ᠶᠤᠸᠠᠨ ᠤᠯᠤᠰ ᠤᠨ ᠰᠡᠭᠦᠯᠴᠢ ᠶᠢᠨ  ᠦᠶ᠎ᠡ ᠶᠢᠨ  ᠭᠠᠪᠢᠶᠠᠳᠤ ᠵᠠᠩᠵᠤᠨ ᠴᠠᠭᠠᠨᠳᠡᠮᠦᠷ ︵  ᠭᠤᠷᠪᠠ︶
ᠨᠡᠶᠢᠲᠡᠯᠡᠭᠰᠡᠨ ᠴᠠᠭ᠄
2017/1/13
          ᠶᠤᠸᠠᠨ  ᠎ ᠤᠨ  ᠴᠡᠷᠢᠭ  ᠪᠢᠶᠠᠨ ᠯᠢᠶᠠᠩ ᠳᠤ ᠤᠷᠤᠭᠰᠠᠨ ᠤ ᠲᠠᠷᠠᠭ᠎ᠠ   ᠶᠤᠸᠠᠨ ᠤᠯᠤᠰ ᠤᠨ  ᠴᠡᠷᠢᠭ  ᠲᠤᠷᠠᠪᠠᠷ ᠠᠯᠠᠵᠤ  ᠪᠤᠯᠢᠶᠠᠬᠤ ᠵᠠᠩ  ᠎ ᠢᠶᠠᠨ  ᠲᠡᠪᠴᠢᠵᠤ᠂ ᠰᠠᠬᠢᠯᠭ᠎ᠠ ᠪᠠᠳᠤ  ᠎ ᠪᠠᠨ ᠴᠢᠩᠭᠠᠳᠬᠠᠵᠠᠢ᠃  ︽ᠪᠦᠬᠦ ᠬᠤᠳᠠ ᠶᠢᠨ  ᠬᠤᠷᠢᠨ ᠲᠦᠮᠡᠨ ᠬᠦᠮᠦᠨ  ᠎ ᠠᠴᠠ  ᠠᠷᠠᠳ ᠢ   ᠠᠨᠤ  ᠠᠶᠤᠮᠰᠢᠭ ᠦᠭᠡᠢ   ᠪᠤᠯᠢᠶᠠᠬᠤ ᠦᠭᠡᠢ᠂  ᠲᠡᠯᠭᠡᠭᠦᠷ  ᠎ ᠶᠢ ᠠᠨᠤ  ᠠᠶᠤᠮᠰᠢᠭ ᠦᠭᠡᠢ ᠲᠡᠭᠡᠷᠡᠮᠳᠡᠬᠦ ᠦᠭᠡᠢ  ︶  ︾  ︵︽ᠶᠤᠸᠠᠨ ᠤ ᠲᠡᠦᠭᠡ  ᠂ ᠴᠠᠭᠠᠨᠳᠡᠮᠦᠷ ᠎ ᠤᠨ  ᠱᠠᠰᠳᠢᠷ  ︾︶  ᠂  ᠴᠠᠭᠠᠨᠳᠡᠮᠦᠷ ᠤᠨ  ᠴᠡᠷᠢᠭ ᠵᠠᠰᠠᠬᠤ  ᠤᠬᠠᠭᠠᠨ ᠠᠨᠤ  ᠪᠤᠰᠤᠳ  ᠎ ᠲᠤ  ᠶᠤᠰᠤᠨ ᠬᠡᠮᠡᠨ  ᠮᠡᠳᠡᠷᠡᠭᠳᠡᠨ  ᠰᠦᠩ ᠤᠯᠤᠰ ᠢ  ᠲᠦᠪᠰᠢᠳᠭᠡᠭᠰᠡᠨ  ᠪᠠᠶᠠᠨ ᠴᠧᠩᠰᠢᠶᠠᠩ ᠤᠨ  ᠴᠡᠷᠢᠭ ᠵᠠᠰᠠᠬᠤ  ᠰᠤᠷᠳᠠᠯ ᠠᠪᠠᠢ᠃           ᠪᠢᠶᠠᠨ ᠯᠢᠶᠠᠩ ᠢ  ᠡᠵᠡᠯᠡᠭᠰᠡᠨ ᠤ ᠰᠡᠭᠦᠯᠡᠷ ᠶᠤᠸᠠᠨ ᠤᠯᠤᠰ ᠤᠨ  ᠴᠡᠷᠢᠭ ᠢᠯᠡᠯᠳᠡ ᠶᠢᠨ ᠡᠷᠴᠢᠨ᠎ᠡ ᠤᠷᠤᠭᠰᠢᠯᠠᠵᠤ ᠠᠷᠪᠠᠨ ᠡᠳᠦᠷ ᠪᠤᠯᠤᠯ  ᠦᠭᠡᠢ  ᠾᠧᠨᠠᠨ  ᠎ ᠢ ᠲᠦᠪᠰᠢᠳᠭᠡᠪᠡ᠃  ᠴᠠᠭᠠᠨᠳᠡᠮᠦᠷ  ︽ᠢᠯᠡᠯᠳᠡ ᠶᠢᠨ  ᠴᠢᠮᠡᠭᠡ ᠶᠢ  ᠨᠡᠶᠢᠰᠯᠡᠯ ᠬᠤᠳᠠᠨ᠎ᠠ  ᠬᠦᠷᠭᠡᠭᠰᠨ᠎ᠡ  ᠪᠠᠶᠠᠷᠯᠠᠯᠳᠤᠬᠤ ᠲᠠᠭᠤᠨ ᠲᠤᠳᠤᠭᠠᠳᠤ  ᠭᠠᠳᠠᠭᠠᠳᠤ ᠶᠢ  ᠲᠤᠩᠰᠤᠯᠭᠠᠵᠠᠢ︾  ︵︽ᠶᠤᠸᠠᠨ ᠤᠯᠤᠰ ᠤᠨ  ᠲᠡᠦᠭᠡ᠂  ᠴᠠᠭᠠᠨᠳᠡᠮᠦᠷ ᠤᠨ  ᠱᠠᠰᠳᠢᠷ︾  ︶  ᠂ ᠾᠧᠨᠠᠨ ᠢ  ᠬᠤᠷᠢᠶᠠᠭᠰᠠᠨ  ᠶᠡᠭᠡ ᠭᠠᠪᠢᠶ᠎ᠠ ᠨᠢ ᠴᠠᠭᠠᠨᠳᠡᠮᠦᠷ ᠢ  ᠶᠤᠸᠠᠨ ᠤᠯᠤᠰ  ᠎ ᠲᠤ  ᠰᠢᠨ᠎ᠡ ᠪᠠᠷ  ᠤᠷᠭᠤᠭᠰᠠᠨ  ᠬᠦᠰᠡᠯ   ᠪᠤᠯᠭᠠᠵᠤ  ᠂ ᠡᠵᠡᠨᠳᠤ ᠤᠯᠤᠰ ᠤᠨ   ᠲᠡᠷᠢᠭᠦᠨ ᠵᠠᠩᠵᠤᠨ  ᠪᠤᠯᠵᠤ ᠠᠯᠳᠠᠷ ᠨᠡᠷ᠎ᠡ ᠨᠢ  ᠠᠯᠤᠰ  ᠎ ᠲᠤ  ᠮᠠᠨᠳᠤᠵᠠᠢ  ᠃         ᠾᠧᠨᠨᠠ  ᠎ ᠢ  ᠡᠭᠡᠭᠦᠯᠦᠭᠰᠡᠨ  ᠎ ᠠᠴᠠ  ᠶᠤᠸᠠᠨ ᠤ ᠲᠦᠷᠦ ᠬᠢᠭᠡᠳ  ᠡᠮᠦᠨᠡᠳᠦ ᠶᠢᠨ ᠨᠤᠶᠠᠷᠬᠠᠯ ᠤᠨ  ᠤᠷᠤᠨ ᠤ ᠬᠠᠷᠢᠯᠴᠠᠭ᠎ᠠ  ᠰᠡᠷᠭᠦᠵᠦ ᠲᠠᠶᠢᠨ ᠤ ᠪᠠᠶᠢᠳᠠᠯ  ᠶᠤᠸᠠᠨ ᠤᠯᠤᠰ ᠲᠤ ᠮᠡᠳᠡᠭᠳᠡᠮ᠎ᠡ ᠠᠰᠢᠭᠳᠠᠢ ᠪᠤᠯᠵᠠᠢ᠃   ᠴᠠᠭᠠᠨᠳᠡᠮᠦᠷ ᠤᠨ  ᠴᠡᠷᠢᠭ ᠤᠨ  ᠬᠦᠴᠦᠨ ᠴᠦ  ᠨᠡᠩ  ᠪᠠᠳᠠᠷᠠᠵᠤ  ︽ ᠬᠡᠳᠦᠨ ᠮᠢᠩᠭᠠᠨ ᠭᠠᠵᠠᠷ ᠤᠨ  ᠴᠡᠷᠢᠭ ᠤᠨ  ᠬᠦᠷᠢᠶᠡᠨ ᠤ ᠲᠤᠭ ᠭᠬᠢᠷᠡᠢ   ᠬᠠᠷᠢᠯᠴᠠᠨ  ᠲᠠᠯᠪᠠᠯᠵᠠᠵᠤ᠂  ᠡᠳᠦᠷᠵᠢᠨ  ᠤᠩᠭᠤᠴᠠ ᠰᠠᠯ  ᠦᠢᠯᠡᠳᠴᠦ᠂ ᠬᠤᠶᠠᠭ ᠲᠤᠭᠤᠯᠭ᠎ᠠ ᠵᠤᠬᠢᠶᠠᠨ᠂  ᠲᠠᠷᠢᠶᠠᠨ ᠠᠵᠢᠯ ᠳᠤ ᠬᠢᠴᠢᠶᠠᠨ᠂  ᠴᠡᠷᠢᠭ ᠤᠨ  ᠠᠷᠠᠳ ᠢ  ᠪᠤᠯᠪᠠᠰᠤᠷᠠᠭᠤᠯᠵᠤ᠂ ᠱᠠᠨᠳᠦᠩ ᠢ  ᠬᠤᠷᠢᠶᠠᠬᠤ ᠶᠡᠭᠡ ᠠᠷᠭ᠎ᠠ  ᠎ ᠶᠢ ᠪᠤᠳᠤᠯᠬᠢᠯᠠᠵᠠᠢ  ︾ ︵ ︽ᠶᠤᠸᠠᠨ ᠤᠯᠤᠰ ᠤᠨ   ᠲᠡᠦᠭᠡ᠂  ᠴᠠᠭᠠᠨᠳᠡᠮᠦᠷ ᠤᠨ  ᠱᠠᠰᠳᠢᠷ  ︾  ᠃          ᠲᠤᠷᠠᠳᠤᠯᠳᠠᠢ ᠨᠢ  ᠴᠭᠠᠨᠳᠡᠮᠦᠷ  ᠾᠧᠨᠠᠨ ᠢ  ᠪᠤᠴᠠᠭᠠᠬᠤ  ᠲᠠᠶᠢᠨ ᠢ  ᠪᠡᠯᠡᠳᠭᠡᠬᠦ ᠲᠤᠮᠳᠠ 1359 ᠤᠨ  ᠎ ᠤ 5 ᠰᠠᠷ᠎ᠠ ᠶᠢᠨ  ᠬᠠᠷ᠎ᠠ ᠪᠠᠷᠰ ᠡᠳᠦᠷ   ᠲᠦᠷᠦ ᠳᠤ ᠪᠢᠴᠢᠭ ᠡᠷᠭᠦᠵᠦ  ︽ ᠲᠤᠰ ᠤᠨ ᠤ ᠨᠠᠢᠮᠠᠨ ᠰᠠᠷ᠎ᠠ ᠎ ᠳᠤ   ᠾᠧᠨᠠᠨ ᠤ  ᠡᠷᠭᠦᠭᠰᠡᠳ ᠴᠡᠷᠢᠭ ᠤᠨ  ᠰᠠᠮᠠᠭᠤᠨ ᠠᠴᠠ  ᠵᠠᠶᠢᠯᠠᠵᠤ ᠰᠢᠯᠭᠠᠯᠭᠠᠨ᠎ᠠ  ᠤᠷᠤᠬᠤ ᠲᠤᠯᠠ  ᠨᠤᠳᠤᠭ  ᠢᠯᠭᠠᠯ ᠦᠭᠡᠢ  ᠎ ᠪᠠᠷ  ᠾᠧᠨᠠᠨ ᠤ  ᠠᠩᠬ᠎ᠠ ᠲᠤᠭᠳᠠᠭᠰᠠᠨ ᠲᠤᠭ᠎ᠠ ᠪᠠᠷ  ᠱᠠᠨᠵᠧᠦ ᠳᠤᠷ  ᠰᠢᠯᠭᠠᠯᠭᠠᠨ᠎ᠠ  ᠤᠷᠤᠯᠴᠠᠭᠤᠯᠦᠮᠤ  ︾  ︵︽ᠶᠤᠸᠠᠨ ᠤ ᠲᠡᠦᠭᠡ  ᠱᠦᠨ ᠳ᠋ᠢ ᠶᠢᠨ  ᠲᠤᠰ ᠬᠦᠮᠦᠨ ᠤ  ᠲᠡᠮᠳᠡᠭᠯᠡᠯ  ᠂  ᠲᠦᠴᠢᠨ ᠲᠠᠪᠤᠳᠤᠭᠠᠷ  ︾︶  ᠃  ᠴᠭᠠᠨᠳᠡᠮᠦᠷ   ᠴᠡᠷᠢᠭ   ᠲᠠᠶᠢᠨ ᠤ ᠲᠤᠮᠳᠠ  ᠡᠷᠭᠦᠭᠰᠡᠳ ᠤᠨ  ᠰᠢᠯᠭᠠᠭᠤᠯᠢ ᠶᠢ  ᠮᠠᠷᠳᠠᠭᠰᠠᠨ ᠦᠭᠡᠢ ᠠᠨᠤ ᠲᠡᠭᠦᠨ  ᠎ ᠤ  ᠬᠡᠪ ᠲᠦᠷᠢ  ᠠᠨᠤ  ᠦᠨᠡᠨᠬᠦ ᠶᠤᠰᠤᠨ  ᠪᠤᠯᠵᠤ  ᠬᠢᠳᠠᠳ  ᠰᠤᠶᠤᠯ ᠢ  ᠨᠡᠩ  ᠲᠡᠭᠦᠯᠳᠡᠷᠵᠢᠬᠦᠯᠬᠦᠭᠰᠡᠨ  ᠢᠯᠡᠷᠡᠯ ᠪᠤᠯᠵᠤ ᠪᠤᠯᠤᠨ᠎ᠠ᠃         1359 ᠤᠨ ᠤ 4 ᠰᠠᠷ᠎ᠠ ᠳᠤ  ᠤᠯᠠᠭᠠᠨ ᠠᠯᠴᠢᠭᠤᠷᠳᠠᠨ ᠤ ᠨᠢᠭᠡᠨ ᠲᠦᠷᠦᠭᠦᠦ ᠮᠤᠤ ᠬᠦᠢ   ᠬᠡᠮᠡᠭᠴᠢ ᠵᠤᠤ ᠵᠢᠶᠦ᠋ᠨ ᠶᠦᠩ ᠳᠤ   ᠠᠯᠠᠭᠳᠠᠭᠰᠠᠨ᠎ᠠ  ᠮᠤᠤ ᠬᠦᠢ ᠶᠢᠨ  ᠬᠠᠷᠢᠶᠠᠳᠤ ᠵᠠᠩᠵᠤᠨ  ᠱᠢᠦᠢ ᠶᠢ ᠽᠦ  ᠯᠢᠶᠤᠤ ᠶᠠᠩ ᠠᠴᠠ  ᠢ ᠳ᠋ᠧᠦ ᠳᠤ  ᠢᠷᠡᠵᠦ  ᠵᠤᠤ ᠵᠤᠤ ᠵᠢᠶᠦ᠋ᠨ ᠶᠦᠩ ᠢ  ᠠᠯᠠᠵᠤ  ᠂ ᠱᠠᠨᠳᠦ᠋ᠩ  ᠎ ᠤᠨ  ᠤᠯᠠᠭᠠᠨ ᠠᠯᠴᠢᠭᠤᠷᠳᠠᠳ  ᠬᠠᠷᠢᠯᠴᠠᠨ ᠠᠯᠠᠯᠳᠤᠵᠤ  ᠲᠡᠷᠢᠭᠦᠨ ᠲᠤᠯᠤᠭᠠᠢ ᠦᠭᠡᠢ ᠶᠠᠭᠤᠮ᠎ᠠ ᠪᠤᠯᠵᠤ  ᠨᠢᠭᠡᠨᠳᠡ ᠠᠪᠤᠷᠠᠰᠢ ᠦᠭᠡᠢ ᠪᠤᠯᠵᠠᠢ᠃      1361 ᠤᠨ  ᠎ ᠤ 6 ᠰᠠᠷ᠎ᠠ ᠳᠤ  ᠪᠤᠯᠤᠳᠡᠮᠦᠷ ᠯᠤᠭ᠎ᠠ ᠲᠡᠮᠡᠴᠡᠯ  ᠎ ᠢᠶᠠᠨ ᠰᠠᠶ᠋ᠢᠬᠠᠨ ᠲᠠᠭᠤᠰᠬᠠᠭᠰᠠᠨ   ᠴᠠᠭᠠᠨᠳᠡᠮᠦᠷ  ᠱᠠᠨᠳᠦ᠋ᠩ ᠢ   ᠲᠦᠪᠰᠢᠳᠭᠡᠬᠦ ᠲᠤᠬᠢᠶᠠᠯ   ᠪᠤᠯᠪᠠᠰᠤᠷᠠᠭᠰᠠᠨ  ᠎ ᠢ   ᠮᠡᠳᠡᠵᠦ  ᠶᠡᠭᠡ  ᠴᠡᠷᠢᠭ ᠬᠦᠳᠡᠯᠭᠡᠨ ᠱᠠᠨᠳᠦ᠋ᠩ ᠵᠦᠭ  ᠴᠡᠷᠢᠭᠯᠡᠬᠦ ᠪᠠᠷ ᠲᠤᠭᠳᠠᠵᠠᠢ᠃  ᠴᠠᠭᠠᠨᠳᠡᠮᠦᠷ  ᠱᠠᠨᠰᠢ ᠠᠴᠠ  ᠯᠦᠸᠧᠶᠠᠩ ᠳᠤ ᠢᠷᠡᠵᠦ  ᠡᠯ᠎ᠡ ᠵᠠᠮ ᠤᠨ  ᠵᠠᠩᠵᠤᠨ ᠢ  ᠴᠤᠭᠯᠠᠭᠤᠯᠤᠨ  ᠱᠠᠨᠳᠦ᠋ᠩ ᠢ  ᠲᠠᠭᠠᠷᠢᠬᠤ ᠲᠠᠶᠢᠨ ᠤ ᠪᠤᠳᠤᠯᠭ᠎ᠠ ᠶᠢ ᠲᠤᠬᠢᠷᠠᠭᠤᠯᠪᠠ  ᠃  ᠲᠠᠪᠤᠨ ᠵᠠᠮ ᠤᠨ  ᠴᠡᠷᠢᠭ ᠬᠤᠪᠢᠶᠠᠨ ᠤᠰᠤ ᠬᠠᠭᠤᠷᠠᠢ ᠪᠠᠷ ᠵᠡᠷᠭᠡᠪᠡᠷ ᠤᠷᠤᠮᠦᠢ᠃    ᠴᠠᠭᠠᠨᠳᠡᠮᠦᠷ  ᠪᠠᠰᠠᠬᠦ  ᠲᠡᠭᠦᠨ ᠤ ᠢᠯᠠᠭᠳᠠᠰᠢ ᠦᠭᠡᠢ  ᠰᠢᠯᠢᠳᠡᠭ  ᠮᠤᠷᠢᠳᠠᠨ  ᠎ ᠢᠶᠠᠨ ᠲᠠᠭᠠᠭᠤᠯᠤᠨ  ᠬᠠᠳᠤᠨ ᠭᠤᠤᠯ ᠢ  ᠮᠧᠩ ᠶᠢᠨ ᠤᠯᠤᠮ  ᠎ ᠢᠶᠠᠷ ᠭᠡᠳᠦᠯᠵᠦ  ᠂ ᠴᠢᠨ ᠬᠤᠸᠠᠢ ᠪᠠᠷ ᠦᠩᠭᠡᠷᠡᠵᠦ ᠱᠠᠨᠳᠦ᠋ᠩ ᠳᠤ  ᠤᠷᠤᠪᠠ  ᠃ 7 ᠰᠠᠷ᠎ᠠ ᠳᠤ  ᠭᠤᠸᠠᠨᠵᠧᠦ  ︵ᠱᠠᠨᠳᠦᠩ ᠤᠨ  ᠭᠤᠸᠠᠨ ᠰᠢᠶᠠᠨ︶  ᠂  ᠳ᠋ᠦᠩ ᠴᠠᠩ ᠢ  ᠡᠵᠡᠯᠡᠪᠡ  ︵ ᠱᠠᠨᠳᠦ᠋ᠩ ᠤᠨ  ᠯᠢᠶᠤᠤ ᠴᠧᠩ  ︶  ᠃  ᠨᠠᠢᠮᠠᠨ ᠰᠠᠷ᠎ᠠ ᠳᠤ  ᠴᠠᠭᠠᠨᠳᠡᠮᠦᠷ ᠤᠨ  ᠴᠡᠷᠢᠭ  ᠶᠠᠨ ᠾᠧ ᠭᠤᠤᠯ ᠳᠤ ᠤᠶᠢᠷᠳᠤᠬᠤ ᠦᠶᠡᠰ   ᠲᠡᠭᠦᠨ ᠤ  ᠲᠡᠵᠢᠭᠡᠭᠰᠡᠨ ᠬᠦᠪᠡᠭᠦᠨ  ︵ ᠵᠠᠷᠢᠮ ᠲᠡᠦᠭᠡᠴᠢᠨ  ᠬᠢᠳᠠᠳ ᠭᠠᠵᠠᠷ ᠤᠨ  ᠡᠵᠡᠨ ᠎ ᠤ ᠬᠦᠦ  ᠂ ᠵᠠᠷᠢᠮ ᠲᠡᠦᠭᠡᠴᠢᠨ ᠲᠡᠭᠦᠨ ᠢ  ᠴᠠᠭᠠᠨᠳᠡᠮᠦᠷ  ᠎ ᠤᠨ  ᠡᠭᠡᠴᠢ ᠶᠢᠨ  ᠬᠢᠨᠢ ᠬᠦᠦ ᠭᠡᠳᠡᠭ ——  ᠤᠷᠴᠢᠭᠤᠯᠤᠭᠴᠢ ᠠᠴᠠ︶  ᠬᠦᠭᠡᠳᠡᠮᠦᠷ  ︵ᠸᠠᠩ ᠪᠤᠤ ᠪᠤᠤ  ︶᠂  ᠶᠠᠨ ᠰᠧ ᠰᠢᠶᠤᠤ᠂  ᠭᠤᠸᠠᠨ ᠪᠤᠤ᠂  ᠬᠤᠯᠠᠨᠴᠢ  ᠨᠠᠷ ᠢᠶᠠᠷ  5 ᠲᠦᠮᠡᠨ  ᠴᠡᠷᠢᠭ ᠲᠠᠶᠢᠴᠢᠯᠠᠭᠤᠯᠤᠨ  ᠳ᠋ᠦᠩ ᠫᠢᠩ  ᠎ ᠢ  ᠲᠠᠭᠠᠷᠢᠭᠤᠯᠪᠠ᠃  ᠶᠤᠸᠠᠨ ᠤ ᠴᠡᠷᠢᠭ ᠬᠦᠪᠪᠦᠮᠡᠯ ᠬᠦᠭᠦᠷᠭᠡ ᠵᠤᠬᠢᠶᠠᠨ  ᠳ᠋ᠦᠩ ᠾᠧ  ᠭᠤᠤᠯ  ᠎ ᠢ  ᠬᠡᠳᠦᠯᠬᠦ   ᠦᠶᠡᠰ  ᠂ ᠲᠢᠶᠠᠨ ᠹᠧᠩ  ︵ᠤᠤᠯ ᠤᠨ  ᠶᠤᠸᠠᠨ ᠤᠯᠤᠰ ᠤᠨ  ᠬᠠᠳᠤᠨ ᠭᠤᠤᠯ ᠢ  ᠰᠠᠬᠢᠭᠰᠠᠨ ᠵᠢᠷᠦᠮ ᠤᠨ  ᠴᠡᠷᠢᠭ ᠤᠨ  ᠲᠦᠮᠡᠳᠤ  ᠂  ᠬᠤᠵᠢᠮ ᠨᠢ  ᠤᠯᠠᠭᠠᠨ ᠠᠯᠴᠢᠭᠤᠷᠳᠠᠨ ᠳᠤ ᠲᠠᠭᠠᠵᠠᠢ︶  2 ᠲᠦᠮᠡᠨ ᠴᠡᠷᠢᠭ ᠲᠠᠶᠢᠴᠢᠯᠠᠨ  ᠬᠦᠭᠦᠷᠭᠡ ᠶᠢ ᠪᠤᠯᠢᠶᠠᠯᠳᠤᠪᠠ  ᠃ ᠭᠤᠸᠠᠨ ᠪᠤᠤ  ᠂ ᠬᠤᠯᠠᠨᠴᠢ ᠨᠠᠷ  ᠪᠠᠶᠢᠯᠳᠤᠯᠬᠢᠯᠠᠨ ᠬᠡᠳᠦᠯᠵᠤ  ᠤᠯᠠᠭᠠᠨ ᠠᠯᠴᠢᠭᠤᠷᠳᠠᠨ  ᠎ ᠢ  ᠢᠯᠠᠵᠤ ᠲᠦᠮᠡᠨ  ᠢᠯᠡᠭᠦᠦ ᠲᠡᠷᠢᠭᠦᠨ ᠢ ᠴᠠᠪᠴᠢᠨ  ᠴᠠᠩ ᠴᠢᠩ  ᠎ ᠢ  ᠡᠵᠡᠯᠡᠵᠦ  ᠂ ᠳ᠋ᠦᠩ ᠫᠢᠩ ᠬᠤᠳᠠ  ᠎ ᠶᠢᠨ  ᠲᠤᠤᠷ᠎ᠠ ᠬᠦᠷᠴᠠᠢ᠃        ᠴᠠᠭᠠᠨᠳᠡᠮᠦᠷ  ︽ᠲᠢᠶᠠᠨ ᠹᠧᠩ ᠱᠠᠨᠳᠦ᠋ᠩ ᠳᠤ ᠤᠳᠠᠭᠠᠨ ᠰᠠᠭᠤᠵᠤ ᠴᠡᠷᠢᠭ ᠠᠷᠠᠳ ᠰᠡᠳᠬᠢᠯ   ᠲᠠᠭᠠᠭᠰᠠᠨ  ᠎ ᠢ ᠪᠤᠳᠤᠯᠬᠢᠯᠠᠵᠤ  ᠪᠢᠴᠢᠭ ᠦᠢᠯᠡᠳᠴᠦ  ᠲᠦᠪ ᠭᠠᠵᠢᠭᠤ ᠶᠢᠨ ᠶᠤᠰᠤᠨ ᠢ   ᠦᠭᠦᠯᠡᠪᠡ  ︾  ᠃  ︵ ︽ᠶᠤᠸᠠᠨ ᠤ ᠲᠡᠦᠭᠡ  ᠂  ᠴᠠᠭᠠᠨᠳᠡᠮᠦᠷ ᠤᠨ  ᠱᠠᠰᠳᠢᠷ  ︾  ︾  ᠃ ᠢᠩᠬᠢᠵᠤ ᠲᠢᠶᠠᠨ ᠹᠧᠩ ᠲᠠᠬᠢᠨ ᠨᠢᠭᠡᠨ ᠤᠳᠠᠭ᠎ᠠ  ᠶᠤᠸᠠᠨ ᠤᠯᠤᠰ ᠤᠨ  ᠡᠪᠦᠷ ᠲᠤ   ᠰᠢᠷᠭᠤᠵᠤ  ᠂ ᠸᠠᠩ ᠱᠢ ᠴᠧᠩ ᠵᠡᠷᠭᠡ ᠴᠦ  ᠲᠠᠭᠠᠯᠳᠤᠪᠡᠷ  ᠪᠠᠭᠤᠨ ᠦᠭᠴᠠᠢ᠃         ᠲᠤᠬᠠᠢ ᠶᠢᠨ ᠦᠶᠡᠰ  ᠱᠠᠨᠳᠦ᠋ᠩ ᠤᠨ  ᠤᠯᠠᠭᠠᠨ ᠠᠯᠴᠢᠭᠤᠷᠳᠠᠨ  ᠎ ᠤ ᠭᠤᠤᠯ ᠬᠦᠴᠦᠨ ᠠᠨᠤ  ᠵᠢᠨᠠᠨ ᠎ ᠳᠤ  ᠬᠤᠷᠠᠵᠤ  ᠂ ᠴᠢ ᠾᠧ  ᠂  ᠢᠦᠢ ᠴᠧᠩ  ᠎ ᠠᠴᠠ  ᠭᠠᠷᠴᠦ  ᠶᠤᠸᠠᠨ ᠤ  ᠴᠡᠷᠢᠭ ᠢ  ᠡᠰᠡᠷᠭᠦᠴᠡᠬᠦ ᠪᠠᠷ  ᠲᠤᠭᠳᠠᠵᠠᠢ᠃  ᠴᠠᠭᠠᠨᠳᠡᠮᠦᠷ ᠪᠠᠰᠠ ᠨᠢᠭᠡᠨ ᠤᠳᠠᠭ᠎ᠠ ᠲᠡᠭᠦᠨ ᠤ  ᠪᠤᠳᠠᠷᠠᠨ ᠤᠷᠤᠵᠤ  ᠬᠤᠮᠤᠷᠭᠠᠯᠠᠨ ᠲᠠᠭᠠᠷᠢᠬᠤ ᠲᠠᠶᠢᠨ ᠤ ᠠᠷᠭ᠎ᠠ ᠢᠶᠠᠨ ᠬᠡᠷᠡᠭᠯᠡᠵᠦ  ᠲᠦᠷᠪᠡᠨ ᠵᠠᠮ ᠤᠨ  ᠴᠡᠷᠢᠭ ᠬᠤᠪᠢᠶᠠᠪᠠ᠃  ᠨᠢᠭᠡᠳᠤᠭᠡᠷ ᠵᠠᠮ ᠵᠢᠢ ᠶᠠᠩ᠂ ᠵᠠᠩ ᠴᠢᠦ ᠶᠢ ᠲᠠᠭᠠᠷᠢᠮᠦᠢ᠃  ᠬᠤᠶᠠᠳᠤᠭᠠᠷ ᠵᠠᠮ  ᠪᠢᠨ ᠬᠠᠢ ᠶᠢᠨ ᠤᠯᠠᠨ ᠬᠤᠳᠠᠳ  ᠎ ᠢ  ᠲᠠᠭᠠᠷᠢᠮᠦᠢ᠃  ᠭᠤᠷᠪᠠᠳᠤᠭᠠᠷ ᠵᠠᠮ ᠴᠢᠨ ᠠᠨ  ᠂  ᠢ ᠶᠠᠩ ᠢ  ᠲᠭᠠᠷᠢᠨ ᠡᠵᠡᠯᠡᠵᠦ᠂  ᠴᠠᠭᠠᠨᠳᠡᠮᠦᠷ  ᠪᠡᠶᠡᠪᠡᠷ ᠭᠤᠤᠯ ᠬᠦᠴᠦᠨ ᠢ  ᠵᠢᠯᠤᠭᠤᠳᠤᠨ   ᠳ᠋ᠠ ᠴᠢᠩ ᠾᠧ ᠭᠤᠤᠯ ᠢ ᠭᠡᠳᠦᠯᠤᠨ  ᠤᠯᠠᠭᠠᠨ ᠠᠯᠴᠢᠭᠤᠷᠳᠠᠨ ᠯᠤᠭ᠎ᠠ ᠹᠧᠨ ᠴᠢ  ᠎ ᠳᠤ ᠪᠠᠶᠢᠯᠳᠤᠨ ᠢᠯᠠᠵᠤ  ᠂ ᠵᠢᠢ ᠨᠠᠨ ᠬᠤᠳᠠ ᠶᠢ  ᠰᠢᠬᠠᠮᠳᠠᠭᠤᠯᠤᠨ᠂  ᠶᠤᠸᠠᠨ ᠤᠯᠤᠰ ᠤᠨ  ᠴᠡᠷᠢᠭ  ᠪᠠᠶᠢᠯᠳᠤᠬᠤ ᠪᠠᠶᠢᠯᠳᠤᠬᠤ ᠪᠤᠳᠤᠯᠭ᠎ᠠ ᠶᠢᠨ  ᠠᠰᠢᠭᠳᠠᠢ  ᠪᠠᠶᠢᠳᠠᠯ ᠳᠤ  ᠤᠷᠤᠵᠤ᠂ ᠪᠤᠰᠤᠳ ᠭᠤᠷᠪᠠᠨ ᠵᠠᠮ ᠤᠨ  ᠴᠡᠷᠢᠭ ᠴᠦ  ᠵᠠᠯᠭᠠᠳᠤᠪᠡᠷ  ᠢᠯᠡᠯᠳᠡ ᠶᠢᠨ  ᠮᠡᠳᠡᠭᠡ ᠰᠤᠨᠤᠰᠬᠠᠵᠤ ᠪᠠᠶᠢᠪᠠ᠃ ᠴᠢ ᠾᠧ  ᠂  ᠢᠦᠢ ᠴᠧᠩ  ᠎ ᠢ  ᠰᠠᠬᠢᠭᠰᠠᠨ ᠤᠯᠠᠭᠠᠨ ᠠᠯᠴᠢᠭᠤᠷᠳᠠᠨ   ᠪᠠᠭᠤᠨ ᠦᠭᠴᠦ᠂  ᠪᠢᠨ ᠬᠠᠢ ᠶᠢᠨ ᠤᠯᠠᠨ ᠬᠤᠳᠠᠳ  ᠪᠠᠶᠢᠯᠳᠤᠯ ᠦᠭᠡᠢ ᠪᠠᠷ  ᠲᠠᠭᠠᠵᠠᠢ᠃  ᠢ ᠳ᠋ᠧᠦ ᠶᠢᠨ ᠤᠯᠠᠭᠠᠨ ᠠᠯᠴᠢᠭᠤᠷᠳᠠᠨ  ᠪᠠᠶᠢᠳᠠᠯ ᠲᠦᠭᠰᠢᠭᠦᠷᠢ ᠲᠠᠢ ᠪᠤᠯᠤᠭᠰᠠᠨ ᠢ  ᠬᠠᠷᠠᠵᠤ  ᠲᠤᠰᠠᠯᠠᠷ᠎ᠠ  ᠢᠷᠡᠭᠡᠳ  ᠶᠤᠸᠠᠨ ᠤ ᠴᠡᠷᠢᠭ ᠲᠤ ᠬᠤᠤ ᠱᠢ ᠴᠢᠶᠤᠤ ᠬᠡᠮᠡᠬᠦ ᠭᠠᠵᠠᠷ ᠢᠯᠠᠭᠳᠠᠵᠠᠢ᠃  ᠶᠤᠸᠠᠨ ᠤ ᠴᠡᠷᠢᠭ  ᠢᠯᠡᠯᠳᠡ ᠶᠢᠨ  ᠡᠷᠴᠢᠨ᠎ᠡ   ᠵᠢᠨᠠᠨ ᠬᠤᠳᠠ ᠶᠢ  ᠪᠦᠰᠡᠯᠡᠬᠦ ᠶᠢᠨ  ᠵᠡᠷᠭᠡᠪᠡᠷ  ᠴᠡᠷᠢᠭ ᠬᠤᠪᠢᠶᠠᠨ  ᠱᠠᠨᠳᠦ᠋ᠩ ᠤᠨ  ᠪᠤᠰᠤᠳ   ᠵᠧᠦ  ᠂ ᠵᠢᠶᠦ᠋ᠨ ᠢ  ᠬᠤᠷᠢᠶᠠᠮᠵᠢᠯᠠᠵᠠᠢ᠃         ᠶᠤᠸᠠᠨ  ᠎ ᠤ ᠴᠡᠷᠢᠭ  ᠵᠢᠨᠠᠨ ᠢ  ᠪᠤᠴᠠᠭᠠᠭᠰᠠᠨ ᠤ ᠰᠡᠭᠦᠯᠡᠷ  ᠱᠠᠨᠳᠦ᠋ᠩ  ᠮᠤᠵᠢ ᠠᠴᠠ  ᠵᠦᠪᠭᠡᠨ  ᠢ ᠳ᠋ᠧᠦ  ᠂ ᠯᠢᠦᠢ ᠵᠧᠦ  ᠬᠤᠶᠠᠷᠬᠠᠨ  ᠦᠨᠦᠴᠢᠨ  ᠬᠤᠳᠠ ᠤᠯᠠᠭᠠᠨ ᠠᠯᠴᠢᠭᠤᠷᠳᠠᠨ ᠤ ᠭᠠᠷ ᠲᠤ   ᠦᠯᠡᠳᠡᠪᠡ᠃  ᠡᠭᠦᠨ  ᠎ ᠳᠤ ᠢ ᠳ᠋ᠧᠦ ᠨᠢ  ᠯᠦᠩ ᠹᠧᠩ ᠲᠦᠷᠦ ᠶᠢᠨ  ᠢ ᠳ᠋ᠧᠦ  ᠮᠤᠵᠢ  ᠎ ᠶᠢᠨ   ᠵᠠᠰᠠᠭ ᠤᠨ  ᠭᠠᠵᠠᠷ  ᠪᠠᠶᠢᠵᠤ  ᠬᠤᠳᠠ ᠶᠢᠨ  ᠬᠠᠮᠠᠭᠠᠯᠠᠯᠳᠠ ᠨᠢ ᠪᠠᠳᠤ ᠪᠠᠬᠢ᠃  ᠴᠠᠭᠠᠨᠳᠡᠮᠦᠷ  ᠵᠢᠨᠠᠨ  ᠎ ᠤ ᠵᠡᠭᠦᠨ ᠠᠴᠠ  ᠭᠠᠷᠴᠦ ᠢ ᠳ᠋ᠧᠦ ᠶᠢ ᠪᠦᠰᠡᠯᠡᠵᠠᠢ᠃   ᠲᠡᠷᠡᠪᠡᠷ  ᠤᠯᠠᠨ ᠴᠡᠷᠢᠭ ᠢ  ᠵᠠᠷᠯᠠᠨ  ᠠᠷᠪᠠᠨ ᠬᠡᠳᠦᠨ ᠬᠦᠷᠢᠶ᠎ᠡ ᠭᠠᠷᠬᠠᠨᠯᠠᠨ ᠪᠠᠭᠤᠵᠤ  ᠬᠤᠳᠠ ᠡᠪᠳᠡᠬᠦ ᠵᠡᠪᠰᠡᠭ ᠢ  ᠶᠡᠭᠡᠪᠡᠷ ᠦᠢᠯᠡᠳᠴᠦ   ᠡᠯ᠎ᠡ ᠲᠠᠯ᠎ᠠ ᠠᠴᠠ  ᠬᠤᠳᠠ ᠶᠢ ᠬᠠᠮᠳᠤᠪᠡᠷ ᠲᠠᠭᠠᠷᠢᠵᠠᠢ᠃  ᠢ ᠳ᠋ᠧᠦ  ᠎ ᠶᠢᠨ   ᠤᠯᠠᠭᠠᠨ ᠠᠯᠴᠢᠭᠤᠷᠳᠠᠨ  ᠪᠦᠬᠦ ᠬᠦᠴᠦᠨ  ᠎ ᠢᠶᠠᠷ ᠬᠤᠳᠠ ᠶᠢ  ᠰᠠᠬᠢᠭᠰᠠᠨ ᠢᠶᠠᠷ ᠶᠤᠸᠠᠨ ᠤ ᠴᠡᠷᠢᠭ  ᠎ ᠤᠨ   ᠰᠢᠷᠦᠭᠦᠨ ᠲᠠᠭᠠᠷᠢᠯᠳᠠ  ᠎ ᠨᠢ ᠪᠦᠳᠦᠮᠵᠢ ᠦᠭᠡᠢ ᠲᠤᠯᠠ  ᠤᠷᠳᠤ ᠬᠤᠭᠤᠴᠠᠭ᠎ᠠ ᠪᠠᠷ  ᠪᠦᠰᠡᠯᠡᠬᠦ  ᠲᠠᠶᠢᠨ ᠤ ᠠᠷᠭ᠎ᠠ ᠎ ᠶᠢ  ᠬᠡᠷᠡᠭᠯᠡᠵᠦ  ᠬᠤᠳᠠ ᠶᠢᠨ   ᠭᠠᠳᠠᠨ᠎ᠠ ᠬᠦᠨ ᠭᠤᠤ ᠮᠠᠯᠳᠠᠵᠤ  ᠂ ᠤᠷᠳᠤ ᠬᠦᠷᠢᠶ᠎ᠡ ᠴᠤᠭᠴᠠᠯᠠᠵᠤ  ᠨᠠᠨ ᠶᠠᠩ ᠾᠧ ᠭᠤᠤᠯ ᠤᠨ  ᠤᠰᠤᠨ  ᠎ ᠢ  ᠵᠠᠯᠠᠵᠤ ᠬᠤᠳᠠ ᠶᠢ  ᠴᠢᠴᠠᠭᠠᠪᠠ᠃         1362 ᠤᠨ ᠳᠤ  ᠶᠤᠸᠠᠨ ᠤ ᠴᠡᠷᠢᠭ ᠬᠤᠳᠠ ᠶᠢ ᠪᠦᠰᠡᠯᠡᠵᠦ ᠬᠡᠳᠦᠨ ᠰᠠᠷ᠎ᠠ ᠪᠤᠯᠤᠭᠰᠠᠨ ᠪᠤᠯᠪᠠᠴᠦ ᠠᠮᠵᠢᠯᠳᠠ ᠦᠭᠡᠢ᠃  ᠤᠷᠪᠠᠨ ᠬᠦᠷᠪᠡᠨ ᠲᠤᠭᠳᠠᠪᠤᠷᠢ ᠦᠭᠡᠢ  ᠲᠢᠶᠠᠨ ᠹᠧᠩ  ᠎ ᠤᠨ  ᠰᠡᠵᠢᠭ ᠲᠦᠷᠦᠵᠦ  ᠸᠠᠩ ᠱᠢ ᠴᠧᠩ ᠯᠤᠭ᠎ᠠ ᠵᠦᠪᠯᠡᠵᠤ  ᠵᠠᠪᠰᠢᠶᠠᠨ ᠡᠷᠢᠵᠤ ᠴᠠᠭᠠᠨᠳᠡᠮᠦᠷ ᠢ  ᠠᠯᠠᠵᠤ ᠤᠯᠠᠭᠠᠨ ᠠᠯᠴᠢᠭᠤᠷᠳᠠᠨ ᠳᠤ  ᠲᠠᠭᠠᠬᠤ ᠎ ᠪᠠᠷ ᠲᠤᠭᠳᠠᠵᠠᠢ᠃  ᠤᠷᠪᠠᠭ᠋ᠤ ᠪᠤᠳᠤᠯᠭ᠎ᠠ ᠲᠤᠭᠳᠠᠭᠰᠠᠨ ᠤ ᠲᠠᠷᠠᠭ᠎ᠠ  ᠲᠢᠶᠠᠨ  ᠹᠧᠩ  ︽  ᠬᠦᠷᠢᠶ᠎ᠡ ᠪᠠᠶᠢᠴᠠᠭᠠᠬᠤ  ︾ ᠨᠡᠷ᠎ᠡ  ᠎ ᠪᠠᠷ   ᠴᠠᠭᠠᠨᠳᠡᠮᠦᠷ  ᠎ ᠢ  ᠤᠷᠢᠪᠠ᠃  ᠴᠠᠭᠠᠨᠳᠡᠮᠦᠷ ᠮᠤᠷᠢᠯᠠᠬᠤ ᠠᠴᠠ  ᠡᠮᠦᠨ᠎ᠡ  ᠤᠯᠠᠨ ᠵᠠᠩᠵᠤᠨ ᠨᠠᠷ ᠢᠳᠬᠠᠨ  ᠤᠴᠢᠬᠤ ᠶᠢ ᠬᠤᠷᠢᠭᠯᠠᠭᠰᠠᠨ ᠳᠤ ᠴᠠᠭᠠᠨᠳᠡᠮᠦᠷ  ︽ᠪᠢ ᠰᠡᠳᠬᠢᠯ  ᠎ ᠢᠶᠠᠨ ᠵᠦᠳᠡᠭᠡᠨ ᠬᠦᠮᠦᠨ  ᠎ ᠳᠤ ᠬᠠᠨᠳᠤᠮᠦᠢ  ᠂ ᠬᠡᠷᠬᠢᠨ ᠬᠦᠮᠦᠨ ᠪᠦᠬᠦᠨ ᠢ  ᠰᠡᠵᠢᠭᠯᠡᠬᠦ ᠶᠤᠰᠤᠨ ᠠᠮᠦᠢ  ︾  ︵︽ᠶᠤᠸᠠᠨ ᠤᠯᠤᠰ ᠤᠨ  ᠲᠡᠦᠭᠡ  ᠂  ᠴᠠᠭᠠᠨᠳᠡᠮᠦᠷ  ᠎ ᠤᠨ  ᠱᠠᠰᠳᠢᠷ  ︾︶᠃  ᠡᠭᠦᠨ ᠳᠤ ᠤᠯᠠᠨ ᠵᠠᠩᠵᠤᠨ    ᠲᠠᠬᠢᠨ ᠢᠳᠡᠷᠭᠡᠭ  ᠴᠡᠷᠢᠭ ᠢᠶᠠᠷ ᠴᠠᠭᠠᠨᠳᠡᠮᠦᠷ ᠢ  ᠬᠠᠮᠠᠭᠠᠯᠠᠭᠤᠯᠤᠨ ᠮᠤᠷᠳᠠᠭᠤᠯᠰᠤ  ᠬᠡᠮᠡᠬᠦ ᠳᠤ  ᠴᠠᠭᠠᠨᠳᠡᠮᠦᠷ  ᠪᠠᠰᠠᠬᠦ   ᠲᠠᠪᠴᠢᠵᠠᠢ᠃  ᠢᠩᠬᠢᠵᠤ  ᠴᠠᠭᠠᠨᠳᠡᠮᠦᠷ  ᠵᠢᠷᠦᠮ ᠤᠨ  ᠴᠡᠷᠢᠭ ᠤᠨ  ᠲᠦᠷᠦᠭᠦᠦ  ᠸᠠᠩ ᠰᠢᠨ ᠤ  ᠬᠦᠷᠢᠶ᠎ᠡ ᠠᠴᠠ  ᠭᠠᠷᠴᠦ 6 ᠰᠠᠷ᠎ᠠ  ᠎ ᠶᠢᠨ 14᠎ ᠳᠤ 11 ᠮᠤᠷᠢᠳᠠᠨ ᠢ  ᠲᠠᠭᠠᠭᠤᠯᠵᠤ  ᠲᠢᠶᠡᠨ ᠹᠧᠩ ᠤᠨ  ᠬᠦᠷᠢᠶ᠎ᠡ ᠳᠤ  ᠬᠦᠷᠴᠦ  ᠸᠠᠩ ᠱᠢ  ᠴᠧᠩ ᠳᠤ  ᠬᠤᠤᠷᠯᠠᠭᠳᠠᠵᠠᠢ᠃  ᠢᠩᠬᠢᠭᠡᠳ ᠨᠢᠭᠡᠨ ᠦᠶ᠎ᠡ ᠶᠢᠨ   ᠠᠯᠳᠠᠷᠳᠤ  ᠵᠠᠩᠵᠤᠨ  ᠢ  ᠳ᠋ᠧᠦ ᠬᠤᠳᠠ ᠶᠢᠨ  ᠭᠠᠳᠠᠨ᠎ᠠ  ᠡᠷᠡᠰᠡᠳᠡᠪᠡ᠃        ᠴᠠᠭᠠᠨᠳᠡᠮᠦᠷ  ᠎ ᠤᠨ  ᠬᠡᠨᠡᠳᠳᠡ ᠪᠠᠷ  ᠬᠤᠤᠷᠯᠠᠭᠳᠠᠭᠰᠠᠨ ᠨᠢ  ᠶᠤᠸᠠᠨ ᠤ ᠲᠦᠷᠦ ᠳᠤ ᠠᠪᠴᠦ ᠬᠡᠯᠡᠪᠡᠯ  ᠰᠦᠢᠷᠡᠯᠳᠡ ᠶᠢᠨ ᠴᠢᠨᠠᠷᠳᠠᠢ᠃  ᠬᠡᠳᠦᠶᠢᠪᠡᠷ  ᠲᠡᠭᠦᠨ ᠤ ᠬᠦᠪᠡᠭᠦᠨ ᠤᠳᠠᠯ ᠦᠭᠡᠢ ᠢ ᠳ᠋ᠧᠦ  ᠂  ᠯᠢᠦᠢ ᠵᠧᠦ ᠶᠢ ᠡᠪᠳᠡᠵᠦ  ᠂ ᠸᠠᠩ ᠱᠢ ᠴᠧᠩ᠂  ᠲᠢᠶᠠᠨ  ᠹᠧᠩ    ᠎ ᠤᠨ  ᠵᠢᠷᠦᠭᠡ ᠪᠠᠷ  ᠴᠠᠭᠠᠨᠳᠡᠮᠦᠷ ᠢ    ᠲᠠᠬᠢᠵᠤ᠂ ᠪᠦᠬᠦᠶᠢᠯᠡ ᠲᠠᠶᠢᠨ ᠤ ᠪᠠᠶᠢᠳᠠᠯ ᠠᠴᠠ ᠠᠪᠴᠦ ᠦᠵᠡᠪᠡᠯ  ᠱᠠᠨᠰᠢ ᠠᠴᠠ  ᠱᠠᠨᠳᠦ᠋ᠩ ᠬᠦᠷᠳᠡᠯ᠎ᠡ   ᠪᠦᠬᠦᠶᠢᠯᠡ  ᠤᠮᠠᠷᠠᠳᠤ ᠲᠤᠮᠳᠠᠳᠤ ᠤᠯᠤᠰ  ᠶᠤᠸᠠᠨ  ᠎ ᠤ  ᠡᠷᠭᠡᠰᠢᠶᠡᠯ ᠳᠤ ᠤᠷᠤᠵᠤ  ᠂ ᠵᠠᠭᠤᠨ ᠲᠦᠮᠡᠨ ᠤᠯᠠᠭᠠᠨ ᠠᠯᠴᠢᠭᠤᠷᠳᠠᠨ  ᠡᠮᠦᠨᠡᠳᠤ ᠤᠷᠤᠨ ᠳᠤ  ᠠᠳᠤᠷᠢᠨ  ᠂   ᠵᠦ ᠶᠤᠸᠠᠨ ᠵᠠᠩ᠂  ᠴᠧᠨ ᠶᠢᠦ ᠯᠢᠶᠠᠩ᠂   ᠵᠠᠩ ᠱᠢ ᠴᠧᠩ ᠨᠠᠷ   ᠬᠠᠷᠢᠯᠴᠠᠨ  ᠲᠠᠶᠢᠳᠤᠵᠤ  ᠪᠠᠶᠢᠪᠠ᠃  ᠡᠷᠳᠡᠨ ᠠᠴᠠ  ᠤᠮᠠᠷ᠎ᠠ ᠠᠨᠤ ᠲᠤᠷᠤᠨ᠎ᠠ ᠶᠢ  ᠲᠠᠷᠤᠬᠤ ᠠᠨᠤ  ᠲᠦᠪ ᠶᠤᠰᠤᠨ ᠪᠦᠯᠦᠭᠡ᠂  ᠶᠤᠸᠠᠨ ᠤ ᠲᠦᠷᠦ  ᠎ ᠶᠢᠨ  ᠲᠤᠮᠳᠠ ᠬᠤᠭᠤᠴᠠᠭᠠᠨ ᠤ ᠮᠠᠨᠳᠤᠯ  ᠡᠳᠦᠷ ᠬᠤᠭᠤᠴᠠᠨ ᠪᠦᠳᠦᠬᠦ ᠪᠤᠯᠵᠠᠢ᠃  ᠭᠡᠳᠡᠯ᠎ᠡ  ᠴᠠᠭᠠᠨᠳᠡᠮᠦᠷ ᠤᠨ  ᠬᠠᠯᠢᠭᠰᠠᠨ  ᠠᠨᠤ  ᠶᠤᠸᠠᠨ ᠤ ᠲᠦᠷᠦ ᠶᠢᠨ  ᠲᠡᠳᠡᠭᠡᠷ  ᠴᠡᠷᠢᠭ ᠵᠠᠬᠢᠷᠤᠨ ᠨᠢᠭᠡᠨ ᠤᠷᠤᠨ ᠢ  ᠡᠵᠡᠯᠡᠭᠰᠡᠨ ᠶᠡᠭᠡ ᠵᠠᠩᠵᠤᠨ ᠨᠠᠷ ᠤᠨ  ᠲᠤᠳᠤᠭᠠᠳᠤ ᠶᠢᠨ  ᠲᠡᠮᠡᠴᠡᠯ ᠢ ᠬᠤᠷᠳᠤᠳᠬᠠᠵᠠᠢ᠃ 1363 ᠤᠨ ᠠᠴᠠ 1368 ᠤᠨ  ᠬᠦᠷᠳᠡᠯ᠎ᠡ ᠬᠦᠭᠡᠳᠡᠮᠦᠷ  ᠬᠢᠭᠡᠳ ᠪᠤᠯᠤᠳᠡᠮᠦᠷ ᠬᠠᠷᠢᠯᠴᠠᠨ ᠲᠠᠶᠢᠳᠤᠵᠤ᠂ ᠬᠤᠵᠢᠮ ᠨᠢ  ᠯᠢ ᠰᠧ ᠴᠢ᠂  ᠵᠠᠩ ᠯᠢᠶᠠᠩ ᠪᠢ᠂  ᠭᠤᠸᠠᠨ  ᠪᠤᠦ ᠨᠠᠷ  ᠬᠠᠷᠢᠯᠴᠠᠨ  ᠲᠡᠮᠡᠴᠡᠯᠳᠤᠨ  ᠶᠤᠸᠠᠨ ᠤᠯᠤᠰ ᠤᠨ  ᠬᠠᠮᠤᠭ ᠡᠴᠦᠰ ᠤᠨ  ᠲᠤᠮᠳᠠ ᠬᠤᠭᠤᠴᠠᠭᠠᠨ ᠤ  ᠰᠡᠷᠭᠦᠯᠳᠡ  ᠎ ᠶᠢᠨ  ᠬᠦᠰᠡᠯ  ᠲᠡᠳᠡᠨᠡᠷ ᠤᠨ  ᠲᠤᠳᠤᠭᠠᠳᠤ ᠶᠢᠨ  ᠲᠡᠮᠡᠴᠡᠯ ᠲᠤᠮᠳᠠ  ᠰᠠᠷᠨᠢᠵᠠᠢ᠃        ᠡᠨᠡᠬᠦ ᠲᠠᠪᠤᠨ ᠵᠢᠯᠦᠨ ᠬᠤᠭᠤᠴᠠᠭᠠᠨ ᠳᠤ  ᠵᠤ᠋ ᠶᠤᠸᠠᠨ ᠵᠠᠩ  ᠴᠧᠨ ᠶᠢᠦ ᠯᠢᠶᠠᠩ ᠢ  ᠠᠯᠠᠵᠤ᠂   ᠵᠠᠩ  ᠱᠢ  ᠴᠧᠩ ᠢ ᠤᠯᠵᠠᠯᠠᠵᠤ  ᠂ ᠹᠠᠩ ᠭᠦᠸᠧ ᠵᠧᠨ ᠢ  ᠪᠠᠭᠤᠯᠭᠠᠨ᠂ ᠵᠢᠶᠠᠩᠬᠤᠸᠠᠢ ᠤᠷᠤᠨ ᠢ  ᠨᠢᠭᠡᠳᠭᠡᠵᠤ  ᠠᠮᠵᠢᠭᠰᠠᠨ ᠮᠦᠷᠳᠡᠭᠡᠨ 1367 ᠤᠨ  ᠎ ᠳᠤ ᠰᠢᠦᠢ ᠳ᠋ᠠ᠂  ᠴᠠᠩ  ᠢᠦᠢ ᠴᠦᠨ  ᠨᠠᠷ ᠢᠶᠠᠷ 25 ᠲᠦᠮᠡᠨ ᠴᠡᠷᠢᠭ ᠲᠠᠶᠢᠴᠢᠯᠠᠭᠤᠯᠤᠨ  ᠲᠤᠮᠳᠠᠳᠤ ᠤᠯᠤᠰ ᠤᠨ  ᠲᠡᠦᠭᠡᠨ  ᠎ ᠲᠠᠬᠢ ᠠᠩᠭ᠎ᠠ ᠤᠠᠳᠠᠭ᠎ᠠ ᠶᠢᠨ  ᠡᠮᠦᠨ᠎ᠡ ᠠᠴᠠ  ᠤᠮᠠᠷᠠᠰᠢ ᠨᠢᠭᠡᠳᠭᠡᠬᠦ ᠲᠠᠶᠢᠨ ᠢ  ᠡᠬᠢᠯᠠᠵᠠᠢ᠃  ᠲᠡᠳᠡᠨ ᠤ ᠤᠮᠠᠷᠠᠰᠢ ᠲᠠᠶᠢᠯᠠᠬᠤ ᠲᠠᠶᠢᠨ ᠨᠢ  ︽ ᠤᠷᠢᠳᠠᠪᠠᠷ ᠱᠠᠨᠳᠦ᠋ᠩ ᠢ  ᠡᠵᠡᠯᠡᠨ ᠲᠡᠭᠦᠨ ᠤ ᠬᠠᠯᠬᠠᠪᠴᠢ ᠦᠢᠯᠡᠳᠦᠯ ᠢ  ᠦᠭᠡᠶᠢᠰᠭᠡᠵᠦ᠂   ᠾᠧᠨᠠᠨ ᠮᠤᠵᠢ ᠳᠤ  ᠴᠡᠷᠢᠭ  ᠡᠷᠬᠢᠯᠳᠡᠭᠦᠯᠦᠨ ᠲᠡᠭᠦᠨ ᠤ  ᠵᠢᠭᠦᠷ ᠦᠳᠦ  ᠎ ᠶᠢᠨ  ᠦᠢᠯᠡᠳᠦᠯ ᠢ  ᠠᠷᠢᠯᠭᠠᠵᠤ᠂  ᠲᠦᠩ ᠭᠤᠸᠠᠨ ᠢ    ᠡᠵᠡᠯᠡᠵᠦ  ᠲᠡᠭᠦᠨ  ᠎ ᠤ ᠡᠭᠦᠳᠡᠨ ᠪᠤᠱᠤᠭ᠎ᠠ ᠶᠢᠨ  ᠦᠢᠯᠡᠳᠦᠯ ᠢ  ᠲᠠᠭᠤᠰᠬᠠᠵᠤ  ᠂᠂᠂᠂᠂᠂ ᠲᠠᠷᠠᠭᠠᠪᠠᠷ  ᠲᠠᠶᠢᠳᠤ ᠬᠤᠳᠠᠨ᠎ᠠ ᠴᠡᠷᠢᠭ ᠤᠷᠤᠮᠦᠢ  ︾  ︵︽ᠮᠢᠩ ᠲᠠᠶᠢᠽᠦ ᠶᠢᠨ  ᠦᠨᠡᠨ ᠲᠡᠮᠳᠡᠭᠯᠡᠯ  ︾  ᠬᠤᠷᠢᠨ ᠵᠢᠷᠭᠤᠳᠤᠭᠠᠷ ᠡᠪᠭᠡᠮᠡᠯ  ︾  ᠪᠠᠶᠢᠯᠳᠤᠬᠤ ᠪᠤᠳᠤᠯᠭ᠎ᠠ ᠶᠢ ᠲᠤᠭᠳᠠᠭᠠᠨ  ᠨᠢᠭᠡᠯᠭᠡᠨ ᠵᠢᠯ ᠤᠨ  ᠬᠤᠭᠤᠴᠠᠭᠠᠨ  ᠭᠡᠷᠡᠭᠯᠡᠵᠦ  ᠂ 1368 ᠤᠨ ᠤ 8 ᠰᠠᠷ᠎ᠠ ᠶᠢᠨ 2᠎ ᠳᠤ  ᠶᠤᠸᠠᠨ ᠤᠯᠤᠰ ᠤᠨ  ᠲᠠᠶᠢᠳᠦ ᠬᠤᠳᠠ ᠶᠢ ᠡᠵᠡᠯᠡᠵᠠᠢ᠃  ᠶᠤᠸᠠᠨ  ᠾᠦᠢᠽᠦ᠋ᠩ ᠤᠮᠠᠷᠠᠰᠢ ᠤᠬᠤᠷᠢᠵᠤ  ᠶᠤᠸᠠᠨ ᠤᠯᠤᠰ ᠤᠨ  ᠵᠦᠩ ᠶᠤᠸᠠᠨ ᠤᠷᠤᠨ  ᠎ ᠳᠠᠬᠢ ᠨᠤᠶᠠᠷᠬᠠᠯ ᠲᠡᠭᠦᠰᠴᠠᠢ᠃   ᠡᠨᠡᠬᠦ ᠲᠠᠶᠢᠨ ᠨᠢ ᠲᠤᠮᠳᠠᠳᠤ ᠤᠯᠤᠰ ᠤᠨ  ᠬᠦᠢᠳᠡᠨ ᠵᠡᠪᠰᠡᠭ ᠤᠨ  ᠴᠠᠭ ᠦᠶ᠎ᠡ ᠶᠢᠨ  ᠴᠤᠷᠢ ᠶᠢᠨ  ᠭᠠᠭᠴᠠ ᠡᠮᠦᠨ᠎ᠡ ᠠᠴᠠ ᠤᠮᠠᠷᠠᠰᠢ ᠲᠠᠶᠢᠯᠠᠭᠰᠠᠨ ᠢᠯᠡᠯᠳᠡ ᠲᠠᠢ ᠲᠠᠶᠢᠨ ᠮᠦᠨ᠃    ︵ᠲᠡᠭᠦᠰᠪᠡ︶
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号