ᠶᠠᠮᠠᠷ  ᠰᠢᠯᠳᠠᠭᠠᠨ ᠎ ᠢᠶᠠᠷ  ᠴᠢᠮᠪᠠᠢ ᠬᠠᠳᠤᠨ ᠤ  ᠱᠤᠭᠤᠮᠠᠯ ᠎ ᠢ  ᠪᠠᠷᠠᠭᠤᠨᠰᠢ ᠬᠠᠨᠳᠦᠭᠤᠯᠠᠭᠰᠠᠨ  ᠪᠤᠢ
ᠨᠡᠶᠢᠲᠡᠯᠡᠭᠰᠡᠨ ᠴᠠᠭ᠄
2017-01-13
       ᠤᠯᠠᠭᠠᠭᠠᠨᠬᠠᠳᠠ  ᠬᠤᠳᠠ ᠶᠢᠨ  ᠰᠢᠨ ᠴᠧᠩ ᠲᠤᠭᠤᠷᠢᠭ  ᠎ ᠲᠤ  ᠨᠢᠭᠡᠨ   ᠡᠪᠡᠰᠦ ᠮᠤᠳᠤ  ᠎ ᠪᠠᠷ    ᠪᠦᠷᠭᠦᠭᠰᠡᠨ  ᠵᠢᠵᠡᠭᠭᠡᠨ  ᠲᠠᠯᠠᠪᠠᠢ  ᠪᠤᠢ  ᠃    ᠲᠤᠮᠳᠠ  ᠎ ᠨᠢ   ᠶᠤᠸᠠᠨ ᠰᠢᠽᠦ  ᠬᠤᠪᠢᠯᠠᠢ  ᠎ ᠶᠢᠨ  ᠵᠤᠤ  ᠷᠦᠢ  ᠲᠡᠭᠡᠳᠦ ᠬᠠᠳᠤᠨ  ᠴᠢᠮᠪᠠᠢ ᠶᠢᠨ  ᠱᠤᠭᠤᠮᠠᠯ  ᠎ ᠢ  ᠪᠠᠷᠠᠭᠤᠨᠰᠢ ᠬᠠᠨᠳᠦᠭᠤᠯᠠᠨ ᠪᠤᠰᠬᠠᠵᠠᠢ  ᠃    ᠪᠢ ᠬᠠᠷᠠᠩᠭᠤᠳᠠ  ᠰᠤᠴᠢᠨ  ᠭᠠᠶᠢᠬᠠᠵᠦ  ᠤᠴᠠᠷ ᠢ  ᠎ ᠨᠢ ᠦᠯᠦ ᠤᠶᠢᠯᠭᠠᠪᠠ  ᠃   ᠬᠢᠳᠠᠳ  ᠦᠨᠳᠦᠰᠦᠳᠡᠨ ᠡᠷᠳᠡᠨ ᠠᠴᠠ  ᠪᠠᠷᠠᠭᠤᠨᠰᠢ ᠬᠠᠷᠠᠬᠤ ᠶᠢ  ᠬᠠᠮᠤᠭ  ᠎ ᠤᠨ  ᠲᠤᠤᠷᠠᠳᠤ  ᠎ ᠪᠠᠷ  ᠦᠵᠡᠳᠡᠭ  ᠃  ᠮᠤᠩᠭᠤᠯ  ᠦᠨᠳᠦᠰᠦᠳᠡᠨ  ᠴᠦ  ᠶᠤᠸᠠᠨ ᠭᠦᠷᠦᠨ ᠤ  ᠦᠶ᠎ᠡ  ᠎ ᠠᠴᠠ   ᠪᠠᠷᠠᠭᠤᠨᠰᠢ ᠬᠠᠷᠠᠬᠤ  ᠎ ᠶᠢ    ᠲᠤᠤᠷᠠᠳᠤ  ᠎ ᠪᠠᠷ  ᠦᠵᠡᠬᠦ  ᠎ ᠪᠠᠷ  ᠪᠤᠯᠵᠤ  ᠡᠬᠢᠯᠡᠭᠰᠡᠨ  ᠃  ᠯᠠᠪᠯᠠᠨ ᠰᠤᠨᠤᠰᠬᠤᠯ᠎ᠠ  ᠲᠤᠰᠬᠠᠢ ᠮᠡᠷᠭᠡᠵᠢᠯᠳᠡᠨ  ᠂  ᠡᠷᠳᠡᠮᠳᠡᠨ  ᠨᠠᠷ  ᠱᠤᠭᠤᠮᠠᠯ  ᠪᠤᠰᠬᠠᠬᠤ ᠠᠵᠢᠯ  ᠎ ᠳᠤ  ᠤᠷᠤᠯᠴᠠᠭᠰᠠᠨ ᠭᠡᠮᠨᠡᠮ  ᠃   ᠲᠠᠳᠡᠨᠡᠷ  ᠬᠢᠳᠡᠳ  ᠎ ᠤᠨ   ᠵᠠᠩ ᠵᠠᠩᠰᠢᠯ  ᠎ ᠢ  ᠤᠶᠢᠯᠭᠠᠬᠤ ᠪᠠᠷ ᠦᠭᠡᠢ ᠪᠠ  ︖  ᠭᠠᠭᠴᠠᠬᠦ   ᠤᠮᠳᠤᠭᠠᠶᠢᠯᠠᠨ  ᠲᠠᠰᠢᠶᠠᠷᠭᠰᠠᠨ  ᠲᠡᠳᠦᠢ  ᠪᠠᠶᠢᠵᠦ ᠮᠡᠳᠡᠬᠦ ᠶᠤᠮ  ᠃  ᠰᠢᠨ᠎ᠡ  ᠲᠤᠮᠳᠠᠳᠤ  ᠤᠯᠤᠰ  ᠪᠠᠶᠢᠭᠤᠯᠤᠭᠳᠠᠭᠠᠳ  ᠵᠢᠷᠡᠨ ᠵᠢᠯ  ᠪᠤᠯᠴᠢᠬᠠᠭᠰᠠᠨ ᠪᠠᠶᠢᠬᠤ  ᠎ ᠳᠤ  ᠦᠨᠳᠦᠰᠦᠳᠦᠳᠡᠨ  ᠎ ᠤ   ᠨᠠᠵᠠᠭᠠᠢ ᠦᠵᠡᠯ  ᠠᠷᠠᠢ ᠪᠢᠰᠢ  ᠪᠠᠶᠢᠬᠤ  ᠂ ᠮᠤᠩᠭᠤᠯ  ᠦᠨᠳᠦᠰᠦᠳᠡᠨ ᠤ  ᠡᠷᠳᠡᠮᠳᠡᠨ  ᠤᠷᠤᠯᠴᠠᠭᠰᠠᠨ  ᠦᠭᠡᠢ  ᠭᠡᠵᠠᠢ    ︖   ᠡᠰᠭᠦᠯ᠎ᠡ  ᠰᠠᠨᠠᠯ  ᠲᠤᠷᠠᠳᠤᠭᠰᠠᠨ ᠦᠭᠡᠢ  ᠪᠠᠶᠢᠬᠤ  ︖  ᠃        ᠲᠤᠮᠳᠠᠳᠤ  ᠎ ᠶᠢᠨ  ᠲᠠᠪᠤᠨ ᠮᠢᠩᠭᠠᠨ ᠤᠨ  ᠎ ᠤ  ᠪᠤᠯᠪᠠᠰᠤᠨ  ᠲᠡᠦᠬᠡᠨ  ᠎ ᠳᠤ  ᠡᠯ᠎ᠡ  ᠦᠨᠳᠦᠰᠦᠳᠡᠨ  ᠡᠪ ᠨᠠᠶᠢᠷᠠᠳᠠᠢ  ᠎ ᠪᠠᠷ  ᠬᠠᠮᠳᠦ  ᠎ ᠪᠠᠷ  ᠤᠷᠤᠰᠢᠵᠦ   ᠢᠷᠡᠭᠰᠡᠨ᠃  ᠲᠡᠦᠬᠡ ᠶᠢᠨ   ᠠᠤᠭ᠎ᠠ ᠤᠷᠦᠰᠬᠠᠯ  ᠎ ᠤᠨ  ᠲᠤᠮᠳᠠ ᠠᠯᠢ ᠨᠢᠭᠡ  ᠦᠨᠳᠦᠰᠦᠳᠡᠨ  ᠎ ᠨᠢ  ᠲᠤᠮᠳᠠᠳᠤ  ᠤᠷᠤᠨ  ᠎ ᠢ  ᠨᠤᠶᠠᠷᠬᠠᠵᠦ  ᠲᠦᠷᠦ ᠪᠠᠶᠢᠭᠤᠯᠤᠨ  ᠬᠠᠭᠠᠨ ᠰᠠᠭᠤᠭᠰᠠᠨ ᠴᠦ  ᠪᠦᠬᠦᠨ ᠢᠶᠠᠷ  ᠎ ᠢᠶᠠᠨ  ᠲᠤᠮᠳᠠᠳᠤ  ᠤᠯᠤᠰ  ᠎ ᠤᠨ  ᠬᠠᠤᠯᠢ ᠶᠤᠰᠤᠨ ᠤ  ᠡᠵᠡᠨ ᠬᠠᠭᠠᠨ  ᠪᠠᠶᠢᠵᠦ   ᠲᠡᠦᠬᠡᠨ ᠬᠦᠭᠵᠢᠯᠳᠡ ᠳᠤ  ᠤᠮᠳᠤᠭᠠᠶᠢᠯᠠᠵᠤ  ᠪᠤᠯᠤᠰᠢ ᠦᠭᠡᠢ ᠬᠤᠪᠢ ᠨᠡᠮᠡᠭᠦᠷᠢ ᠪᠠᠨ   ᠦᠵᠡᠭᠦᠯᠵᠠᠢ‌‍ᠢ  ᠃   ᠬᠢᠳᠠᠳ  ᠤᠷᠤᠨ  ᠎ ᠢ  ᠨᠤᠶᠠᠷᠬᠠᠭᠰᠠᠨ  ᠭᠦᠷᠦᠨ  ᠂ ᠦᠨᠳᠦᠰᠦᠳᠡᠨ  ᠂   ᠴᠢᠨᠠᠭᠰᠢᠯᠠᠪᠠᠯ  ᠠᠶᠢᠯ  ᠡᠷᠦᠬᠡ  ᠎ ᠨᠢ  ᠪᠦᠬᠦᠨ  ᠎ ᠢᠶᠠᠷ  ᠎ ᠢᠶᠠᠨ  ᠲᠠᠷᠢᠶᠠᠯᠠᠬᠤ  ᠰᠤᠶᠤᠯ  ᠎ ᠤᠨ  ᠠᠤᠭ᠎ᠠ ᠬᠦᠴᠦᠨ ᠳᠤ   ᠨᠦᠯᠦᠭᠡᠯᠡᠭᠳᠡᠨ   ᠵᠡᠭᠦᠨᠰᠢ  ᠬᠠᠨᠳᠤᠬᠤ  ᠎ ᠨᠢ  ᠬᠠᠮᠤᠭ  ᠎ ᠤᠨ  ᠡᠷᠬᠢᠮ  ᠂  ᠪᠠᠷᠠᠭᠤᠨᠰᠢ  ᠬᠠᠨᠳᠦᠬᠤ   ᠠᠨᠤ  ᠲᠤᠤᠷᠠᠳᠤ ᠭᠡᠳᠡᠭ  ᠵᠠᠩᠰᠢᠯ ᠢ  ᠡᠷᠬᠢᠮᠡᠯᠡᠬᠦ  ᠪᠤᠶᠤ ᠠᠩᠬᠠᠷᠠᠬᠤ ᠪᠤᠯᠵᠦ  ᠢᠷᠡᠵᠠᠢ᠃   ᠤᠳᠤᠬᠠᠨ ᠪᠤᠯᠳᠠᠯ᠎ᠠ    ᠠᠯᠢ ᠭᠦᠷᠦᠨ ᠨᠢ  ᠡᠷᠬᠢᠮ  ᠂   ᠠᠯᠢ  ᠲᠦᠷᠦ ᠨᠢ  ᠲᠤᠤᠷᠠᠳᠦ ᠭᠡᠳᠡᠭ  ᠲᠦᠪ ᠶᠤᠰᠤᠨ ᠤ ᠶᠠᠷᠢᠶ᠎ᠠ ᠬᠡᠯᠡᠯᠴᠡᠭᠡ  ᠭᠠᠷᠤᠭ᠎ᠠ ᠦᠭᠡᠢ ᠪᠠᠶᠢᠨ᠎ᠠ  ᠃  ᠡᠶᠢᠮᠦ  ᠎ ᠠᠴᠠ ᠶᠤᠸᠠᠨ ᠤᠯᠤᠰ ᠤᠨ  ᠬᠠᠭᠠᠨ  ᠎ ᠤ  ᠬᠠᠳᠤᠨ ᠤ  ᠱᠤᠭᠤᠮᠠᠯ  ᠎ ᠢ  ᠪᠠᠷᠠᠭᠤᠨᠰᠢ ᠬᠠᠨᠳᠤᠭᠤᠯᠵᠦ  ᠪᠤᠰᠬᠠᠭᠰᠠᠨ ᠨᠢ  ᠵᠤᠬᠢᠰ  ᠦᠭᠡᠢ᠃         ᠴᠢᠩ ᠤᠯᠤᠰ  ᠎ ᠤᠨ  ᠡᠬᠢᠨ ᠤ ᠦᠶ᠎ᠡ ᠶᠢᠨ  ᠠᠯᠳᠠᠷᠳᠦ ᠡᠷᠳᠡᠮᠳᠡᠨ  ᠭᠦ᠋  ᠶᠠᠨ  ᠡᠦ ᠪᠠᠶᠢᠴᠠᠭᠠᠨ ᠰᠤᠳᠤᠯᠤᠭᠰᠠᠨ ᠤ ᠰᠠᠭᠤᠷᠢᠨ ᠲᠡᠭᠡᠷ᠎ᠡ  ᠦᠭᠦᠯᠡᠷᠦᠨ  ᠄  ︽ᠡᠷᠳᠡᠨ ᠤ  ᠬᠦᠮᠦᠨ ᠵᠡᠭᠦᠨᠰᠢ  ᠵᠦᠭ  ᠎ ᠢ  ᠡᠷᠬᠢᠮᠨᠡᠵᠦ   ᠪᠠᠷᠠᠭᠤᠨ   ᠵᠦᠭ  ᠎ ᠢ  ᠲᠤᠤᠷᠠᠰᠢᠶᠠᠮᠦᠢ︾ ᠭᠡᠵᠠᠢ᠃  ᠡᠨᠡᠬᠦ   ᠬᠤᠷᠢᠶᠠᠩᠭᠤᠶᠢᠯᠠᠯ  ᠎ ᠢ   ︽ᠰᠤᠳᠤᠷ ᠲᠡᠮᠳᠡᠭᠡᠯᠡᠯ  ᠂ ᠰᠢᠶᠠᠩ ᠢᠦᠢ ᠶᠢᠨ   ᠨᠠᠮᠳᠠᠷ  ︾᠎ ᠤᠨ  ᠾᠦᠩ ᠮᠧᠨ ᠤ ᠬᠤᠷᠢᠮ  ᠎ ᠤᠨ  ᠰᠠᠭᠤᠳᠠᠯ ᠤᠨ  ᠲᠠᠷᠠᠭᠠᠯᠠᠯ  ᠎ ᠠᠴᠠ ᠮᠡᠳᠡᠵᠦ ᠪᠤᠯᠤᠨ᠎ᠠ  ᠃  ︽ ᠰᠢᠶᠠᠩ ᠢᠦᠢ  ᠂ ᠰᠢᠶᠠᠩ ᠪᠦᠸᠧ  ᠡᠮᠦᠨᠡᠰᠢ ᠬᠠᠨᠳᠤᠨ ᠰᠠᠭᠤᠵᠦ  ᠂  ᠶᠠ  ᠹᠦ᠋  ︵ᠹᠠᠨ ᠼᠧᠩ  ︶  ᠵᠡᠭᠦᠨᠰᠢ ᠬᠠᠨᠳᠤᠨ ᠰᠠᠭᠤᠵᠦ  ᠂ ᠫᠧᠢ  ᠭᠦᠩ  ︵ᠯᠢᠦ ᠪᠠᠩ  ︶  ᠬᠤᠶᠢᠰᠢ  ᠬᠠᠨᠳᠦᠨ ᠰᠠᠭᠤᠵᠦ ᠂  ᠵᠠᠩ  ᠯᠢᠶᠠᠩ  ᠪᠠᠷᠠᠭᠤᠨᠰᠢ ᠬᠠᠨᠳᠦᠨ  ᠰᠠᠭᠤᠵᠦ  ᠵᠤᠴᠢᠯᠠᠵᠠᠢ  ᠃  ᠡᠨᠡᠬᠦ  ᠰᠠᠭᠤᠳᠠᠯ  ᠎ ᠤᠨ  ᠲᠠᠷᠠᠭᠠᠯᠠᠯ ᠨᠢ   ᠬᠠᠷᠠᠮᠠᠭᠴᠠ  ᠬᠡᠨ ᠨᠢ  ᠬᠦᠨᠳᠦ  ᠬᠡᠨ ᠨᠢ  ᠲᠤᠤᠷᠠᠳᠦ ᠭᠡᠳᠡᠭ ᠢ  ᠮᠡᠳᠡᠵᠦ ᠪᠤᠯᠤᠨ᠎ᠠ  ᠃  ᠰᠢᠶᠠᠩ  ᠢᠦᠢ  ᠦᠪᠡᠷ ᠢ  ᠎ ᠪᠠᠨ ᠡᠷᠬᠢᠮ  ᠪᠠᠶᠢᠷᠢᠨ ᠳᠤ  ᠲᠠᠯᠪᠢᠵᠦ  ᠡᠮᠦᠨᠡᠰᠢ ᠬᠠᠨᠳᠦᠨ    ᠂ ᠯᠢᠦ ᠪᠠᠩ  ᠎ ᠢ  ᠬᠤᠶᠢᠰᠢ ᠬᠠᠨᠳᠦᠨ ᠰᠠᠭᠤᠯᠭᠠᠵᠦ  ᠂  ᠲᠡᠭᠦᠨ  ᠎ ᠢᠶᠠᠷ  ᠦᠪᠡᠷ ᠤᠨ  ᠪᠠᠶᠢᠷᠢ ᠰᠠᠭᠤᠷᠢ ᠲᠠᠢ   ᠡᠰᠡᠷᠭᠦᠴᠡᠯᠳᠦᠵᠦ ᠪᠤᠯᠬᠤ  ᠦᠭᠡᠢ ᠡᠵᠡᠨ  ᠵᠤᠴᠢᠨ  ᠎ ᠤ ᠬᠠᠷᠢᠴᠠᠭ᠎ᠠ ᠶᠢ ᠬᠠᠷᠠᠭᠤᠯᠵᠦ  ᠂ ᠵᠠᠩ ᠯᠢᠶᠠᠩ ᠢᠶᠠᠷ  ᠪᠠᠷᠠᠭᠤᠨᠰᠢ ᠬᠠᠨᠳᠤᠨ ᠰᠠᠭᠤᠯᠭᠠᠵᠦ  ᠰᠢᠶᠠᠩ ᠢᠦᠢ  ᠎ ᠶᠢᠨ  ᠦᠵᠡᠬᠦ ᠪᠠᠷ  ᠦᠴᠦᠬᠡᠨ ᠲᠤᠤᠷᠠᠳᠦ ᠬᠦᠮᠦᠨ  ᠃ ᠰᠧ ᠮᠠ ᠴᠢᠶᠠᠨ ᠪᠢᠷ ᠪᠡᠭᠡᠰ ᠢ  ᠬᠠᠶᠢᠷᠯᠠᠯ ᠦᠭᠡᠢ ᠪᠠᠷ  ᠲᠡᠳᠡᠭᠡᠷ ᠬᠦᠮᠦᠰ ᠤᠨ  ᠰᠠᠭᠤᠳᠠᠯ ᠤᠨ  ᠲᠠᠷᠠᠭᠠᠯᠠᠯ ᠢ   ᠨᠠᠷᠢᠨ ᠲᠡᠮᠳᠡᠭᠡᠯᠡᠭᠰᠡᠨ ᠨᠢ  ᠰᠢᠶᠠᠩ ᠢᠦᠢ  ᠎ ᠶᠢᠨ  ᠡᠨᠡᠬᠦ  ᠲᠤᠬᠢᠷᠠᠯᠭᠤᠯᠠᠯ  ᠎ ᠢᠶᠠᠷ   ᠲᠡᠭᠦᠨ  ᠎ ᠤ   ᠯᠢᠦ ᠪᠠᠩ ᠢ  ᠲᠤᠤᠷᠠᠰᠢᠶᠠᠵᠦ  ᠦᠪᠡᠷ ᠤᠨ  ᠪᠠᠶᠢᠷᠢ ᠰᠠᠭᠤᠷᠢ ᠪᠠᠨ  ᠲᠡᠭᠡᠰᠢᠯᠡᠭᠦᠯᠵᠦ  ᠪᠠᠶᠢᠭ᠎ᠠ  ᠤᠮᠤᠷᠬᠠᠭ  ᠰᠡᠳᠬᠢᠴᠨ ᠶᠢ  ᠢᠯᠡᠷᠡᠭᠦᠯᠵᠠᠢ᠃        ᠡᠨᠡᠬᠦ  ᠡᠷᠳᠡᠨ  ᠎ ᠤ  ᠶᠤᠰᠤ ᠲᠦᠷᠢᠮ  ᠎ ᠢ  ᠎ ᠨᠢ  ᠮᠤᠩᠭᠤᠯ  ᠦᠨᠳᠦᠰᠦᠳᠡᠨ  ᠴᠦ ᠵᠢᠷᠦᠮᠯᠡᠬᠦ ᠪᠤᠶᠤ  ᠡᠬᠢᠯᠡᠨ ᠠᠩᠬᠷᠠᠬᠤ  ᠪᠤᠯᠵᠠᠢ᠃   ᠵᠢᠰᠢᠶᠡᠯᠡᠪᠠᠯ  ᠠᠤᠬᠠᠨ ᠤ ᠬᠠᠶᠢᠷᠬᠠᠨ  ᠸᠠᠩ ᠤᠨ   ᠲᠡᠭᠡᠳᠦᠰ  ᠎ ᠤᠨ  ᠤᠩᠭᠤᠨ   ︽ ᠭᠡᠭᠡᠨ  ᠢᠵᠠᠭᠤᠷ  ︾  ᠎ ᠨᠢ  ᠪᠠᠰᠠ ᠡᠨᠡᠬᠦ  ᠵᠠᠩᠰᠢᠯ  ᠎ ᠢᠶᠠᠷ  ᠤᠷᠤᠰᠢᠭᠤᠯᠠᠭᠰᠠᠨ  ᠪᠠᠶᠢᠵᠠᠢ᠃   ᠤᠩᠭᠤᠨ ᠎ ᠤ ᠭᠠᠵᠠᠷ  ᠎ ᠨᠢ  ᠪᠠᠷᠠᠭᠤᠨᠰᠢ   ᠴᠤᠭ   ᠪᠠᠳᠠᠷᠠᠬᠤ   ᠠᠭᠤᠯᠠ ᠶᠢ ᠲᠡᠷᠯᠡᠵᠦ  ᠂    ᠵᠡᠭᠦᠨᠰᠢ ᠮᠡᠬᠢ  ᠭᠤᠤᠯ  ᠎ ᠶᠢ  ᠪᠠᠷᠠᠯᠠᠵᠦ  ᠃  ᠤᠷᠤᠰᠢᠭᠤᠯᠠᠭᠰᠠᠨ  ᠲᠠᠷᠠᠭᠠᠯᠠᠯ  ᠎ ᠨᠢ  ᠬᠠᠶᠢᠷᠬᠠᠨ ᠸᠠᠩ  ᠎ ᠤᠨ  ᠲᠡᠭᠡᠳᠦᠰ  ᠰᠤᠨᠤᠮ  ᠲᠦᠭᠦᠷᠡᠩ  ᠎ ᠨᠢ ᠬᠠᠮᠤᠭ ᠤᠨ  ᠡᠷᠬᠢᠮ   ᠪᠠᠶᠢᠵᠦ  ᠴᠤᠭ   ᠪᠠᠳᠠᠷᠠᠬᠤ  ᠠᠭᠤᠯᠠ  ᠎ ᠶᠢ  ᠵᠡᠭᠦᠨ ᠲᠠᠯ᠎ᠠ  ᠎ ᠲᠠᠢ  ᠬᠠᠪᠢᠳᠠᠵᠦ   ᠵᠡᠭᠦᠨᠰᠢ   ᠬᠠᠨᠳᠤᠭᠤᠯᠵᠠᠢ  ᠃  ᠬᠤᠶᠠᠳᠤᠭᠠᠷ  ᠦᠶ᠎ᠡ ᠶᠢᠨ  ᠲᠡᠭᠡᠳᠦᠰ  ᠎ ᠨᠢ  ᠵᠡᠭᠦᠨ  ᠬᠤᠶᠢᠳᠦ  ᠲᠠᠯ᠎ᠠ  ᠎ ᠳᠤ ᠪᠠᠶᠢᠷᠰᠢᠵᠦ᠂   ᠵᠡᠭᠦᠨᠰᠢ ᠬᠠᠨᠳᠤᠭᠤᠯᠵᠠᠢ  ᠃  ᠭᠤᠷᠪᠠᠳᠤᠭᠠᠷ  ᠦᠶ᠎ᠡ ᠶᠢᠨ  ᠲᠡᠭᠡᠳᠦᠰ  ᠵᠡᠭᠦᠨ ᠡᠮᠦᠨ᠎ᠡ   ᠲᠠᠯ᠎ᠠ ᠎ ᠳᠤ  ᠪᠠᠶᠢᠷᠰᠢᠵᠦ᠂  ᠵᠡᠭᠦᠨᠰᠢ ᠬᠠᠨᠳᠤᠵᠠᠢ  ᠃  ᠲᠦᠷᠪᠡᠳᠦᠭᠡᠷ ᠦᠶ᠎ᠡ ᠶᠢᠨ  ᠲᠡᠭᠡᠳᠦᠰ   ᠬᠤᠶᠠᠳᠤᠭᠠᠷ  ᠦᠶ᠎ᠡ ᠎ ᠶᠢᠨ  ᠵᠡᠭᠦᠨ ᠲᠠᠯ᠎ᠠ  ᠎ ᠳᠤ  ᠪᠠᠶᠢᠷᠰᠢᠵᠦ ᠵᠡᠭᠦᠨᠰᠢ  ᠬᠠᠨᠳᠤᠵᠠᠢ  ᠃  ᠲᠠᠪᠤᠳᠤᠭᠠᠷ  ᠦᠶ᠎ᠡ ᠶᠢᠨ  ᠬᠢᠨᠢ  ᠵᠡᠭᠦᠨ ᠲᠠᠯ᠎ᠠ  ᠎ ᠳᠤ  ᠪᠠᠶᠢᠵᠦ  ᠵᠡᠭᠦᠨᠰᠢ  ᠬᠠᠨᠳᠦᠵᠠᠢ  ᠃  ᠵᠢᠷᠭᠤᠳᠤᠭᠠᠷ  ᠦᠶ᠎ᠡ ᠶᠢᠨ  ᠲᠦᠷᠪᠡᠳᠦᠭᠡᠷ  ᠦᠶ᠎ᠡ ᠶᠢᠨ  ᠎ ᠢᠶᠠᠨ  ᠵᠡᠭᠦᠨ ᠲᠠᠯ᠎ᠠ  ᠎ ᠳᠤ  ᠂  ᠵᠡᠭᠦᠨᠰᠢ ᠬᠠᠨᠳᠦᠵᠠᠢ  ᠃  ᠲᠤᠯᠤᠳᠤᠭᠠᠷ  ᠦᠶ᠎ᠡ  ᠎ ᠨᠢ  ᠲᠠᠪᠤᠳᠤᠭᠠᠷ  ᠦᠶ᠎ᠡ ᠶᠢᠨ  ᠎ ᠢᠶᠠᠨ  ᠵᠡᠭᠦᠨ  ᠲᠠᠯ᠎ᠠ ᠳᠤ  ᠵᠡᠭᠦᠨᠰᠢ ᠬᠠᠨᠳᠤᠭᠤᠯᠵᠠᠢ  ᠃  ᠨᠠᠶᠢᠮᠠᠳᠤᠭᠠᠷ  ᠦᠶ᠎ᠡ ᠨᠢ  ᠵᠢᠷᠭᠤᠳᠤᠭᠠᠷ  ᠦᠶ᠎ᠡ  ᠎ ᠶᠢᠨ  ᠵᠡᠭᠦᠨ ᠲᠠᠯ᠎ᠠ ᠳᠤ  ᠵᠡᠭᠦᠨᠰᠢ ᠬᠠᠨᠳᠦᠭᠤᠯᠵᠠᠢ  ᠃ ᠶᠢᠰᠦᠳᠦᠭᠡᠷ  ᠦᠶ᠎ᠡ ᠨᠢ  ᠲᠤᠯᠤᠳᠤᠭᠠᠷ  ᠦᠶ᠎ᠡ ᠶᠢᠨ  ᠎ ᠢᠶᠠᠨ  ᠵᠡᠭᠦᠨ ᠲᠠᠯ᠎ᠠ  ᠎ ᠳᠤ ᠵᠡᠭᠦᠨᠰᠢ ᠬᠠᠨᠳᠦᠵᠠᠢ  ᠃  ᠠᠷᠪᠠᠳᠤᠭᠠᠷ  ᠦᠶ᠎ᠡ ᠨᠢ  ᠨᠠᠶᠢᠮᠠᠳᠤᠭᠠᠷ  ᠦᠶ᠎ᠡ ᠶᠢᠨ  ᠎ ᠢᠶᠠᠨ  ᠵᠡᠭᠦᠨ ᠲᠠᠯ᠎ᠠ  ᠎ ᠳᠤ ᠵᠡᠭᠦᠨᠰᠢ  ᠬᠠᠨᠳᠦᠵᠠᠢ  ᠃ ᠠᠷᠪᠠᠨ  ᠨᠢᠭᠡᠳᠦᠭᠡᠷ  ᠦᠶ᠎ᠡ ᠨᠢ  ᠶᠢᠰᠦᠳᠦᠭᠡᠷ  ᠦᠶ᠎ᠡ  ᠎ ᠶᠢᠨ  ᠵᠡᠭᠦᠨ  ᠲᠠᠯ᠎ᠠ  ᠎ ᠳᠤ  ᠵᠡᠭᠦᠨᠰᠢ ᠬᠠᠨᠳᠤᠭᠤᠯᠵᠠᠢ  ᠃  ᠠᠷᠪᠠᠨ ᠬᠤᠶᠠᠳᠤᠭᠠᠷ  ᠦᠶ᠎ᠡ ᠨᠢ ᠠᠷᠪᠠᠳᠤᠭᠠᠷ  ᠦᠶ᠎ᠡ ᠶᠢᠨ  ᠵᠡᠭᠦᠨ ᠲᠠᠯ᠎ᠠ ᠳᠤ  ᠵᠡᠭᠦᠨᠰᠢ  ᠬᠠᠨᠳᠤᠭᠤᠯᠵᠠᠢ᠃᠂  ᠠᠷᠪᠠᠨ ᠭᠤᠷᠪᠠᠳᠤᠭᠠᠷ ᠦᠶ᠎ᠡ ᠨᠢ ᠠᠷᠪᠠᠨ ᠨᠢᠭᠡᠳᠦᠭᠡᠷ  ᠦᠶ᠎ᠡ ᠶᠢᠨ  ᠵᠡᠭᠦᠨ  ᠲᠠᠯ᠎ᠠ  ᠎ ᠳᠤ  ᠵᠡᠭᠦᠨᠰᠢ  ᠬᠠᠨᠳᠤᠭᠤᠯᠵᠠᠢ  ᠃᠂ ᠦᠷ᠎ᠡ  ᠬᠤᠶᠢᠴᠢᠰ  ᠎ ᠨᠢ ᠵᠢᠯ ᠪᠦᠷᠢ  ᠤᠩᠭᠤᠨ ᠤ ᠭᠠᠵᠠᠷ  ᠢᠷᠡᠵᠦ ᠲᠠᠬᠢᠯᠭ᠎ᠠ ᠲᠠᠯᠪᠢᠬᠤ  ᠎ ᠳᠠᠭᠠᠨ  ᠵᠡᠭᠦᠨ ᠲᠠᠯ᠎ᠠ  ᠎ ᠠᠴᠠ ᠨᠢ ᠪᠠᠷᠠᠭᠤᠨᠰᠢ  ᠬᠠᠨᠳᠦᠵᠦ  ᠰᠦᠭᠦᠳᠦᠨ ᠮᠦᠷᠭᠦᠳᠡᠭ  ᠵᠠᠩᠰᠢᠯ ᠨᠢ  ᠡᠷᠳᠡᠨ ᠠᠴᠠ  ᠵᠡᠭᠦᠨ ᠲᠠᠯ᠎ᠠ ᠨᠢ  ᠡᠷᠬᠢᠮ  ᠪᠠᠷᠠᠭᠤᠨ ᠲᠠᠯ᠎ᠠ ᠨᠢ  ᠲᠤᠤᠷᠠᠳᠦ ᠭᠡᠳᠡᠭ  ᠶᠤᠰᠤᠯᠠᠯ ᠵᠢᠷᠦᠮ ᠢ  ᠬᠠᠷᠠᠭᠤᠯᠵᠦ ᠪᠠᠶᠢᠨ᠎ᠠ  ᠃ ᠭᠤᠤᠯ ᠲᠡᠭᠡᠳᠦᠰ  ᠎ ᠨᠢ ᠲᠤᠮᠳᠠ  ᠎ ᠳᠤ  ᠪᠠᠶᠢᠷᠰᠢᠵᠦ  ᠂ ᠭᠤᠤᠯ ᠲᠡᠭᠡᠳᠦᠰ  ᠎ ᠤᠨ  ᠵᠡᠭᠦᠨ ᠲᠠᠯ᠎ᠠ ᠶᠢ  ︽ ᠭᠡᠭᠡᠨ︾  ᠭᠡᠵᠦ  ︔ ᠪᠠᠷᠠᠭᠤᠨ  ᠲᠠᠯ᠎ᠠ ᠶᠢ ᠨᠢ  ︽ ᠭᠦᠨ  ︾ ᠭᠡᠵᠦ  ᠂ ᠢᠩᠭᠢᠭᠰᠡᠨ  ᠎ ᠢᠶᠠᠷ  ᠠᠦᠬᠠᠨ ᠤ   ᠬᠠᠶᠢᠷᠬᠠᠨ ᠸᠠᠩ  ᠎ ᠤᠨ ᠤᠷᠳᠤᠨ  ᠎ ᠤ  ᠤᠩᠭᠤᠨ ᠤ ᠭᠠᠵᠠᠷ ᠢ  ︽ᠭᠡᠭᠡᠨ  ᠢᠵᠠᠭᠤᠷ    ︾  ᠭᠡᠵᠦ ᠨᠡᠷᠡᠶᠢᠳᠴᠠᠢ᠃         ᠠᠷᠠᠳ  ᠎ ᠤᠨ  ᠲᠤᠮᠳᠠ ᠪᠠᠰᠠ ᠡᠨᠡᠬᠦ  ᠶᠤᠰᠤᠯᠠᠯ ᠵᠢᠷᠦᠮ ᠢ  ᠡᠷᠬᠢᠮᠨᠡᠵᠦ  ᠬᠦᠨᠳᠦᠳᠬᠡᠳᠡᠭ  ᠃    ᠯᠤᠬ᠎ᠠ  ᠎ ᠶᠢᠨ  ᠭᠤᠤᠯ ᠤᠨ  ᠰᠠᠪᠠ  ᠭᠠᠵᠠᠷ   ᠨᠤᠳᠤᠭᠰᠢᠭᠰᠠᠨ ᠠᠤᠬᠠᠨ  ᠂ ᠤᠩᠨᠢᠭᠤᠳ ᠵᠡᠷᠭᠡ  ᠭᠠᠵᠠᠷ ᠵᠡᠭᠦᠨ ᠵᠦᠭ ᠢ  ︽ᠡᠮᠦᠨ᠎ᠡ ᠵᠦᠭ︾  ᠭᠡᠵᠦ  ᠨᠡᠷᠡᠶᠢᠳᠦᠳᠡᠭ  ᠃ ᠡᠭᠦᠨ ᠠᠴᠠ  ᠦᠵᠡᠬᠦᠯ᠎ᠡ  ᠵᠡᠭᠦᠨ  ᠵᠦᠭ ᠨᠢ ᠡᠷᠬᠢᠮ  ᠂ ᠪᠠᠷᠠᠭᠤᠨ ᠲᠠᠯ᠎ᠠ ᠨᠢ ᠲᠤᠤᠷᠠᠳᠤ  ᠭᠡᠬᠦ ᠶᠤᠰᠤ  ᠲᠠᠳᠬᠠᠯ  ᠎ ᠨᠢ ᠡᠷᠳᠡᠨ ᠠᠴᠠ  ᠤᠯᠠᠮᠵᠢᠯᠠᠵᠦ ᠢᠷᠡᠭᠰᠡᠨ  ᠶᠤᠰᠤ ᠵᠢᠷᠦᠮ  ᠂  ᠤᠳᠤᠬᠠᠨ  ᠎ ᠳᠤ  ᠵᠠᠷᠢᠮ ᠬᠦᠮᠦᠨ  ᠵᠦᠪᠬᠡᠨ  ᠡᠮᠦᠨ᠎ᠡ ᠲᠠᠯ᠎ᠠ ᠬᠠᠮᠤᠭ ᠡᠷᠬᠢᠮ  ᠂ ᠵᠡᠭᠦᠨ ᠲᠠᠯ᠎ᠠ  ᠎ ᠨᠢ  ᠬᠠᠮᠤᠭ ᠡᠷᠬᠢᠮ ᠬᠡᠮᠡᠬᠦ  ᠵᠠᠩᠰᠢᠯ  ᠠᠭᠠᠵᠢᠮ ᠢᠶᠠᠷ  ᠰᠤᠯᠠᠷᠠᠵᠠᠢ  ᠃  ︽ᠡᠮᠦᠨ᠎ᠡ  ᠲᠠᠯ᠎ᠠ ᠨᠢ ᠡᠷᠬᠢᠮ  ︾  ᠪᠤᠶᠤ  ︽ᠵᠡᠭᠦᠨ ᠲᠠᠯ᠎ᠠ ᠨᠢ ᠡᠷᠬᠢᠮ︾  ᠬᠡᠮᠡᠬᠦ ᠦᠵᠡᠯᠳᠡ ᠨᠢ  ᠭᠠᠵᠠᠷ ᠬᠤᠪᠢᠶᠠᠳᠠᠭ  ᠃  ᠲᠤᠮᠳᠠᠳᠤ ᠶᠢᠨ  ᠬᠦᠮᠦᠨ  ᠭᠡᠷ ᠪᠠᠶᠢᠰᠩ ᠪᠠᠷᠢᠬᠤ ᠳᠠᠭᠠᠨ  ᠲᠠᠩᠬᠢᠮ  ᠪᠠ ᠭᠡᠷ   ᠭᠡᠵᠦ ᠬᠤᠪᠢᠶᠠᠳᠠᠭ  ᠂ ᠲᠠᠩᠬᠢᠮ ᠬᠡᠮᠡᠵᠦ  ᠬᠠᠮᠤᠭ ᠤᠨ  ᠡᠷᠬᠢᠮ  ᠡᠭᠦᠳᠡ ᠨᠢ  ᠡᠮᠦᠨᠡᠰᠢ ᠬᠠᠨᠳᠤᠨ᠎ᠠ  ᠃  ᠡᠭᠦᠨ ᠨᠢ ᠵᠡᠭᠦᠨᠰᠢ ᠬᠠᠨᠳᠤᠪᠠᠯ  ᠭᠡᠷ  ᠬᠡᠮᠡᠵᠦ ᠬᠠᠮᠤᠭ ᠡᠷᠬᠢᠮ᠃ ᠪᠢᠳᠡᠨᠡᠷ  ᠎ ᠤᠨ  ᠮᠡᠳᠡᠭᠡᠵᠠᠢ ᠪᠠᠷ  ᠡᠷᠳᠡᠨ ᠤ  ᠢᠵᠠᠭᠤᠷᠳᠠᠨ  ᠡᠵᠡᠨ  ᠬᠠᠭᠠᠨ  ᠰᠠᠶᠢᠳ ᠲᠦᠰᠢᠮᠡᠯ  ᠰᠠᠭᠤᠬᠤ ᠭᠡᠷ  ᠎ ᠠᠴᠠ  ᠎ ᠨᠢ ᠡᠬᠢᠯᠡᠭᠡᠳ  ᠲᠠᠬᠢᠯᠭ᠎ᠠ ᠶᠢᠨ  ᠭᠠᠵᠷ ᠬᠦᠷᠳᠠᠯ᠎ᠡ ᠴᠦᠮ  ᠲᠠᠩᠬᠢᠮ ᠪᠠ  ᠭᠡᠷ  ᠎ ᠤᠨ  ᠪᠦᠳᠦᠴᠡ ᠲᠠᠢ  ᠂  ᠲᠠᠩᠬᠢᠮ  ᠬᠢᠭᠡᠳ  ᠭᠡᠷ  ᠎ ᠨᠢ  ᠪᠦᠬᠦᠨ ᠢᠶᠠᠷ  ᠎ ᠢᠶᠠᠨ  ᠨᠢᠭᠡᠯᠬᠡᠨ  ᠰᠠᠭᠤᠷᠢ ᠲᠡᠭᠡᠷ᠎ᠡ  ᠪᠠᠷᠢᠳᠠᠭ  ᠃  ᠲᠠᠩᠬᠢᠮ ᠨᠢ  ᠡᠮᠦᠨ᠎ᠡ  ᠂  ᠭᠡᠷ  ᠎ ᠨᠢ ᠬᠤᠶᠢᠨ᠎ᠠ  ᠂  ᠲᠠᠩᠬᠢᠮ  ᠭᠡᠷ  ᠎ ᠤᠨ  ᠬᠤᠭᠤᠷᠤᠨᠳᠤ ᠨᠢᠭᠡ  ᠬᠦᠨᠳᠡᠯᠡᠨ ᠬᠡᠷᠡᠮ  ᠎ ᠲᠠᠢ᠂  ᠬᠡᠷᠡᠮ  ᠎ ᠤᠨ  ᠭᠠᠳᠠᠨ᠎ᠠ ᠨᠢ  ᠲᠠᠩᠬᠢᠮ  ᠂ ᠲᠤᠳᠤᠷ᠎ᠠ  ᠎ ᠨᠢ  ᠭᠡᠷ  ᠃ᠡᠭᠦᠨ  ᠎ ᠳᠤ  ᠪᠠᠷᠠᠭᠤᠨ ᠲᠠᠯ᠎ᠠ  ᠎ ᠳᠤ  ᠎ ᠨᠢ  ᠴᠤᠩᠬᠤ  ᠎ ᠲᠠᠢ  ᠂  ᠵᠡᠭᠦᠨ ᠲᠠᠯ᠎ᠠ  ᠎ ᠳᠤ  ᠎ ᠨᠢ  ᠡᠭᠦᠳᠡ ᠲᠠᠢ  ᠃ ᠡᠷᠳᠡᠨ  ᠎ ᠤ  ᠬᠦᠮᠦᠰ  ᠎ ᠤᠨ  ᠶᠠᠷᠢᠳᠠᠭ  ᠲᠠᠩᠬᠢᠮ  ᠎ ᠳᠤ  ᠲᠠᠪᠰᠢᠵᠦ  ᠭᠡᠷ ᠲᠤ ᠵᠠᠯᠠᠷᠠᠬᠤ ᠭᠡᠳᠡᠭ ᠨᠢ  ᠡᠭᠦᠳᠡ ᠪᠠᠷ ᠤᠷᠤᠵᠤ  ᠃ ᠲᠠᠩᠬᠢᠮ ᠤᠨ  ᠵᠡᠭᠦᠨ  ᠂ ᠬᠤᠶᠢᠳᠦ  ᠂  ᠪᠠᠷᠠᠭᠤᠨ  ᠎ ᠳᠤ ᠴᠦᠮ  ᠬᠡᠷᠡᠮ ᠲᠠᠢ  ᠂  ᠵᠡᠭᠦᠨ ᠬᠡᠷᠡᠮ  ᠎ ᠢ  ᠵᠡᠭᠦᠨ ᠵᠢᠭᠦᠷ  ᠬᠡᠮᠡᠵᠦ  ᠂ ᠪᠠᠷᠠᠭᠤᠨ  ᠬᠡᠷᠡᠮ  ᠎ ᠢ   ᠪᠠᠷᠠᠭᠤᠨ  ᠵᠢᠭᠦᠷ  ᠂   ᠡᠮᠦᠨ᠎ᠡ  ᠬᠡᠷᠡᠮ ᠢ  ᠬᠡᠷᠡᠮ  ᠎ ᠤᠨ  ᠨᠢᠭᠤᠷ  ᠭᠡᠵᠦ ᠭᠢᠯᠠᠶᠢᠳᠠᠯ᠎ᠠ ᠨᠡᠭᠡᠵᠦ  ᠤᠳᠤᠬᠠᠨ  ᠎ ᠤ  ᠵᠦᠴᠦᠭᠡ ᠶᠢᠨ  ᠲᠠᠶᠢᠵᠠ  ᠰᠢᠭ᠋  ᠪᠤᠯᠭᠠᠳᠠᠭ  ᠃  ᠲᠠᠩᠬᠢᠮ  ᠎ ᠤᠨ  ᠭᠤᠤᠯ ᠲᠤᠮᠳᠠ  ᠬᠤᠶᠠᠷ  ᠬᠡᠷᠡᠯᠳᠦ  ᠲᠤᠯᠭᠠᠭᠤᠷᠢ  ᠪᠤᠰᠬᠠᠳᠠᠭ  ᠂  ᠡᠷᠳᠡ  ᠴᠠᠭ ᠲᠤ  ᠵᠢᠩ ᠺᠧ  ᠴᠢᠨ ᠸᠠᠩ  ᠎ ᠢ   ᠬᠢᠳᠤᠭᠠᠯᠬᠤ   ᠭᠡᠰᠡᠨ ᠎ ᠳᠤ  ᠴᠢᠨ ᠸᠠᠩ ᠡᠨᠡᠬᠦ  ᠲᠤᠯᠭᠠᠭᠤᠷᠢ ᠶᠢ ᠲᠤᠭᠤᠷᠢᠨ ᠪᠤᠷᠤᠭᠤᠯᠠᠵᠦ  ᠠᠮᠢ  ᠮᠤᠯᠳᠤᠷᠠᠵᠠᠠᠢ  ᠃     ᠲᠠᠩᠬᠢᠮ  ᠎ ᠳᠤ  ᠬᠦᠮᠦᠨ ᠰᠠᠭᠤᠳᠠᠭ  ᠦᠭᠡᠢ  ᠂  ᠢᠵᠠᠭᠤᠷᠳᠠᠳ  ᠬᠡᠷᠡᠭ  ᠵᠦᠪᠯᠡᠳᠡᠭ    ᠭᠠᠵᠠᠷ  ᠪᠤᠯᠤᠨ᠎ᠠ  ᠃ ᠮᠢᠩ  ᠂ ᠴᠢᠩ  ᠬᠤᠶᠠᠷ  ᠬᠦᠷᠦᠨ   ᠲᠠᠪᠬᠤᠷᠯᠢᠭ  ᠲᠤᠳᠤᠭᠠᠳᠤ ᠬᠤᠳᠠ ᠶᠢ ᠪᠠᠶᠢᠭᠤᠯᠬᠤ  ᠎ ᠳᠤ  ᠬᠤᠶᠠᠷ  ᠬᠤᠪᠢᠶᠠᠨ  ᠪᠠᠶᠢᠭᠤᠯᠤᠭᠰᠠᠨ  ᠃   ᠤᠳᠤᠬᠠᠨ  ᠪᠤᠯᠳᠠᠯ᠎ᠠ   ᠰᠦᠨᠳᠡᠷᠯᠡᠵᠦ ᠪᠠᠶᠢᠭ᠎ᠠ  ᠎ ᠲᠠᠢ  ᠾᠧ  ᠳ᠋ᠢᠶᠠᠨ  ᠠᠨᠤ  ᠲᠠᠩᠬᠢᠮ  ᠪᠤᠯᠤᠨ᠎ᠠ᠃  ᠬᠠᠭᠠᠨ ᠡᠵᠡᠨ  ᠯᠤᠤ  ᠎ ᠶᠢᠨ ᠰᠢᠷᠡᠭᠡᠨ  ᠡᠮᠦᠨᠡᠰᠢ ᠬᠠᠨᠳᠦᠨ  ᠵᠠᠯᠠᠷᠵᠦ    ᠶᠡᠭᠡ  ᠲᠦᠰᠢᠮᠡᠳ   ᠵᠡᠷᠭᠡ ᠡᠷᠬᠢᠮ  ᠎ ᠤᠨ  ᠶᠡᠭᠡ  ᠪᠠᠭ᠎ᠠ  ᠎ ᠪᠠᠷ ᠲᠠᠰ  ᠲᠠᠷᠠᠭᠠᠯᠠᠨ   ᠲᠠᠩᠬᠢᠮ  ᠎ ᠳᠤ  ᠤᠷᠤᠵᠤ  ᠨᠢᠭᠡ ᠮᠦᠷ  ᠎ ᠢᠶᠠᠷ  ᠵᠢᠭᠰᠠᠨ ᠡᠵᠡᠨ ᠬᠠᠭᠠᠨ  ᠎ ᠳᠤ  ᠶᠤᠰᠤᠯᠠᠨ  ᠲᠠᠭᠤᠰᠠᠭᠰᠠᠨ ᠤ  ᠲᠠᠷᠠᠭ᠎ᠠ  ᠪᠢᠴᠢᠭ  ᠎ ᠤᠨ  ᠲᠦᠰᠢᠮᠡᠯ  ᠵᠡᠭᠦᠨ  ᠭᠠᠷᠤᠯᠠᠨ  ᠂ ᠴᠢᠷᠡᠭ  ᠎ ᠤᠨ  ᠲᠦᠰᠢᠮᠡᠯ  ᠪᠠᠷᠠᠭᠤᠨ  ᠭᠠᠷᠤᠯᠠᠨ  ᠮᠡᠭᠦᠶᠢᠨ  ᠵᠤᠭᠰᠤᠨ᠎ᠠ  ᠃  ᠲᠠᠷᠦᠢ  ᠦᠨᠳᠦᠷ  ᠡᠷᠬᠢᠮ ᠲᠠᠢ  ᠎ ᠨᠢ  ᠪᠠᠷᠠᠭᠤᠨ᠋ ᠲᠠᠯ᠎ᠠ  ᠎ ᠳᠤ   ᠵᠡᠭᠦᠨᠰᠢ  ᠬᠠᠨᠳᠦᠵᠦ᠂  ᠲᠤᠤᠷ᠎ᠠ  ᠡᠷᠬᠢᠮ ᠲᠠᠢ  ᠎ ᠨᠢ ᠵᠡᠭᠦᠨ ᠲᠠᠯ᠎ᠠ  ᠎ ᠳᠤ  ᠪᠠᠷᠠᠭᠤᠨᠰᠢ ᠬᠠᠨᠳᠤᠨ᠂  ︽ᠰᠤᠳᠤᠷ  ᠲᠡᠮᠳᠡᠭᠡᠯᠡᠯ    ︾᠎ ᠳᠤ   ᠯᠢᠨ ᠰᠢᠶᠡᠩ  ᠿᠤ᠋ ᠲᠡᠭᠡᠳᠦ ᠴᠢᠩ ᠲᠦᠰᠢᠮᠡᠯ  ᠪᠤᠯᠵᠦ  ᠯᠢᠶᠠᠨ ᠫᠦᠸᠧ  ᠎ ᠶᠢᠨ  ᠪᠠᠷᠠᠭᠤᠨ ᠲᠠᠯ᠎ᠠ  ᠎ ᠳᠤ  ᠵᠡᠭᠦᠨᠰᠢ ᠬᠠᠨᠳᠤᠨ ᠵᠤᠭᠰᠤᠵᠠᠢ  ᠃ ᠡᠭᠦᠨ ᠳᠤ ᠯᠢᠶᠠᠨ  ᠫᠦᠸᠧ  ᠮᠠᠰᠢ  ᠲᠤᠷ᠎ᠠ   ᠦᠭᠡᠶᠢᠴᠡᠵᠠᠢ  ᠃         ᠭᠡᠷ  ᠠᠨᠤ  ᠤᠷᠳᠦ ᠲᠦᠷᠪᠡᠯᠵᠢᠨ ᠬᠡᠯᠪᠡᠷᠢᠳᠠᠢ  ᠂  ᠵᠡᠭᠦᠨ  ᠎ ᠠᠴᠠ  ᠪᠠᠷᠠᠭᠤᠨᠰᠢ  ᠤᠷᠳᠦ  ᠂ ᠡᠮᠦᠨ᠎ᠡ  ᠬᠤᠶᠢᠰᠢ   ᠤᠬᠤᠷ  ᠂  ᠲᠠᠯᠠᠪᠠᠢ  ᠎ ᠪᠠᠷ ᠪᠠᠭ᠎ᠠ  ᠃   ᠤᠨᠳᠠᠬᠤ  ᠭᠡᠷ  ᠎ ᠲᠤ  ᠬᠦᠮᠦᠨ ᠰᠠᠭᠤᠵᠦ  ᠲᠠᠬᠢᠯᠭ᠎ᠠ  ᠎ ᠶᠢᠨ  ᠭᠡᠷ ᠲᠤ  ᠲᠠᠬᠢᠯᠭ᠎ᠠ ᠲᠠᠯᠪᠢᠳᠠᠭ  ᠂  ᠲᠠᠪᠬᠤᠷᠯᠢᠭ  ᠲᠤᠳᠤᠭᠠᠳᠤ  ᠬᠤᠳᠠ ᠶᠢᠨ  ᠶᠠᠩ  ᠰᠢᠨ  ᠳ᠋ᠢᠶᠠᠨ  ᠬᠠᠷᠰᠢ  ᠎ ᠪᠠᠷ   ᠵᠢᠱᠢᠶᠡᠯᠡᠪᠡᠯ  ᠡᠵᠡᠨ ᠬᠠᠭᠠᠨ  ᠯᠤᠤ  ᠎ ᠶᠢᠨ  ᠰᠢᠷᠡᠭᠡᠨ᠎ᠡ  ᠵᠡᠭᠦᠨᠰᠢ  ᠬᠠᠨᠳᠦᠨ  ᠵᠠᠯᠠᠷᠠᠵᠦ  ᠂ ᠶᠡᠭᠡ ᠲᠦᠰᠢᠮᠡᠳ  ᠪᠠᠷᠠᠭᠤᠨᠰᠢ  ᠬᠠᠨᠳᠦᠨ   ᠶᠤᠰᠤ  ᠭᠦᠢᠴᠡᠭᠡᠨ  ᠵᠠᠷᠯᠢᠭ  ᠬᠦᠯᠢᠶᠡᠳᠡᠭ  ᠃   ᠡᠭᠦᠨ ᠠᠴᠠ  ᠦᠵᠡᠬᠦᠯ᠎ᠡ   ᠾᠦᠩ ᠮᠧᠨ  ᠎ ᠤ ᠬᠤᠷᠢᠮ  ᠎ ᠤᠨ  ᠰᠠᠭᠤᠳᠠᠯ  ᠎ ᠤᠨ  ᠬᠡᠯᠪᠡᠷᠢ  ᠎ ᠨᠢ  ᠡᠵᠡᠨ   ᠬᠠᠭᠠᠨ ᠤ  ᠰᠠᠭᠤᠳᠠᠯ  ᠎ ᠤᠨ  ᠬᠡᠯᠪᠡᠷᠢ ᠲᠠᠢ  ᠵᠤᠬᠢᠴᠠᠯᠳᠤᠵᠠᠢ  ᠃  ᠰᠢᠶᠠᠩ  ᠢᠦᠢ  ᠬᠠᠮᠤᠭ  ᠎ ᠤᠨ   ᠬᠦᠨᠳᠦᠳᠠᠢ  ᠪᠠᠶᠢᠵᠦ   ᠲᠠᠩᠬᠢᠮ  ᠎ ᠳᠤ  ᠰᠠᠭᠤᠬᠤ  ᠎ ᠳᠠᠭᠠᠨ  ᠡᠮᠦᠨᠡᠰᠢ  ᠬᠠᠨᠳᠦᠨ ᠰᠠᠭᠤᠵᠦ  ᠂ ᠹᠠᠨ  ᠼᠧᠩ  ᠂ ᠰᠢᠶᠠᠩ ᠢᠦᠢ  ᠎ ᠠᠴᠠ  ᠲᠡᠳᠡᠯᠡᠵᠦ   ᠵᠡᠭᠦᠨᠰᠢ ᠬᠠᠨᠳᠦᠨ  ᠂ ᠯᠢᠦ  ᠪᠠᠩ ᠬᠤᠶᠢᠰᠢ  ᠬᠠᠨᠳᠦᠨ  ᠂  ᠹᠠᠨ ᠽᠧᠩ  ᠎ ᠢ ᠴᠦ ᠠᠷᠠᠢ  ᠬᠦᠷᠬᠦ  ᠦᠭᠡᠢ  ᠂  ᠵᠠᠩ ᠯᠢᠶᠠᠩ  ᠪᠠᠷᠠᠭᠤᠨᠰᠢ  ᠬᠠᠨᠳᠦᠨ  ᠲᠤᠰ  ᠰᠠᠭᠤᠳᠠᠯ  ᠎ ᠤᠨ   ᠬᠦᠮᠦᠰ  ᠎ ᠤᠨ   ᠬᠠᠮᠤᠭ  ᠎ ᠤᠨ  ᠲᠤᠤᠷᠠᠳᠤ   ᠰᠠᠭᠤᠳᠠᠯ  ᠎ ᠳᠤ  ᠰᠠᠭᠤᠵᠠᠢ  ᠃         ᠲᠤᠮᠳᠠᠳᠤ  ᠎ ᠶᠢᠨ  ᠬᠦᠮᠦᠨ  ᠡᠷᠳᠡᠨ  ᠎ ᠠᠴᠠ   ᠵᠡᠭᠦᠨ  ᠲᠠᠯ᠎ᠠ  ᠎ ᠶᠢ   ᠡᠷᠬᠢᠮ  ᠬᠡᠮᠡᠨ  ᠦᠵᠡᠭᠰᠡᠭᠡᠷ   ᠢᠷᠡᠵᠠᠢ᠃   ᠬᠦᠷᠢ  ᠎ ᠶᠢᠨ  ᠰᠢᠷᠭᠡᠭ   ᠨᠡᠭᠡᠵᠦ  ᠠᠮᠢᠳᠦᠷᠠᠭᠰᠠᠨ  ᠵᠤ᠋  ᠪᠦᠸᠧ  ᠬᠠᠨ  ᠤᠯᠤᠰ  ᠎ ᠤᠨ  ᠶᠡᠭᠡ ᠰᠠᠶᠢᠳ  ᠪᠤᠯᠤᠭᠰᠠᠨ ᠤ ᠲᠠᠷᠠᠭ᠎ᠠ  ︽ᠵᠡᠭᠦᠨ  ᠵᠦᠭ  ᠠᠨᠤ ᠡᠷᠬᠢᠮ  ᠬᠡᠮᠡᠬᠦ  ︾   ᠶᠤᠰᠤᠯᠠᠯ  ᠎ ᠢ  ᠮᠡᠳᠡᠳᠡᠭ  ᠃  ︽ᠰᠤᠳᠤᠷ  ᠲᠡᠮᠳᠡᠭᠡᠯᠡᠯ  ᠂ ᠵᠧᠤ  ᠪᠦᠸᠧ  ᠎ ᠶᠢᠨ  ᠤᠭᠰᠠᠭ᠎ᠠ︾  ᠎ ᠳᠤ  ᠦᠭᠦᠯᠡᠷᠦᠨ  ᠵᠤ᠋  ᠪᠦᠸᠧ  ᠤᠤᠬ᠎ᠠ  ᠵᠤᠬᠢᠶᠠᠯ   ᠨᠡᠪᠳᠡᠷᠡᠬᠦ ᠦᠭᠡᠢ  ᠂  ᠤᠯᠠᠨ  ᠎ ᠤ ᠴᠤᠭᠯᠠᠭᠠᠨ ᠳᠤ    ᠪᠦᠳᠦᠭᠦᠯᠢᠭ  ᠦᠭᠡ  ᠶᠠᠷᠢᠵᠦ  ᠦᠪᠡᠷ ᠢᠶᠠᠨ ᠵᠡᠭᠦᠨᠰᠢ ᠬᠠᠨᠳᠦᠨ  ᠰᠠᠭᠤᠵᠦ  ᠤᠯᠠᠨ  ᠪᠢᠴᠢᠭᠳᠡᠨ ᠲᠠᠢ  ᠡᠷᠡᠭᠡᠯᠡᠯ  ᠦᠭᠡᠢ  ᠶᠠᠷᠢᠳᠠᠭ  ᠂  ᠴᠧᠩᠰᠢᠶ᠋ᠩ  ᠲᠢᠶᠠᠨ  ᠹᠧᠨ  ᠤᠯᠠᠨ  ᠎ ᠢ  ᠵᠠᠯᠠᠵᠦ  ᠠᠷᠬᠢᠳᠠᠬᠤ  ᠎ ᠳᠠᠭᠠᠨ   ᠦᠪᠡᠷ  ᠎ ᠶᠢᠨ  ᠠᠬ᠎ᠠ ᠭᠠᠢ  ᠎ ᠶᠢᠨ  ᠲᠠᠷᠠᠭ᠎ᠠ  ᠡᠮᠦᠨᠡᠰᠢ ᠬᠠᠨᠳᠦᠨ  ᠂  ᠦᠪᠡᠷ ᠢᠶᠠᠨ  ᠵᠡᠭᠦᠨᠰᠢ ᠬᠠᠨᠳᠦᠨ ᠰᠠᠭᠤᠳᠠᠭ  ᠃ ᠲᠢᠶᠠᠨ    ᠹᠧᠨ  ᠎ ᠤ  ᠦᠵᠡᠬᠦ  ᠎ ᠪᠠᠷ  ᠦᠪᠡᠷ  ᠎ ᠪᠠᠨ  ᠴᠧᠩᠰᠢᠶᠠᠩ  ᠪᠤᠯᠤᠭᠰᠠᠨ ᠪᠤᠯᠬᠤᠷ  ᠠᠬ᠎ᠠ  ᠎ ᠶᠢᠨ  ᠎ ᠢᠶᠠᠨ  ᠬᠠᠵᠠᠭᠤ  ᠎ ᠳᠤ  ᠠᠬ᠎ᠠ    ᠬᠦᠨᠳᠦᠯᠡᠬᠦ  ᠎ ᠶᠢᠨ  ᠲᠦᠯᠦᠭᠡ  ᠴᠧᠩᠰᠢᠶᠡᠩ  ᠎ ᠤᠨ  ᠨᠡᠷ᠎ᠡ  ᠬᠦᠨᠳᠦ  ᠎ ᠶᠢ  ᠭᠤᠳᠤᠭᠠᠵᠤ  ᠪᠤᠯᠬᠤ  ᠦᠭᠡᠢ᠂᠃  ᠤᠷᠤᠨ ᠨᠤᠳᠤᠭ ᠤᠨ  ᠢᠵᠠᠭᠤᠷᠳᠠᠳ ᠴᠦ  ᠵᠡᠭᠦᠨᠰᠢ  ᠬᠠᠷᠠᠬᠤ  ᠎ ᠶᠢ ᠡᠷᠬᠢᠮᠯᠡᠵᠦ    ᠠᠤᠬᠠᠨ  ᠎ ᠤ  ᠵᠠᠰᠠᠭ  ᠸᠠᠩ  ᠭᠤᠮᠪᠤᠵᠠᠪ   ᠬᠡᠳᠦᠶᠢᠪᠡᠷ  ᠯᠠᠮᠠ  ᠭᠠᠷᠤᠯᠳᠠᠢ  ᠪᠤᠯᠪᠠᠴᠦ  ᠲᠦᠷᠦ ᠶᠢᠨ  ᠨᠤᠶᠠᠳ ᠲᠠᠢ ᠪᠠᠨ  ᠤᠴᠠᠷ ᠶᠠᠪᠤᠳᠠᠯ ᠵᠦᠪᠯᠡᠬᠦ ᠳᠡᠭᠡᠨ  ᠪᠤᠷᠬᠠᠨ ᠤ  ᠶᠤᠰᠤᠨ  ᠎ ᠢᠶᠠᠷ  ᠪᠠᠷᠠᠭᠤᠨᠰᠢ ᠬᠠᠷᠠᠬᠤ ᠶᠢ ᠡᠷᠬᠢᠮᠯᠡᠳᠡᠭ  ᠦᠭᠡᠢ ᠬᠠᠷᠢᠨ ᠵᠦᠪᠯᠡᠬᠦ  ᠭᠡᠷ  ᠎ ᠲᠡᠭᠡᠨ  ᠵᠡᠭᠦᠨᠰᠢ ᠬᠠᠨᠳᠦᠨ  ᠂  ᠵᠠᠷᠯᠢᠭ  ᠎ ᠤᠨ  ᠨᠤᠶᠠᠳ ᠨᠢ ᠪᠠᠷᠠᠭᠤᠨᠰᠢ ᠬᠠᠨᠳᠦᠨ  ᠵᠡᠷᠭᠡ ᠡᠷᠬᠢᠮ ᠤᠨ  ᠶᠡᠭᠡ ᠪᠠᠭ᠎ᠠ  ᠎ ᠪᠠᠷ   ᠪᠠᠷᠠᠭᠤᠨᠰᠢ ᠬᠠᠨᠳᠦᠨ ᠰᠠᠭᠤᠵᠦ  ᠃ ᠲᠤᠮᠳᠠᠳᠤ  ᠤᠯᠤᠰ  ᠎ ᠲᠤ  ᠤᠳᠤᠬᠠᠨ  ᠎ ᠳᠤ  ᠤᠯᠠᠩᠬᠢ  ᠤᠨᠳᠦᠰᠦᠳᠡᠨ  ᠵᠡᠭᠦᠨ ᠲᠠᠯ᠎ᠠ ᠨᠢ ᠡᠷᠬᠢᠮ ᠬᠡᠮᠡᠨ  ᠦᠵᠡᠵᠦ ᠪᠠᠶᠢᠨ᠎ᠠ  ᠃ ᠲᠡᠭᠡᠷᠡᠬᠢ  ᠎ ᠶᠢ  ᠪᠠᠭᠴᠠᠯᠠᠪᠠᠯ  ︽ᠭᠡᠷ  ᠎ ᠤᠨ  ᠲᠤᠳᠤᠷ᠎ᠠ  ᠵᠡᠭᠦᠨᠰᠢ  ᠬᠠᠨᠳᠦᠬᠤ  ᠎ ᠨᠢ  ᠡᠷᠬᠢᠮ  ᠂  ᠲᠠᠩᠬᠢᠮ  ᠎ ᠤᠨ  ᠲᠤᠮᠳᠠ  ᠡᠮᠦᠨᠡᠰᠢ  ᠬᠠᠨᠳᠦᠬᠤ ᠨᠢ  ᠬᠦᠨᠳᠦ  ︾  ᠃  ᠤᠯᠠᠭᠠᠨᠬᠠᠳᠠ ᠬᠤᠳᠠ ᠶᠢᠨ  ᠰᠢᠨ  ᠴᠧᠩ   ᠲᠤᠭᠤᠷᠢᠭ  ᠎ ᠤᠨ  ᠪᠤᠰᠬᠠᠭᠰᠠᠨ  ᠬᠤᠪᠢᠯᠠᠢ ᠶᠢᠨ  ᠬᠠᠳᠤᠨ ᠤ  ᠱᠤᠭᠤᠮᠠᠯ  ᠎ ᠢ  ᠪᠠᠷᠠᠭᠤᠨᠰᠢ ᠬᠠᠨᠳᠤᠭᠤᠯᠠᠭᠰᠠ ᠨᠢ ᠮᠤᠩᠭᠤᠯ  ᠦᠨᠳᠦᠰᠦᠳᠡᠨ  ᠎ ᠤ  ᠵᠠᠩ  ᠵᠠᠩᠰᠢᠯ  ᠎ ᠲᠠᠢ  ᠵᠤᠬᠢᠷᠠᠬᠤ  ᠦᠭᠡᠢ  ᠃     ᠬᠢᠳᠠᠳ  ᠦᠨᠳᠦᠰᠦᠳᠡᠨ  ᠎ ᠤ  ᠵᠠᠩ ᠵᠠᠩᠰᠢᠯ ᠲᠠᠢ ᠨᠡᠩ ᠵᠤᠬᠢᠴᠠᠬᠤ  ᠦᠭᠡᠢ  ᠃ ᠲᠠᠯᠠᠪᠠᠢ  ᠎ ᠶᠢᠨ  ᠲᠤᠮᠳᠠ  ᠪᠤᠰᠬᠠᠭᠰᠠᠨ ᠪᠤᠯᠬᠤᠷ  ᠡᠮᠦᠨᠡᠰᠢ  ᠬᠠᠨᠳᠦᠭᠤᠯᠠᠭᠰᠠᠨ  ᠪᠤᠯᠪᠠᠯ  ᠵᠤᠬᠢᠰᠳᠠᠢ   ᠪᠠᠶᠢᠵᠦ   ᠲᠤᠮᠳᠠᠳᠤ  ᠭᠦᠷᠦᠨ ᠤ  ᠶᠤᠰᠤ  ᠶᠤᠰᠤᠯᠠᠯ  ᠲᠦᠷᠢᠮ ᠲᠠᠢ ᠨᠡᠶᠢᠴᠡᠨ᠎ᠡ  ᠃  ᠶᠤᠸᠠᠨ  ᠤᠯᠤᠰ  ᠎ ᠤᠨ  ᠦᠶ᠎ᠡ  ᠎ ᠳᠤ  ᠡᠵᠡᠨ ᠬᠠᠭᠠᠨ  ᠲᠦᠷᠦ  ᠎ ᠳᠤ ᠵᠠᠯᠠᠷᠠᠨ  ᠤᠯᠤᠰ  ᠎ ᠤᠨ  ᠶᠠᠪᠤᠳᠠᠯ ᠢ  ᠰᠤᠨᠤᠰᠬᠤ  ᠎ ᠳᠠᠭᠠᠨ  ᠲᠠᠪᠬᠤᠷᠯᠢᠭ ᠲᠤᠳᠤᠭᠠᠳᠤ   ᠬᠤᠳᠠ  ᠎ ᠶᠢᠨ  ᠳ᠋ᠠ  ᠮᠢᠩ ᠳ᠋ᠢᠶᠠᠨ ᠬᠠᠷᠰᠢ  ᠎ ᠳᠤ   ᠯᠤᠤ  ᠎ ᠶᠢᠨ  ᠰᠢᠷᠡᠭᠡᠨ᠎ᠡ  ᠡᠮᠦᠨᠡᠰᠢ  ᠬᠠᠨᠳᠦᠨ ᠵᠠᠯᠠᠷᠠᠨ  ᠬᠤᠸᠠᠩ  ᠬᠤ᠋   ᠵᠡᠭᠦᠨ ᠲᠠᠯ᠎ᠠ  ᠎ ᠳᠤᠨᠢ  ᠡᠮᠦᠨᠡᠰᠢ  ᠬᠠᠨᠳᠦᠨ  ᠪᠠᠷᠠᠭ᠎ᠠ  ᠪᠤᠯᠵᠦ  ᠶᠡᠭᠡ ᠲᠦᠰᠢᠮᠡᠳ  ᠎ ᠨᠢ ᠲᠠᠰ  ᠲᠠᠷᠠᠭᠠᠨᠯᠠᠨ  ᠨᠢᠭᠡ ᠮᠦᠷ  ᠎ ᠢᠶᠠᠷ  ᠵᠢᠭᠰᠠᠵᠦ  ᠂   ᠶᠤᠰᠤᠯᠠᠯ  ᠬᠠᠮᠢᠶᠠᠷᠤᠭᠴᠢ  ᠲᠦᠰᠢᠮᠡᠯ      ᠶᠡᠭᠡ ᠲᠠᠭᠤᠨ  ᠎ ᠢᠶᠠᠷ  ︵ᠮᠤᠩᠭᠤᠯ  ᠎ ᠢᠶᠠᠷ︶ ︽ ᠮᠦᠷᠭᠦᠨ  ᠰᠦᠭᠦᠳᠦᠨ  ᠶᠤᠰᠤᠯᠠᠭᠳᠤᠨ  ︾  ᠃ ᠶᠤᠰᠤᠯᠠᠨ  ᠲᠠᠭᠤᠰᠤᠭᠰᠠᠨ ᠤ  ᠲᠠᠷᠠᠭ᠎ᠠ  ᠪᠢᠴᠢᠭ  ᠎ ᠤᠨ ᠲᠦᠰᠢᠮᠡᠯ  ᠵᠡᠭᠦᠨᠰᠢ  ᠬᠠᠨᠳᠦᠨ  ᠂   ᠴᠢᠷᠡᠭ  ᠎ ᠤᠨ  ᠰᠠᠶᠢᠳ  ᠪᠠᠷᠠᠭᠤᠨᠰᠢ ᠬᠠᠨᠳᠦᠨ  ᠮᠡᠭᠦᠶᠢᠨ  ᠵᠤᠭᠰᠤᠳᠠᠭ  ᠲᠠᠷᠠᠭᠠᠪᠷ  ᠬᠠᠭᠠᠨ ᠡᠵᠦᠡᠨ ᠵᠠᠷᠢᠯᠢᠭ  ᠪᠤᠯᠬᠤ  ᠪᠤᠶᠤ  ᠲᠦᠰᠢᠮᠡᠯ ᠨᠠᠷ  ᠶᠠᠪᠤᠳᠠᠯ ᠮᠡᠳᠡᠭᠦᠯᠳᠡᠭ  ᠃          ᠤᠳᠤᠬᠠᠨ ᠤ   ᠰᠢᠨ  ᠴᠧᠩ ᠲᠤᠭᠤᠷᠢᠭ  ᠎ ᠤᠨ  ᠠᠭᠤᠳᠠᠮ  ᠲᠠᠯᠠᠪᠠᠢ  ᠎ ᠳᠠᠬᠢ  ᠪᠠᠷᠠᠭᠤᠨᠰᠠᠢ  ᠬᠠᠳᠦᠨ  ᠵᠤᠭᠰᠤᠭᠠᠭᠰᠠᠨ  ᠴᠢᠮᠪᠠᠢ ᠬᠠᠳᠤᠨ ᠤ  ᠱᠤᠭᠤᠮᠠᠯ  ᠬᠦᠮᠦᠨ  ᠎ ᠤ  ᠨᠢᠳᠦᠨ  ᠎ ᠤ  ᠲᠤᠩ  ᠡᠪ ᠦᠭᠡᠢ  ᠦᠷᠭᠡᠰᠦ  ᠎ ᠲᠠᠢ  ᠬᠠᠷᠠᠭᠳᠠᠨ᠎ᠠ  ᠂  ᠬᠢᠳᠠᠳ  ᠎ ᠤᠨ  ᠶᠤᠰᠤᠯᠠᠯ  ᠤᠬᠠᠭᠠᠨ  ᠎ ᠳᠤ ᠨᠡᠪᠳᠡᠷᠭᠰᠡᠨ ᠬᠦᠮᠦᠨ  ᠬᠠᠷᠠᠮᠠᠭᠴᠠ  ᠰᠡᠭᠦᠷᠡᠰᠦ  ᠠᠯᠳᠠᠷᠤᠨ  ︽ᠶᠠᠮᠠᠷ  ᠤᠴᠠᠷ  ᠪᠤᠢ   ᠤᠳᠤᠬᠠᠨ  ᠎ ᠳᠤ  ᠡᠷᠳᠡᠨ ᠤ ᠶᠤᠰᠤ  ᠎ ᠶᠢ  ᠰᠠᠬᠢᠬᠤ  ᠎ ᠪᠠᠨ  ᠪᠤᠯᠢᠭᠰᠠᠨ ᠰᠢᠯᠳᠠᠭᠠᠨ ᠭᠡᠵᠠᠢ  ︖  ︾         ︵ᠵᠤᠬᠢᠶᠠᠯ  ᠎ ᠤᠨ  ᠨᠡᠷᠡᠰ ᠦᠭᠡ ᠶᠢ  ︽ᠲᠠᠪᠤᠨ  ᠵᠦᠢᠯ  ᠎ ᠤᠨ  ᠦᠰᠦᠭ  ᠬᠠᠪᠰᠤᠷᠠᠭᠰᠠᠨ  ᠮᠠᠨᠵᠦ  ᠦᠭᠡᠨ ᠤ  ᠲᠤᠯᠢ  ᠪᠢᠴᠢᠭ︾  ᠎ ᠠᠴᠠ  ᠦᠨᠳᠦᠰᠦᠯᠡᠪᠡ  ᠃︶          ᠵᠤᠬᠢᠶᠠᠭᠴᠢ  ᠡᠦ  ᠶᠦᠩ   ᠱᠠᠨ     ᠯᠢᠨᠰᠢ  ᠰᠢᠶᠠᠨ  ᠎ ᠤ   ᠠᠷᠠᠳ  ᠎ ᠤᠨ  ᠶᠡᠭᠡ  ᠬᠤᠷᠠᠯ ᠤᠨ  ᠪᠠᠶᠢᠩᠭᠤ  ᠎ ᠶᠢᠨ  ᠬᠤᠷᠢᠶ᠎ᠠ  ᠎ ᠶᠢᠨ  ᠤᠤᠯ  ᠎ ᠤᠨ  ᠲᠡᠳ᠋   ᠡᠷᠬᠢᠯᠡᠭᠴᠢ          ᠲᠤᠭᠳᠠᠬᠤ    ᠯᠢᠨᠰᠢ  ᠰᠢᠶᠠᠨ ᠤ  ᠦᠨᠳᠦᠰᠤᠳᠡᠨ   ᠱᠠᠰᠢᠨ  ᠰᠤᠷᠳᠠᠬᠤᠨ  ᠎ ᠤ  ᠬᠡᠷᠡᠭ  ᠡᠷᠬᠢᠯᠡᠬᠦ  ᠲᠤᠪᠴᠢᠶ᠎ᠠ  
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号