠬᠦᠭᠰᠡᠨ ᠪᠠᠶᠠᠷᠯᠠᠳᠠᠭ ᠪᠠᠭᠰᠢ ᠬᠦᠮᠦᠨ ᠪᠢᠴᠢᠭ ᠵᠢᠭᠠᠵᠤ ᠬᠦᠮᠦᠨ ᠢ ᠬᠦᠮᠦᠵᠢᠬᠦᠯᠬᠦ ᠪᠠᠷ ᠴᠡᠩᠬᠡᠯ ᠪᠤᠯᠭᠠᠳᠠᠭ ᠪᠠᠭᠰᠢ ᠬᠦᠮᠦᠨ ᠪᠡᠷᠬᠡ ᠬᠦᠴᠢᠷ ᠲᠠᠢ ᠰᠡᠳᠤᠪ ᠢ ᠵᠠᠳᠠᠯᠤᠭᠠᠳ ᠬᠢᠯᠪᠡᠷ ᠤᠶᠢᠯᠠᠭᠠᠭᠤᠯᠳᠠᠭ ᠪᠠᠭᠰᠢ ᠬᠦᠮᠦᠨ ᠪᠡᠶ᠎ᠡ ᠪᠠᠷ ᠢᠶᠠᠨ ᠬᠡᠪ ᠲᠦᠷᠢᠮ ᠦᠵᠡᠬᠦᠯᠦᠨ ᠲᠠᠭᠤᠷᠢᠶᠠᠯ  ᠪᠤᠯᠳᠠᠭ  ᠪᠠᠭᠰᠢ ᠬᠦᠮᠦᠨ ᠪᠤᠰᠤᠳ ᠤᠨ ᠰᠠᠶᠢᠨ ᠢ ᠲᠠᠭᠠᠵᠤ ᠰᠤᠷᠤᠯᠴᠠᠭᠤᠯᠵᠤ ᠬᠠᠮᠳᠤ ᠲᠠᠪᠰᠢᠭᠤᠯᠳᠠᠭ ᠪᠠᠭᠰᠢ ᠬᠦᠮᠦᠨ ᠤᠨᠤᠯᠳᠠ ᠨᠤᠳᠠᠯᠠᠯᠳᠠ ᠯᠠᠪᠳᠠᠭᠤᠨ ᠤᠨᠤᠴᠢᠳᠠᠢ ᠯᠤᠬᠢᠭ ᠢᠶᠠᠷ ᠰᠡᠩᠬᠡᠷᠡᠬᠦᠯᠳᠡᠭ ᠪᠠᠭᠰᠢ ᠬᠦᠮᠦᠨ ᠤᠷᠤᠯᠳᠤᠯᠭ᠎ᠠ ᠪᠦᠳᠤᠬᠡᠯ ᠡᠯᠪᠡᠭ ᠲᠡᠯᠪᠡᠭ ᠤᠷᠠᠮᠰᠢᠭᠤᠯᠵᠤ ᠬᠦᠳᠤᠯᠳᠡᠭ ᠪᠠᠭᠰᠢ ᠬᠦᠮᠦᠨ ᠮᠠᠭᠳᠠᠬᠤ ᠰᠢᠬᠦᠮᠵᠢᠯᠡᠬᠦ  ᠬᠡᠮ ᠬᠡᠮᠵᠢᠶ᠎ᠡ ᠲᠠᠢ ᠶᠤᠰᠤ ᠪᠠᠷ ᠪᠢᠰᠢᠷᠡᠬᠦᠯᠳᠡᠭ ᠪᠠᠭᠰᠢ ᠬᠦᠮᠦᠨ ᠮᠠᠳᠠᠭ ᠰᠠᠳᠦᠪ ᠢ ᠲᠠᠶᠢᠯᠪᠤᠷᠢᠯᠠᠬᠤ ᠶᠢᠨ ᠲᠦᠯᠦᠬᠡ ᠨᠢᠮᠪᠠᠢ ᠪᠡᠯᠡᠳᠬᠡᠳᠡᠭ ᠪᠠᠭᠰᠢ ᠬᠦᠮᠦᠨ ᠰᠤᠷᠤᠭᠰᠡᠨ ᠮᠡᠳᠡᠯᠬᠡ ᠶᠢ ᠨᠢ ᠪᠠᠳᠤᠳᠬᠠᠬᠤ ᠬᠡᠵᠤ ᠲᠠᠰᠬᠠᠯ ᠬᠢᠯᠬᠡᠳᠡᠭ ᠪᠠᠭᠰᠢ ᠬᠦᠮᠦᠨ ᠰᠤᠳᠤᠯᠤᠯ ᠰᠢᠨᠵᠢᠯᠠᠯ ᠳᠤ ᠰᠠᠭᠤᠷᠢ ᠲᠠᠯᠪᠢᠵᠤ ᠦᠬᠦᠯᠡᠯ ᠪᠢᠴᠢᠬᠦᠯᠳᠡᠭ ᠪᠠᠭᠰᠢ ᠬᠦᠮᠦᠨ ᠠᠵᠢᠯ ᠮᠡᠷᠬᠡᠵᠢᠯ ᠳᠤ ᠴᠠᠭᠠᠷᠠᠭᠤᠯᠬᠤ ᠪᠠᠷ ᠠᠮᠢᠳᠤᠷᠠᠯ ᠳᠤ ᠬᠦᠨᠵᠡᠬᠡᠶᠢᠷᠡᠬᠦᠯᠳᠡᠭ ᠪᠠᠭᠰᠢ ᠬᠦᠮᠦᠨ   ᠠᠷᠠᠳ ᠲᠦᠮᠡᠨ ᠳᠤ ᠦᠢᠯᠡᠴᠢᠯᠡᠬᠦ ᠴᠢᠳᠠᠪᠤᠷᠢ ᠶᠢ ᠪᠠᠳᠤ ᠡᠵᠡᠮᠰᠢᠬᠦᠯᠳᠡᠭ ᠪᠠᠭᠰᠢ ᠬᠦᠮᠦᠨ ᠠᠷᠠᠳ ᠲᠦᠮᠡᠨ ᠳᠤ ᠦᠢᠯᠡᠴᠢᠯᠡᠬᠦ ᠴᠢᠳᠠᠪᠤᠷᠢ ᠶᠢ ᠪᠠᠳᠤ ᠡᠵᠡᠮᠰᠢᠬᠦᠯᠳᠡᠭ ᠪᠠᠭᠰᠢ ᠬᠦᠮᠦᠨ   ︵ ᠬᠠᠶ᠋ᠢᠭ᠄  024005赤峰市松山区教育学院家属院内北侧15信箱                           额尔墩巴根      收)
 
ᠢᠷᠡᠯᠲᠡ᠄ ᠲ ᠡᠷᠳᠡᠨᠢᠪᠠᠭᠠᠨ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号