ᠭᠤᠷᠪᠠ᠂ ᠶᠤᠸᠠᠨ ᠤ ᠵᠦᠴᠦᠭᠡ ᠪᠤᠯ ᠶᠤᠸᠠᠨ ᠤᠯᠤᠰ ᠤᠨ ᠲᠦᠷᠦ ᠵᠠᠰᠠᠭ ᠤᠨ ᠢᠯᠵᠢᠷᠡᠮᠡᠯ᠂ ᠶᠤᠸᠠᠨ ᠤ ᠨᠡᠶᠢᠭᠡᠮ | ᠤᠨ ᠰᠠᠮᠠᠭᠤᠷᠠᠯ ᠢ ᠲᠦᠷᠰᠦᠯᠡᠨ ᠪᠢᠴᠢᠭᠰᠡᠨ ᠶᠤᠮ ᠦᠦ︖ | 1999 ᠤᠨ ᠤ 5 ᠰᠠᠷ᠎ᠠ ᠶᠢᠨ 10 ᠤ ᠡᠳᠦᠷ ᠤᠨ ︽ᠭᠤᠸᠠᠩ ᠮᠢᠩ ᠡᠳᠦᠷ ᠤᠨ ᠰᠤᠨᠢᠨ︾ ︵光明日报 | ︶ ᠭᠠᠷᠠᠭ ᠤᠨ ᠨᠢᠭᠡᠨ ᠤ 12 ᠳ᠋ᠤᠭᠠᠷ ᠨᠢᠭᠤᠷ ᠲᠤ ᠬᠦᠸᠧ ᠵᠢᠩ ᠳ᠋ᠧ ᠬᠡᠰᠡᠨ ᠬᠦᠮᠦᠨ ᠤ ᠵᠤᠬᠢᠶᠠᠯ ︽ᠶᠤᠸᠠᠨ ᠤ | ᠵᠦᠴᠦᠭᠡ — ᠲᠤᠮᠳᠠᠳᠤ ᠤᠯᠤᠰ ᠤᠨ ᠡᠷᠳᠡᠨ ᠤ ᠨᠡᠶᠢᠳᠡᠯᠢᠭ ᠰᠢ ᠵᠦᠴᠦᠭᠡ ᠶᠢᠨ ᠤᠷᠠᠯᠢᠭ ᠤᠨ ᠭᠠᠶᠢᠬᠠᠮᠰᠢᠭᠳᠤ | ᠴᠡᠴᠡᠭ︾ ᠲᠤ ᠪᠠᠨ ᠶᠤᠸᠠᠨ ᠤᠯᠤᠰ ᠤᠨ ᠨᠡᠶᠢᠭᠡᠮ ᠢ ᠨᠢᠳᠦ ᠪᠠᠷ ᠦᠵᠡᠭᠰᠡᠨ ᠰᠢᠭ ᠲᠠᠮᠤ ᠶᠢᠨ ᠤᠷᠤᠨ ᠠᠳᠠᠯᠢ | ᠲᠦᠷᠰᠦᠯᠡᠵᠦ᠂ ︽ᠶᠤᠸᠠᠨ ᠤ ᠵᠦᠴᠦᠭᠡ ᠶᠢᠨ ᠲᠤᠳᠤᠷ᠎ᠠ ᠡᠷᠭᠡ ᠪᠠᠷᠢᠭᠴᠢ ᠡᠵᠡᠷᠭᠡᠭᠴᠤᠳ ᠦᠪᠡᠷ ᠤᠨ ᠠᠳᠬᠤᠵᠤ | ᠪᠠᠶᠢᠭ᠎ᠠ ᠡᠷᠭᠡ ᠬᠦᠴᠦᠨ ᠢᠶᠠᠷ ᠵᠠᠰᠠᠭ ᠲᠦᠷᠦ ᠶᠢ ᠪᠠᠷᠢᠵᠤ᠂ ᠱᠤᠷᠤᠩ ᠬᠢᠨᠳᠠᠨ ᠤ ᠡᠷᠭᠡ ᠶᠢ ᠠᠳᠬᠤᠵᠤ᠂ ᠮᠡᠷᠭᠡᠨ | ᠴᠢᠳᠠᠪᠤᠷᠢᠳᠠᠨ ᠢ ᠬᠤᠤᠷᠯᠠᠵᠤ᠂ ᠨᠡᠶᠢᠭᠡᠮ ᠲᠡᠭᠡᠷ᠎ᠡ ᠬᠠᠷᠬᠢᠰ ᠬᠡᠷᠴᠡᠭᠡᠢ ᠠᠭᠠᠰᠢᠯᠠᠵᠤ᠂ ᠬᠢᠬᠦ ᠦᠭᠡᠢ ᠮᠠᠭᠤ ᠬᠡᠷᠡᠭ ᠢ | ᠬᠢᠵᠦ᠂ ᠲᠤᠷ᠎ᠠ ᠵᠤᠷᠢᠭ ᠢᠶᠠᠷ ᠬᠦᠮᠦᠨ ᠤ ᠦᠬᠢᠳ ᠪᠡᠷᠢᠶᠡᠳ ᠢ ᠪᠤᠯᠢᠶᠠᠵᠤ᠂ ᠡᠳ᠋ ᠬᠦᠷᠦᠩᠭᠡ ᠶᠢ ᠨᠢ ᠲᠡᠭᠡᠷᠡᠮᠳᠡᠵᠦ᠂ | ᠠᠷᠠᠳ ᠢᠷᠭᠡᠨ ᠢ ᠲᠠᠷᠤᠯᠠᠨ ᠬᠤᠤᠷᠯᠠᠵᠤ᠂ ᠬᠤᠪᠳᠤᠭ ᠨᠤᠶᠠᠨ ᠰᠢᠨᠤᠬᠠᠢ ᠲᠦᠰᠢᠮᠡᠯ ᠬᠤᠶᠢᠬᠤᠷ ᠠᠷᠭ᠎ᠠ ᠪᠠᠷ | ᠬᠤᠪᠢ ᠶᠢᠨ ᠠᠰᠢᠭ ᠢᠶᠠᠨ ᠬᠦᠭᠡᠭᠡᠴᠡᠯᠳᠦᠵᠦ᠂ ᠶᠠᠰᠤ ᠶᠢ ᠨᠢ ᠲᠤᠩᠰᠢᠵᠤ ᠴᠢᠮᠦᠭᠡ ᠶᠢ ᠨᠢ ᠰᠤᠷᠤᠬᠤ ᠮᠡᠳᠦ | ᠬᠠᠷᠬᠢᠰᠯᠠᠵᠤ᠂ ᠡᠷᠬᠢᠭᠦᠦ ᠮᠤᠩᠬᠠᠭ ᠪᠤᠯᠬᠢ ᠲᠡᠨᠡᠭ᠂ ᠲᠤᠷ᠎ᠠ ᠪᠠᠷ ᠬᠦᠮᠦᠨ ᠳᠤ ᠶᠠᠯ᠎ᠠ ᠲᠤᠯᠭᠠᠵᠤ᠂ ᠬᠡᠷᠡᠭ ᠦᠭᠡᠢ | ᠡᠩ ᠤᠨ ᠬᠦᠮᠦᠨ ᠢ ᠬᠤᠤᠷᠯᠠᠵᠤ᠂ ᠶᠠᠭ ︿ᠳ᠋ᠸᠦ ᠡ ᠶᠤᠸᠠᠨ﹀ ︵窦娥冤︶ ᠤ ᠵᠤᠬᠢᠶᠠᠯ ᠳᠤ ᠳ᠋ᠸᠦ ᠡ | ᠶᠤᠸᠠᠨ ᠭᠤᠮᠤᠳᠠᠨ ᠲᠤᠷᠠᠳᠤᠭᠰᠠᠨ ᠠᠳᠠᠯᠢ ︿ᠡᠷᠳᠡᠨ ᠡᠳᠦᠭᠡ ᠠᠴᠠ ᠶᠠᠮᠤᠨ ᠤ ᠡᠭᠦᠳᠡ ᠡᠮᠦᠨᠡᠰᠢ ᠨᠡᠭᠡᠭᠡᠵᠦ᠂ | ᠠᠯᠢᠪᠠ ᠶᠠᠪᠤᠳᠠᠯ ᠬᠢᠯᠢᠰ ᠦᠭᠡᠢ ᠪᠤᠢ﹀ ᠬᠡᠰᠡᠨ ᠲᠠᠢ ᠠᠳᠠᠯᠢ ᠬᠡᠷᠴᠡᠭᠡᠢ ᠪᠠᠶᠠᠨᠴᠤᠳ ᠠᠯᠢᠪᠠ ᠠᠷᠭ᠎ᠠ ᠪᠠᠷ ᠬᠦᠮᠦᠨ ᠤ | ᠡᠳ᠋ ᠬᠦᠷᠦᠩᠭᠡ ᠶᠢ ᠪᠤᠯᠢᠶᠠᠵᠤ᠂ ᠬᠦᠴᠦᠷᠭᠡᠭ ᠢ ᠲᠦᠰᠢᠵᠦ᠂ ᠲᠤᠷᠤᠢ ᠶᠢ ᠲᠠᠷᠤᠯᠠᠵᠤ᠂ ᠬᠤᠪᠳᠤᠭ ᠨᠤᠶᠠᠨ | ᠰᠢᠨᠤᠬᠠᠢ ᠲᠦᠰᠢᠮᠡᠯ᠂ ᠶᠠᠳᠠᠭᠤ ᠠᠷᠠᠳ ᠢ ᠬᠡᠮᠡᠯᠢᠬᠦ ᠴᠢᠳᠠᠯ ᠢᠶᠠᠷ ᠬᠡᠮᠡᠯᠢᠵᠦ᠂ ︿ᠵᠤᠭᠤᠰ ᠰᠢᠨᠤᠬᠠᠶᠢᠷᠠᠬᠤ ᠪᠤᠭᠤᠯ﹀ | ᠬᠡᠰᠡᠨ ᠶᠤᠸᠠᠨ ᠤ ᠵᠦᠴᠦᠭᠡ ᠳᠤ ᠡᠷᠭᠡᠳᠦ ᠬᠠᠷᠬᠢᠰ ᠬᠦᠴᠦᠨ᠂ ᠬᠤᠪᠳᠤᠭ ᠰᠢᠨᠤᠬᠠᠢ ᠲᠦᠰᠢᠮᠡᠯ ᠲᠠᠢ ᠦᠨᠦᠷ | ᠨᠢᠭᠡᠳᠠᠢ᠂ ᠰᠦᠯᠪᠡᠭᠡᠯᠳᠦᠨ ᠵᠢᠰᠤᠷᠳᠠᠵᠦ᠂ ᠠᠷᠠᠳ ᠢᠷᠭᠡᠨ ᠢ ᠲᠠᠷᠤᠯᠠᠵᠤ᠂ ᠡᠳᠡᠭᠡᠷ ᠠᠨᠤ ᠶᠠᠭ ᠶᠤᠸᠠᠨ ᠤᠯᠤᠰ ᠤᠨ | ᠢᠯᠵᠢᠷᠡᠮᠡᠯ ᠪᠠ ᠰᠠᠮᠠᠭᠤᠨ ᠨᠡᠶᠢᠭᠡᠮ ᠢ ᠲᠦᠷᠰᠦᠯᠡᠭᠰᠡᠨ ᠪᠢᠴᠢᠯᠭᠡ ᠪᠤᠯᠤᠨ᠎ᠠ︾ ᠬᠡᠵᠦ ᠤᠷᠳᠤ ᠦᠭᠦᠯᠡᠯ ᠢᠶᠠᠷ ᠶᠤᠸᠠᠨ | ᠤᠯᠤᠰ ᠤᠨ ᠨᠡᠶᠢᠭᠡᠮ ᠢ ᠲᠤᠩ ᠮᠠᠭᠤ ᠲᠦᠷᠰᠦᠯᠡᠨ ᠬᠡᠯᠡᠪᠡ᠃ | ᠲᠡᠭᠡᠷᠡᠭᠢ ᠲᠦᠷᠰᠦᠯᠡᠭᠰᠡᠨ ᠦᠭᠦᠯᠡᠯ ᠠᠴᠠ ᠦᠵᠡᠬᠦ ᠳᠤ᠂ ᠡᠨᠡ ᠵᠤᠬᠢᠶᠠᠭᠴᠢ ᠶᠡᠭᠡ ᠲᠠᠷᠢᠬᠢ ᠲᠤᠯᠤᠭᠠᠢ ᠰᠢᠪᠬᠠᠵᠤ᠂ | ᠠᠩᠬᠢ ᠶᠢᠨ ᠲᠡᠮᠡᠴᠡᠯ ᠤᠨ ᠦᠶ᠎ᠡ ᠶᠢᠨ ᠠᠯᠢᠪᠠ ᠲᠠᠶᠢᠰᠤᠨ ᠢ ᠲᠦᠷᠰᠦᠯᠡᠭᠰᠡᠨ ᠦᠭᠡ ᠶᠢ ᠴᠢᠳᠠᠬᠤ ᠶᠢᠨ ᠬᠢᠷᠢ ᠪᠠᠷ | ᠬᠡᠷᠡᠭᠯᠡᠨ ᠤᠷᠤᠭᠤᠯᠵᠤ᠂ ᠦᠨᠡᠭᠡᠷ ᠲᠤᠶᠢᠯ ᠳᠤ ᠬᠦᠷᠳᠡᠯ᠎ᠡ ᠲᠦᠷᠰᠦᠯᠡᠨ ᠪᠢᠴᠢᠪᠡ᠃ ᠡᠨᠡ ᠵᠤᠬᠢᠶᠠᠭᠴᠢ ᠡᠳᠦᠭᠡ ᠶᠢᠨ | ᠬᠦᠮᠦᠨ ᠪᠠᠶᠢᠭᠠᠳ ᠶᠠᠭᠤᠨ ᠳᠤ 800 ᠤᠨ ᠤ ᠡᠮᠦᠨᠡᠭᠢ ᠶᠤᠸᠠᠨ ᠤᠯᠤᠰ ᠲᠤ ᠡᠶᠢᠮᠦ ᠶᠡᠭᠡ ᠬᠤᠷᠤᠰᠤᠯ ᠲᠠᠢ | ᠪᠠᠶᠢᠬᠤ ᠪᠤᠢ︖ | ᠡᠷᠬᠢᠴᠡᠭᠦᠯᠬᠦ ᠳᠤ ᠴᠢᠨ ᠤᠯᠤᠰ ᠠᠴᠠ ᠢᠨᠠᠭᠰᠢ ᠡᠯ᠎ᠡ ᠹᠸᠤᠳᠠᠯ ᠤᠨ ᠬᠠᠭᠠᠨᠳᠤ ᠤᠯᠤᠰ ᠤᠨ ᠮᠠᠨᠳᠤᠨ ᠪᠠᠭᠤᠷᠠᠬᠤ | ᠦᠢᠯᠡ ᠤᠴᠢᠷ ᠢ ᠪᠤᠳᠤᠪᠠᠰᠤ ᠡᠨᠡ ᠵᠤᠬᠢᠶᠠᠭᠴᠢ ᠬᠠᠷᠠᠯᠳᠠ ᠦᠭᠡᠢ ᠰᠤᠮᠤ ᠬᠠᠷᠪᠤᠵᠤ᠂ ᠤᠯᠠᠨ ᠲᠦᠷᠰᠦᠯᠡᠭᠰᠡᠨ | ᠦᠭᠦᠯᠡᠯ ᠦᠨᠡᠨ ᠬᠡᠷᠡᠭ ᠲᠠᠢ ᠲᠤᠩ ᠨᠡᠶᠢᠴᠡᠬᠦ ᠦᠭᠡᠢ᠃ ᠬᠠᠮᠤᠭ ᠤᠨ ᠲᠦᠷᠦᠭᠦᠨ ᠳᠤ ᠡᠨᠡ ᠵᠤᠬᠢᠶᠠᠭᠴᠢ ︽ᠳ᠋ᠸᠦ | ᠡ ᠶᠤᠸᠠᠨ︾ ᠢᠶᠠᠷ ᠵᠢᠱᠢᠶ᠎ᠡ ᠪᠤᠯᠭᠠᠨ ᠶᠤᠸᠠᠨ ᠤᠯᠤᠰ ᠤᠨ ᠨᠡᠶᠢᠭᠡᠮ ᠢᠯᠵᠢᠷᠡᠮᠡᠯ᠂ ᠨᠤᠶᠠᠷᠬᠠᠭᠴᠢ ᠪᠦᠯᠦᠭ ᠮᠤᠩᠬᠠᠭ | ᠲᠡᠨᠡᠭ᠂ ᠴᠢᠳᠠᠯ ᠦᠭᠡᠢ ᠬᠡᠰᠡᠨ ᠨᠢ ᠲᠡᠭᠷᠢ ᠭᠠᠵᠠᠷ ᠤᠨ ᠵᠦᠷᠢᠶ᠎ᠡ ᠲᠠᠢ᠃ ᠮᠠᠨ ᠤ ᠮᠡᠳᠡᠬᠦ ᠪᠠᠷ ︽ᠳ᠋ᠸᠦ ᠡ ᠶᠤᠸᠠᠨ︾ | ᠵᠦᠴᠦᠭᠡ ᠪᠤᠯ ᠭᠤᠸᠠᠨ ᠬᠠᠨ ᠴᠢᠩ ᠤᠨ ᠨᠠᠶᠢᠷᠠᠭᠤᠯᠤᠭᠰᠠᠨ ᠵᠤᠬᠢᠶᠠᠯ ᠪᠤᠯᠤᠨ᠎ᠠ᠃ ᠲᠠᠷᠡ ᠶᠢᠨ ᠤᠯᠤᠰ ᠤᠨ | ᠲᠢᠶᠠᠨ ᠰᠢᠩ ᠤᠨ ᠤᠨ ᠳᠤ ᠲᠦᠷᠦᠭᠰᠡᠨ ᠬᠦᠮᠦᠨ᠂ 1279 ᠤᠨ ᠳᠤ ᠦᠭᠦᠵᠠᠢ᠃ ᠡᠨᠡ ᠦᠶ᠎ᠡ ᠳᠤ ᠶᠤᠸᠠᠨ | ᠤᠯᠤᠰ ᠬᠡᠰᠡᠨ ᠨᠡᠷ᠎ᠡ ᠰᠠᠶ᠋ᠢ ᠭᠠᠷᠴᠤ᠂ ᠡᠭᠦᠨ ᠠᠴᠠ ᠮᠡᠳᠡᠬᠦ ᠨᠢ ᠭᠤᠸᠠᠨ ᠬᠠᠨ ᠴᠢᠩ ᠤᠨ ᠵᠤᠬᠢᠶᠠᠭᠰᠠᠨ ︽ᠳ᠋ᠸᠦ | ᠡ ᠶᠤᠸᠠᠨ︾ ᠶᠤᠸᠠᠨ ᠤᠯᠤᠰ ᠪᠠᠶᠢᠭᠤᠯᠬᠤ ᠶᠢᠨ ᠡᠮᠦᠨ᠎ᠡ ᠨᠢᠭᠡᠨᠳᠡ ᠨᠡᠶᠢᠭᠡᠮ ᠲᠡᠭᠡᠷ᠎ᠡ ᠲᠡᠯᠭᠡᠷᠡᠨ ᠲᠠᠷᠬᠠᠭᠰᠠᠨ | ᠪᠠᠶᠢᠨ᠎ᠠ᠃ ᠳ᠋ᠸᠦ ᠡ ᠶᠢᠨ ᠬᠡᠷᠡᠭ ᠢᠶᠠᠷ ᠶᠤᠸᠠᠨ ᠤᠯᠤᠰ ᠢ ᠮᠠᠭᠤ ᠬᠡᠯᠡᠬᠦ ᠨᠢ ᠲᠤᠩ ᠢᠴᠢᠭᠦᠷᠢᠳᠠᠢ ᠬᠤᠤᠷᠠᠳᠤ | ᠨᠢᠭᠤᠷ ᠦᠭᠡᠢ ᠬᠡᠯᠡᠯᠭᠡ ᠪᠤᠯᠤᠨ᠎ᠠ᠃ ᠶᠤᠸᠠᠨ ᠤ ᠲᠡᠦᠭᠡ ᠶᠢ ᠨᠠᠷᠢᠪᠴᠢᠯᠠᠨ ᠦᠵᠡᠪᠡᠰᠦ ᠶᠤᠸᠠᠨ ᠤᠯᠤᠰ ᠨᠡᠶᠢᠳᠡ | 97 ᠤᠨ ︵1271 — 1368︶ ᠦᠷᠭᠦᠯᠵᠢᠯᠡᠵᠦ᠂ ᠭᠠᠭᠴᠠ ᠴᠧᠩ ᠽᠦᠩ ᠲᠡᠮᠦᠷ ᠬᠠᠭᠠᠨ ︵1295 — | 1307︶ ᠡᠪᠡᠳᠴᠢᠯᠡᠵᠦ ᠪᠠᠶᠢᠬᠤ ᠦᠶ᠎ᠡ ᠳᠤ ᠵᠠᠷᠢᠮ ᠨᠤᠶᠠᠨ ᠱᠠᠮᠰᠢᠬᠤ ᠬᠡᠷᠡᠭ ᠭᠠᠷᠭᠠᠵᠠᠢ᠃ ᠷᠧᠨ ᠽᠦᠩ ᠬᠠᠭᠠᠨ | ︵1312 — 1320︶ ᠢᠶᠤᠷᠪᠠᠷᠪᠠᠳᠠ ᠶᠢᠨ ᠦᠶ᠎ᠡ ᠳᠤ ᠬᠠᠷᠬᠢᠰ ᠲᠦᠰᠢᠮᠡᠯ ᠲᠡᠮᠦᠷᠰᠢᠷᠢ ᠳ᠋ᠠᠵᠢ ᠬᠤᠸᠠᠩ | ᠲᠠᠶᠢᠬᠡᠦ ᠶᠢᠨ ᠬᠠᠶᠢᠷᠠᠯᠠᠯ ᠢ ᠤᠯᠵᠤ᠂ ᠱᠠᠮᠰᠢᠬᠤ ᠬᠡᠷᠡᠭ ᠭᠠᠷᠴᠠᠢ᠃ ᠶᠤᠸᠠᠨ ᠤᠯᠤᠰ ᠤᠨ ᠦᠨᠡᠨ ᠱᠠᠮᠰᠢᠬᠤ | ᠢᠯᠵᠢᠷᠡᠮᠡᠯ ᠬᠡᠷᠡᠭ ᠬᠤᠢ ᠽᠦᠩ ᠲᠤᠭᠤᠭᠠᠨᠳᠡᠮᠦᠷ ᠬᠠᠭᠠᠨ ︵1333 — 1368︶ ᠤ ᠦᠶ᠎ᠡ ᠳᠤ ᠠᠷᠪᠢᠳᠠᠵᠤ᠂ | ᠬᠡᠳᠡᠯ᠎ᠡ ᠡᠨᠡ ᠵᠤᠬᠢᠶᠠᠭᠴᠢ ᠶᠢᠨ ᠵᠢᠪ ᠵᠢᠪᠡᠭᠦᠨ ᠲᠦᠷᠰᠦᠯᠡᠭᠰᠡᠨ ᠲᠠᠢ ᠬᠤᠯᠠ ᠶᠡᠭᠡ ᠵᠦᠷᠢᠶᠡᠨ ᠲᠠᠢ᠃ ᠬᠤᠢ ᠽᠦᠩ | ᠬᠠᠭᠠᠨ ᠰᠠᠭᠤᠷᠢᠨ ᠳᠤ ᠪᠠᠶᠢᠬᠤ ᠦᠶ᠎ᠡ ᠳᠤ ᠢᠵᠠᠭᠤᠷᠳᠠᠨ᠂ ᠨᠤᠶᠠᠨ ᠲᠦᠰᠢᠮᠡᠯ᠂ ᠰᠦᠮ᠎ᠡ ᠬᠡᠶᠢᠳ᠂ ᠲᠠᠷᠢᠶᠠᠨ | ᠭᠠᠵᠠᠷ᠂ ᠶᠡᠭᠡ ᠪᠡᠯᠴᠢᠭᠡᠷ ᠢ ᠡᠵᠡᠯᠡᠵᠦ᠂ ᠭᠠᠵᠠᠷ ᠤᠨ ᠡᠵᠡᠨ ᠭᠠᠵᠠᠷ ᠰᠢᠷᠤᠢ ᠶᠢ ᠬᠤᠪᠢᠨᠴᠠᠯᠠᠵᠤ᠂ ᠨᠤᠶᠠᠷᠬᠠᠭᠴᠢ | ᠪᠦᠯᠦᠭ ᠴᠡᠩᠭᠡᠯᠳᠦᠵᠦ᠂ ᠪᠦᠷᠢᠯᠭᠡᠨ ᠰᠦᠢᠳᠭᠡᠬᠦ ᠬᠡᠷᠡᠭ ᠢᠯᠡᠷᠭᠡᠢ ᠪᠤᠯᠵᠤ᠂ ᠤᠯᠠᠨ ᠲᠦᠮᠡᠨ ᠳᠤ ᠮᠠᠭᠤ ᠨᠦᠯᠦᠭᠡ | ᠲᠠᠢ ᠪᠤᠯᠵᠠᠢ᠃ ᠨᠡᠶᠢᠳᠡ ᠶᠢᠨ ᠤᠨ ᠲᠤᠭᠠᠯᠠᠯ ᠤᠨ 1344 ᠤᠨ ᠳᠤ ᠰᠢᠯᠭᠠᠨ ᠰᠤᠩᠭᠤᠬᠤ ᠲᠦᠷᠢᠮ ᠢ ᠲᠠᠬᠢᠨ | ᠰᠡᠷᠭᠦᠭᠡᠵᠦ᠂ ᠯᠢᠶᠤᠤ᠂ ᠶᠢᠨ᠂ ᠶᠤᠸᠠᠨ ᠭᠤᠷᠪᠠᠨ ᠤᠯᠤᠰ ᠤᠨ ᠲᠡᠦᠭᠡ ᠶᠢ ᠨᠠᠶᠢᠷᠠᠭᠤᠯᠤᠨ ᠨᠡᠶᠢᠳᠡᠯᠡᠵᠦ᠂ ︽ᡁᠢ | ᠵᠧᠩ ᠤᠨ ᠲᠠᠰᠤᠯᠪᠤᠷᠢ ᠵᠤᠷᠪᠤᠰ︾ ᠢ ᠲᠤᠩᠬᠠᠯᠠᠵᠤ᠂ ᠲᠡᠦᠭᠡᠨ ᠲᠡᠭᠡᠷ᠎ᠡ ᠡᠭᠦᠨ ᠢ ︽ᠲᠤᠭᠳᠠᠬᠤ ᠦᠭᠡᠷᠡᠴᠢᠯᠡᠯᠳᠡ︾ | ᠬᠡᠵᠦ ᠲᠡᠮᠳᠡᠭᠯᠡᠵᠦ ᠪᠠᠶᠢᠨ᠎ᠠ᠃ 1344 ᠤᠨ ᠳᠤ ᠬᠠᠳᠤᠨ ᠭᠤᠤᠯ ᠦᠶᠡᠷᠯᠡᠵᠦ᠂ ᠭᠤᠤᠯ ᠤᠨ ᠬᠦᠪᠡᠭᠡ ᠳᠤ | ᠰᠠᠭᠤᠭ᠎ᠠ ᠠᠷᠠᠳ ᠭᠠᠮᠰᠢᠭ ᠪᠤᠯᠵᠤ᠂ ᠤᠯᠤᠰ ᠤᠨ ᠡᠳ᠋ ᠬᠦᠷᠦᠩᠭᠡ ᠬᠤᠭᠤᠰᠤᠷᠠᠵᠤ᠂ ᠭᠠᠮᠰᠢᠭ ᠢ ᠲᠡᠳᠭᠡᠨ ᠲᠡᠮᠵᠢᠬᠦ | ᠳᠤ ᠬᠦᠴᠢᠷ ᠪᠤᠯᠵᠤ᠂ ᠡᠭᠦᠨ ᠠᠴᠠ ᠪᠤᠯᠵᠤ ᠨᠡᠶᠢᠭᠡᠮ ᠤᠨ ᠵᠦᠷᠢᠴᠢᠯ ᠰᠢᠷᠦᠭᠦᠰᠴᠦ᠂ ᠲᠠᠷᠢᠶᠠᠴᠢᠨ ᠤ ᠪᠤᠰᠤᠯᠭ᠎ᠠ | ᠵᠢᠴᠢ ᠴᠡᠷᠢᠭ ᠤᠨ ᠡᠷᠭᠡᠳᠡᠨ ᠪᠤᠰᠴᠤ ᠡᠰᠡᠷᠭᠦᠴᠡᠵᠦ᠂ ᠡᠨᠡᠬᠦ ᠦᠵᠡᠭᠳᠡᠯ ᠴᠢᠨ ᠤᠯᠤᠰ ᠠᠴᠠ ᠢᠨᠠᠭᠰᠢ 3139 | ᠤᠨ ᠤ ᠹᠸᠤᠳᠠᠯ ᠤᠨ ᠨᠡᠶᠢᠭᠡᠮ ᠤᠨ ᠬᠠᠭᠠᠨᠳᠤ ᠲᠦᠷᠦ ᠡᠴᠦᠰ ᠰᠡᠭᠦᠯ ᠳᠤ ᠪᠠᠨ ᠪᠦᠷ ᠢᠯᠵᠢᠷᠡᠨ ᠲᠤᠷᠤᠶᠢᠳᠠᠵᠤ | ᠮᠦᠭᠦᠪᠡ᠃ ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠢᠯᠵᠢᠷᠡᠮᠡᠯ ᠵᠠᠰᠠᠭ ᠡᠴᠦᠰᠯᠡᠭᠰᠡᠨ ᠪᠤᠯ ᠲᠤᠮᠳᠠᠳᠤ | ᠤᠯᠤᠰ ᠤᠨ ᠡᠯ᠎ᠡ ᠬᠠᠭᠠᠨᠳᠤ ᠲᠦᠷᠦ ᠶᠢᠨ ᠮᠦᠭᠦᠬᠦ ᠶᠢᠨ ᠵᠢᠩᠬᠢᠨᠢ ᠡᠪᠡᠳᠴᠢᠨ ᠪᠤᠯᠬᠤ ᠪᠦᠭᠡᠳ ᠭᠠᠭᠴᠠ ᠶᠤᠸᠠᠨ ᠤ | ᠨᠢᠭᠡᠨ ᠤᠯᠤᠰ ᠪᠤᠰᠤ᠃ | ᠤᠳᠤ ᠪᠢᠳᠡ ᠯᠢᠶᠠᠩ ᠬᠦᠢ ᡁᠢ ᠶᠢᠨ ᠦᠨᠡᠯᠡᠭᠰᠡᠨ ᠶᠤᠸᠠᠨ ᠤ ᠵᠦᠴᠦᠭᠡ ᠳᠤ ᠪᠢᠴᠢᠭᠳᠡᠭᠰᠡᠨ ︽ᠲᠡᠨᠦᠭᠦᠯᠴᠢ᠂ | ᠨᠢᠭᠤᠨ ᠰᠠᠭᠤᠭᠰᠠᠳ ᠵᠤᠷᠢᠭᠳᠤ ᠡᠷ᠎ᠡ︾ ᠬᠡᠰᠡᠨ ᠵᠤᠬᠢᠶᠠᠯ ᠢ ᠦᠷᠭᠡᠨ ᠤᠯᠠᠨ ᠤᠩᠰᠢᠭᠴᠢᠳ ᠲᠤ ᠲᠠᠨᠢᠯᠴᠠᠭᠤᠯᠵᠤ᠂ | ᠶᠤᠸᠠᠨ ᠤ ᠵᠦᠴᠦᠭᠡ ᠶᠢᠨ ᠦᠨᠡᠨ ᠤᠳᠬ᠎ᠠ ᠶᠢ ᠨᠡᠩ ᠴᠢᠨᠠᠭᠰᠢᠳᠠ ᠤᠬᠠᠭᠠᠷᠠᠨ ᠤᠶᠢᠯᠠᠭᠠᠬᠤ ᠶᠢ ᠬᠦᠰᠡᠨ᠎ᠡ᠃ | ᠭᠤᠸᠠᠨ ᠬᠠᠨ ᠴᠢᠩ ᠪᠤᠯ ᠶᠤᠸᠠᠨ ᠤ ᠵᠦᠴᠦᠭᠡ ᠶᠢᠨ ᠲᠡᠷᠢᠬᠦᠨ ᠲᠦᠯᠦᠭᠡᠯᠡᠭᠴᠢ ᠵᠤᠬᠢᠶᠠᠭᠴᠢ ᠪᠤᠯᠤᠨ᠎ᠠ᠃ ᠶᠤᠸᠠᠨ | ᠤ ᠵᠦᠴᠦᠭᠡ ᠶᠢ ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠬᠡᠵᠦ ᠬᠤᠶᠠᠷ ᠶᠡᠭᠡ ᠪᠦᠯᠦᠭ ᠢᠶᠠᠷ ᠪᠦᠷᠢᠯᠳᠦᠪᠡ᠃ | ᠡᠳᠦᠭᠡ ᠪᠤᠯᠳᠠᠯ᠎ᠠ ᠭᠤᠸᠠᠨ ᠠᠪᠤᠭᠠᠢ ᠶᠢᠨ ᠵᠦᠴᠦᠭᠡ ᠶᠢᠨ ᠠᠶ᠎ᠠ ᠶᠢ ᠪᠠᠳᠤᠯᠠᠨ ᠦᠨᠡᠯᠡᠬᠦ ᠪᠦᠭᠡᠳ ᠲᠡᠭᠦᠨ ᠤ ᠲᠠᠷᠬᠠᠢ | ᠵᠦᠴᠦᠭᠡ ᠶᠢ ᠤᠯᠠᠨ ᠪᠢᠳᠡᠭᠦᠦ ᠰᠢᠭᠦᠮᠵᠢᠯᠡᠯ ᠲᠠᠢ᠃ ᠬᠤᠸᠠᠩ ᠭᠧ ᠨᠦᠭᠦᠷ ᠤᠷᠴᠢᠮ ᠤᠨ ᠦᠶ᠎ᠡ ᠳᠤ ︽ᠬᠦᠮᠦᠨ | ᠪᠠᠶᠠᠷᠯᠠᠬᠤ ᠪᠠ ᠦᠪᠡᠷᠳᠡᠭᠡᠨ ᠪᠠᠶᠠᠷᠯᠠᠬᠤ︾ ᠬᠡᠰᠡᠨ ᠵᠤᠬᠢᠶᠠᠯ ᠳᠤ ᠪᠠᠨ ᠭᠤᠸᠠᠨ ᠬᠠᠨ ᠴᠢᠩ ᠤᠨ ᠵᠤᠬᠢᠶᠠᠯ | ᠪᠦᠳᠦᠭᠡᠯ ᠪᠤᠯ ᠲᠠᠷᠬᠠᠢ ᠵᠦᠴᠦᠭᠡ ᠶᠢ ᠲᠤᠭᠯᠠᠨ ᠲᠠᠭᠤᠯᠠᠵᠤ᠂ ᠦᠨᠳᠦᠷ ᠲᠠᠶᠢᠰᠠᠨ ᠲᠡᠭᠡᠷ᠎ᠡ ᠦᠭᠦᠯᠡᠬᠦ ᠪᠤᠯᠪᠠᠰᠤ | ᠦᠪᠡᠷ ᠤᠨ ᠦᠢᠳᠬᠠᠷ ᠪᠤᠬᠢᠨᠢᠳᠤᠯ ᠢᠶᠠᠨ ᠱᠦᠭᠦᠷᠳᠡᠨ ᠠᠷᠢᠯᠭᠠᠵᠤ᠂ ᠦᠨᠡᠨ ᠪᠤᠳᠠᠳᠤ ᠠᠮᠢᠳᠤᠷᠠᠯ ᠤᠨ ᠴᠢᠨᠠᠷ ᠵᠦᠭ | ᠲᠤ ᠪᠠᠨ ᠬᠠᠨᠳᠤᠨ᠎ᠠ ᠬᠡᠰᠡᠨ ᠡᠨᠡᠬᠦ ᠦᠵᠡᠯ ᠰᠠᠨᠠᠭ᠎ᠠ ᠦᠨᠡᠨ ᠳᠤ ᠪᠠᠨ ᠭᠤᠸᠠᠨ ᠬᠠᠨ ᠴᠢᠩ ᠨᠢᠭᠡᠨ ᠬᠦᠮᠦᠨ ᠤ | ᠦᠵᠡᠯ ᠪᠤᠰᠤ᠂ ᠬᠠᠷᠢᠨ ᠨᠢᠭᠡᠨ ᠦᠶ᠎ᠡ ᠶᠢᠨ ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠶᠢ ᠦᠨᠡᠯᠡᠬᠦ ᠭᠤᠤᠯ | ᠦᠨᠳᠦᠰᠦ ᠪᠤᠯᠤᠨ᠎ᠠ ᠬᠡᠰᠡᠨ ᠦᠵᠡᠯ ᠢ ᠪᠢ ᠠᠳᠠᠯᠢ ᠪᠤᠰᠤ ᠪᠠᠷ ᠦᠵᠡᠵᠦ ᠰᠠᠨᠠᠨ᠎ᠠ᠃ | ᠶᠤᠸᠠᠨ ᠤ ᠵᠦᠴᠦᠭᠡ — ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠠᠳᠠᠯᠢ ᠪᠤᠰᠤ ᠴᠠᠭ ᠦᠶ᠎ᠡ ᠶᠢᠨ | ᠵᠤᠬᠢᠶᠠᠭᠳᠠᠭᠰᠠᠨ ᠪᠦᠳᠦᠭᠡᠯ ᠪᠤᠯᠤᠨ᠎ᠠ᠃ ᠶᠡᠭᠡ ᠲᠦᠯᠦᠪ ᠲᠡᠭᠡᠷ᠎ᠡ ᠪᠠᠨ ᠨᠢᠭᠡ ᠦᠶ᠎ᠡ ᠶᠢᠨ ᠵᠤᠬᠢᠶᠠᠭᠴᠢ ᠶᠤᠸᠠᠨ | ᠤᠯᠤᠰ ᠤᠨ ᠠᠳᠠᠯᠢ ᠪᠤᠰᠤ ᠶᠢᠨ ᠴᠠᠭ ᠦᠶ᠎ᠡ ᠶᠢᠨ ᠵᠤᠷᠢᠭ ᠰᠠᠨᠠᠭ᠎ᠠ ᠶᠢᠨ ᠶᠡᠷᠦᠩᠭᠡᠢ ᠬᠡᠪ ᠵᠠᠩᠰᠢᠯ ᠢᠶᠠᠷ | ᠪᠦᠳᠦᠭᠡᠭᠳᠡᠭᠰᠡᠨ ᠪᠦᠳᠦᠭᠡᠯ ᠪᠤᠯᠤᠨ᠎ᠠ᠃ ᠡᠨᠡ ᠬᠤᠶᠠᠷ ᠶᠠᠩᠵᠤ ᠶᠢᠨ ᠵᠦᠴᠦᠭᠡ ᠤᠭᠳᠤ ᠡᠰᠡᠷᠬᠦ ᠲᠡᠰᠡᠷᠬᠦ ᠲᠠᠯ᠎ᠠ | ᠪᠠᠶᠢᠬᠤ ᠦᠭᠡᠢ᠂ ᠭᠠᠳᠠᠷ ᠲᠤᠳᠤᠷ᠎ᠠ ᠠᠳᠠᠯᠢ ᠪᠦᠭᠡᠳ ᠬᠠᠷᠢᠯᠴᠠᠨ ᠬᠤᠯᠪᠤᠭᠳᠠᠵᠤ ᠬᠠᠷᠢᠯᠴᠠᠨ ᠨᠦᠭᠦᠪᠦᠷᠢᠯᠡᠨ | ᠨᠦᠭᠦᠴᠡᠯᠳᠦᠬᠦ ᠪᠤᠯᠤᠨ᠎ᠠ᠃ ᠦᠪᠡᠷ ᠤᠨ ᠴᠡᠩᠭᠡᠯ ᠪᠠ ᠬᠦᠮᠦᠨ ᠤ ᠴᠡᠩᠭᠡᠯ ᠢ ᠡᠷᠡᠰ ᠢᠯᠭᠠᠬᠤ ᠶᠢᠨ ᠠᠷᠭ᠎ᠠ ᠦᠭᠡᠢ᠃ | ᠵᠦᠴᠦᠭᠡ ᠶᠢᠨ ᠠᠶ᠎ᠠ ᠪᠠᠰᠠ ᠬᠦᠮᠦᠨ ᠲᠠᠢ ᠴᠡᠩᠭᠡᠯᠳᠦᠵᠦ ᠪᠤᠯᠬᠤ ᠪᠦᠭᠡᠳ ᠲᠠᠷᠬᠠᠢ ᠵᠦᠴᠦᠭᠡ ᠪᠠᠰᠠ ᠦᠪᠡᠷ ᠢᠶᠠᠨ | ᠴᠡᠩᠭᠡᠯᠳᠦᠵᠦ ᠪᠤᠯᠤᠨ᠎ᠠ᠃ ᠶᠤᠸᠠᠨ ᠤᠯᠤᠰ ᠤᠨ ᠡᠨᠡ ᠬᠤᠶᠠᠷ ᠶᠡᠭᠡ ᠵᠦᠴᠦᠭᠡ ᠪᠦᠭᠦᠯᠢ ᠪᠠᠷ ᠪᠠᠳᠤᠯᠠᠪᠠᠰᠤ ᠰᠠᠶ᠋ᠢ | ᠭᠤᠶᠤ ᠰᠠᠶᠢᠬᠠᠨ ᠤᠬᠠᠮᠰᠠᠷ ᠪᠠ ᠴᠠᠭ ᠦᠶ᠎ᠡ ᠶᠢᠨ ᠤᠶᠤᠨ ᠤᠬᠠᠭᠠᠨ ᠢᠯᠡᠷᠡᠨ᠎ᠡ᠃ | ᠶᠤᠸᠠᠨ ᠤ ᠵᠦᠴᠦᠭᠡ ᠶᠢ ᠲᠡᠭᠰᠢ ᠵᠦᠪ ᠢᠶᠠᠷ ᠦᠨᠡᠯᠡᠬᠦ ᠨᠢ ᠬᠠᠮᠤᠭ ᠴᠢᠬᠤᠯᠠ ᠨᠢ ᠶᠤᠸᠠᠨ ᠤᠯᠤᠰ ᠤᠨ ᠨᠡᠶᠢᠭᠡᠮ ᠢ | ᠲᠡᠭᠰᠢ ᠵᠦᠪ ᠢᠶᠠᠷ ᠲᠠᠨᠢᠬᠤ ᠬᠡᠷᠡᠭᠳᠠᠢ᠃ ᠶᠤᠸᠠᠨ ᠤ ᠨᠡᠶᠢᠭᠡᠮ ᠬᠡᠵᠦ ᠬᠡᠯᠡᠪᠡᠰᠦ ᠬᠦᠮᠦᠰ ᠵᠠᠪᠠᠯ ᠰᠢᠯᠭᠠᠯᠳᠠ ᠶᠢᠨ | ᠲᠦᠷᠢᠮ ᠢ ᠬᠦᠴᠦᠨ ᠦᠭᠡᠢ ᠪᠤᠯᠭᠠᠵᠤ᠂ ᠪᠢᠴᠢᠭ ᠤᠨ ᠬᠦᠮᠦᠨ ᠲᠡᠭᠡᠭᠰᠢ ᠲᠠᠪᠰᠢᠬᠤ ᠨᠦᠭᠦᠴᠡᠯ ᠦᠭᠡᠢ ᠪᠤᠯᠵᠤ᠂ | ᠪᠦᠷ ︽ᠨᠠᠢᠮᠠᠨ ᠰᠡᠳᠬᠢᠴᠡᠨ᠂ ᠶᠢᠰᠦᠨ ᠪᠢᠴᠢᠭᠳᠡᠨ᠂ ᠠᠷᠪᠠᠨ ᠭᠤᠶᠢᠯᠢᠭᠴᠢᠳᠠᠨ︾ ᠤ ᠭᠤᠨᠢᠭᠳᠤ ᠪᠠᠶᠢᠷᠢ ᠳᠤ | ᠬᠦᠷᠴᠠᠢ ᠬᠡᠵᠦ ᠬᠡᠯᠡᠨ᠎ᠡ᠃ ᠶᠤᠸᠠᠨ ᠤᠯᠤᠰ ᠤᠨ ᠨᠤᠶᠠᠷᠬᠠᠭᠴᠢ ᠪᠦᠯᠦᠭ ᠢ ᠦᠨᠳᠦᠰᠦᠳᠡᠨ ᠪᠠ ᠠᠩᠬᠢ ᠶᠢᠨ ᠬᠤᠶᠠᠷ | ᠬᠦᠨᠳᠦ ᠲᠠᠷᠤᠯᠠᠯ ᠤᠨ ᠲᠤᠤᠷ᠎ᠠ ᠬᠦᠮᠦᠰ ᠦᠭᠦᠯᠡᠯ ᠵᠤᠬᠢᠶᠠᠯ ᠵᠤᠬᠢᠶᠠᠨ ᠨᠠᠶᠢᠷᠠᠭᠤᠯᠪᠠᠰᠤ ᠲᠡᠭᠡᠷᠡᠬᠢ ᠶᠢ ᠬᠠᠯᠳᠠᠭᠰᠠᠨ | ᠮᠠᠭᠤ ᠶᠠᠷᠢᠶ᠎ᠠ ᠬᠡᠯᠡᠪᠡ ᠬᠡᠵᠦ ᠶᠠᠯ᠎ᠠ ᠲᠤᠯᠭᠠᠨ ᠠᠯᠠᠨ᠎ᠠ ᠬᠡᠵᠦ ᠶᠤᠸᠠᠨ ᠤ ᠨᠡᠶᠢᠭᠡᠮ ᠢ ᠴᠢᠰᠤ ᠭᠤᠭᠤᠵᠢᠵᠤ᠂ ᠵᠢᠰᠤᠷ | ᠬᠤᠤᠷᠠᠳᠠᠢ ᠤᠶᠤᠳᠠᠨ ᠰᠡᠭᠡᠭᠡᠳᠡᠨ ᠠᠯᠢ ᠨᠡᠶᠢᠭᠡᠮ ᠠᠴᠠ ᠢᠯᠡᠭᠦᠦ ᠲᠠᠷᠤᠯᠠᠭᠳᠠᠵᠤ᠂ ᠠᠮᠢᠳᠤᠷᠠᠬᠤ ᠵᠠᠮ ᠦᠭᠡᠢ ᠬᠡᠵᠦ | ᠲᠦᠷᠰᠦᠯᠡᠬᠦ ᠨᠢ ᠲᠤᠩ ᠬᠠᠵᠠᠭᠠᠢ ᠬᠡᠯᠡᠯᠭᠡ ᠪᠤᠯᠤᠨ᠎ᠠ᠃ ᠲᠡᠭᠡᠷᠡᠬᠢ ᠬᠡᠯᠡᠯᠭᠡ ᠪᠠᠷ ᠪᠤᠳᠤᠪᠠᠰᠤ ᠨᠢᠭᠡᠨ ᠬᠠᠮᠤᠭ ᠬᠢᠯᠪᠠᠷ | ᠯᠤᠬᠢᠭ ᠢ ᠲᠠᠶᠢᠯᠬᠤ ᠶᠢᠨ ᠠᠷᠭ᠎ᠠ ᠦᠭᠡᠢ᠂ ᠶᠤᠸᠠᠨ ᠤ ᠨᠡᠶᠢᠭᠡᠮ ᠦᠨᠡᠭᠡᠷ ᠲᠡᠶᠢᠮᠦ ᠬᠠᠷᠠᠩᠭᠤᠢ ᠪᠤᠯ ᠤᠶᠤᠳᠠᠨ | ᠰᠡᠭᠡᠭᠡᠳᠡᠨ ᠲᠦᠷᠪᠡᠨ ᠵᠦᠢᠭ ᠲᠤ ᠲᠠᠭᠤᠨ ᠭᠠᠷᠴᠤ ︵四面楚歌︶᠂ ᠨᠢᠭᠡᠨ ᠦᠶ᠎ᠡ ᠶᠢᠨ ᠶᠤᠸᠠᠨ ᠤ | ᠤᠳᠬ᠎ᠠ ᠵᠤᠬᠢᠶᠠᠯ — ᠶᠤᠸᠠᠨ ᠤ ᠵᠦᠴᠦᠭᠡ ᠶᠠᠭᠠᠬᠢᠨ ᠮᠠᠨᠳᠤᠨ ᠬᠦᠭᠵᠢᠭᠰᠡᠨ ᠪᠤᠢ︖ ᠨᠢᠭᠡᠨ ᠨᠡᠶᠢᠭᠡᠮ ᠤᠨ | ᠠᠵᠤ ᠠᠬᠤᠢ ᠶᠡᠭᠡᠪᠡᠷ ᠬᠦᠭᠵᠢᠭᠰᠡᠨ ᠦᠭᠡᠢ ᠪᠤᠯ᠂ ᠨᠢᠭᠡᠨ ᠰᠤᠯᠠᠷᠠᠬᠤ ᠦᠭᠡᠢ ᠤᠳᠬ᠎ᠠ ᠰᠤᠶᠤᠯ ᠤᠨ ᠲᠦᠷᠦ ᠶᠢᠨ | ᠪᠤᠳᠤᠯᠭ᠎ᠠ ᠦᠭᠡᠢ ᠪᠤᠯ᠂ ᠨᠢᠭᠡᠨ ᠤᠳᠬ᠎ᠠ ᠰᠤᠶᠤᠯ ᠢ ᠵᠤᠬᠢᠶᠠᠨ ᠡᠭᠦᠳᠬᠦ ᠰᠠᠶᠢᠨ ᠨᠦᠭᠦᠴᠡᠯ ᠦᠭᠡᠢ ᠪᠤᠯ ᠶᠠᠭᠠᠬᠢᠨ | ᠭᠤᠸᠠᠨ᠂ ᠮᠠ᠂ ᠸᠠᠩ᠂ ᠪᠠᠢ᠂ ᠵᠧᠩ ᠵᠡᠷᠭᠡ ᠶᠢᠨ ᠲᠡᠷᠢᠬᠦᠨ ᠤᠷᠠᠯᠢᠭᠴᠢ ᠶᠡᠭᠡ ᠪᠠᠭᠰᠢ ᠭᠠᠷᠬᠤ ᠪᠤᠢ︖ ᠶᠠᠭᠠᠬᠢᠨ | ᠤᠯᠠᠨ ᠤᠳᠤᠨ ᠰᠠᠷ᠎ᠠ ᠶᠢ ᠲᠤᠭᠤᠷᠢᠬᠤ ᠮᠡᠳᠦ ᠤᠷᠠᠨ ᠵᠤᠬᠢᠶᠠᠭᠴᠢ ᠪᠠ ᠵᠦᠴᠦᠭᠡᠴᠢᠨ ᠭᠠᠷᠤᠭᠰᠠᠨ ᠪᠤᠢ︖ | ᠶᠠᠭᠠᠬᠢᠨ ᠨᠢᠭᠡᠨ ᠦᠶ᠎ᠡ ᠶᠢᠨ ᠠᠭᠤᠤ ᠤᠳᠬ᠎ᠠ ᠵᠤᠬᠢᠶᠠᠯ ᠪᠦᠳᠦᠭᠡᠯ ᠭᠠᠷᠭᠠᠭᠰᠠᠨ ᠪᠤᠢ︖ ᠡᠨᠡ ᠪᠦᠬᠦᠨ ᠪᠦᠷ | ᠨᠡᠶᠢᠭᠡᠮ ᠤᠨ ᠠᠮᠤᠷ ᠲᠠᠯᠪᠢᠭᠤ ᠲᠠᠶᠢᠪᠤᠩ ᠲᠡᠮᠵᠢᠯᠭᠡ ᠶᠢ ᠤᠯᠤᠭᠰᠠᠨ ᠤᠴᠢᠷ ᠠᠴᠠ ᠰᠠᠶ᠋ᠢ ᠡᠶᠢᠮᠦ ᠠᠭᠤᠤ ᠪᠦᠳᠦᠭᠡᠯ | ᠲᠡᠯᠭᠡᠷᠡᠨ ᠭᠠᠷᠴᠤ ᠪᠠᠳᠠᠷᠠᠭᠰᠠᠨ ᠪᠠᠶᠢᠬᠤ ᠪᠤᠯᠤᠨ᠎ᠠ᠃ | ᠦᠨᠡᠨ ᠳᠤ ᠪᠠᠨ ᠶᠤᠸᠠᠨ ᠤᠯᠤᠰ ᠤᠨ ᠤᠶᠤᠳᠠᠨ ᠰᠡᠭᠡᠭᠡᠳᠡᠨ ᠵᠢᠷᠭᠠᠯᠳᠠᠢ ᠲᠠᠯ᠎ᠠ ᠤᠯᠠᠨ ᠪᠠᠶᠢᠨ᠎ᠠ᠃ ᠲᠡᠳᠡᠨ | ᠦᠨᠳᠦᠷ ᠵᠡᠷᠭᠡ ᠶᠢᠨ ᠴᠢᠯᠦᠭᠡᠳᠦ ᠰᠠᠨᠠᠭ᠎ᠠ ᠰᠡᠳᠬᠢᠯᠭᠡ ᠶᠢ ᠡᠵᠡᠮᠰᠢᠵᠦ᠂ ᠤᠶᠤᠨ ᠤᠬᠠᠭᠠᠨ ᠤ ᠴᠢᠯᠦᠭᠡᠳᠠᠢ ᠤᠳᠬ᠎ᠠ | ᠵᠤᠬᠢᠶᠠᠯ ᠨᠠᠶᠢᠷᠠᠭᠤᠯᠬᠤ ᠡᠷᠭᠡ ᠲᠠᠢ᠂ ᠡᠨᠡᠬᠦ ᠪᠠᠶᠢᠳᠠᠯ ᠶᠠᠭ ᠤᠳᠬ᠎ᠠ ᠤᠷᠠᠯᠢᠭ ᠪᠠᠳᠠᠷᠠᠭᠰᠠᠨ ᠴᠢᠬᠤᠯᠠ ᠰᠢᠯᠳᠠᠭᠠᠨ | ᠪᠤᠯᠤᠨ᠎ᠠ᠃ ᠪᠠᠰᠠ ᠬᠦᠮᠦᠨ ᠤ ᠨᠢᠭᠡ ᠨᠠᠰᠤᠨ ᠤ ᠬᠠᠮᠤᠭ ᠤᠨ ᠵᠤᠯ ᠵᠢᠷᠭᠠᠯ ᠲᠠᠢ ᠨᠦᠭᠦᠴᠡᠯ ᠪᠤᠯᠤᠨ᠎ᠠ᠃ ᠶᠤᠸᠠᠨ | ᠤᠯᠤᠰ ᠤᠨ ᠦᠶ᠎ᠡ ᠳᠤ ᠰᠢᠯᠭᠠᠯᠳᠠ ᠶᠢᠨ ᠲᠦᠷᠢᠮ ᠢ ᠬᠦᠴᠦᠨ ᠦᠭᠡᠢ ᠪᠤᠯᠠᠭᠠᠵᠤ᠂ ᠤᠶᠤᠳᠠᠨ ᠰᠡᠭᠡᠭᠡᠳᠡᠨ | ᠰᠢᠯᠭᠠᠯᠳᠠ ᠪᠠᠷ ᠲᠡᠭᠡᠭᠰᠢ ᠲᠠᠪᠰᠢᠬᠤ ᠨᠦᠭᠦᠴᠡᠯ ᠦᠭᠡᠢ ᠪᠤᠯᠤᠭᠰᠠᠨ ᠨᠢ ᠦᠨᠡᠨ ᠬᠡᠷᠡᠭ ᠪᠤᠯᠤᠨ᠎ᠠ᠃ ᠬᠡᠳᠡᠯ᠎ᠡ | ᠮᠤᠩᠭᠤᠯ ᠦᠨᠳᠦᠰᠦᠳᠡᠨ ᠤ ᠨᠤᠶᠠᠷᠬᠠᠯ ᠤᠨ ᠰᠢᠯᠳᠠᠭᠠᠨ ᠢᠶᠠᠷ ᠤᠯᠠᠨ ᠦᠨᠳᠦᠰᠦᠳᠡᠨ ᠨᠠᠶᠢᠷᠠᠮᠳᠠᠭᠤ ᠪᠤᠯᠵᠤ᠂ ᠤᠯᠠᠨ | ᠵᠦᠢᠯ ᠤᠨ ᠤᠳᠬ᠎ᠠ ᠰᠤᠶᠤᠯ ᠰᠠᠨᠠᠭ᠎ᠠ ᠰᠡᠳᠬᠢᠯᠭᠡ ᠨᠢᠭᠳᠠᠷᠠᠨ᠂ ᠨᠡᠶᠢᠭᠡᠮ ᠰᠤᠯᠠᠷᠠᠩᠭᠤᠢ ᠪᠠ ᠨᠡᠭᠡᠭᠡᠯᠳᠦ ᠠᠵᠤ | ᠠᠬᠤᠢ ᠬᠦᠭᠵᠢᠵᠦ᠂ ᠤᠯᠤᠰ ᠠᠴᠠ ᠠᠷᠠᠳ ᠲᠦᠮᠡᠨ ᠤ ᠰᠡᠳᠬᠢᠯ ᠰᠠᠨᠠᠭ᠎ᠠ ᠶᠢ ᠡᠵᠡᠮᠰᠢᠬᠦ ᠨᠢ ᠰᠤᠯᠠᠷᠠᠵᠤ᠂ ᠦᠷᠭᠡᠨ | ᠤᠯᠠᠨ ᠤᠶᠤᠳᠠᠨ ᠰᠡᠭᠡᠭᠡᠳᠡᠨ ᠳᠤ ᠤᠳᠬ᠎ᠠ ᠤᠷᠠᠯᠢᠭ ᠵᠤᠬᠢᠶᠠᠨ ᠡᠭᠦᠳᠬᠦ ᠡᠭᠦᠳᠡ ᠶᠢ ᠨᠡᠭᠡᠭᠡᠭᠰᠡᠨ ᠪᠤᠯᠬᠤᠷ ᠨᠢᠭᠡᠨ | ᠦᠶ᠎ᠡ ᠶᠢᠨ ᠬᠡᠷᠯᠡᠳᠦᠭᠦᠯᠦᠭᠰᠡᠨ ᠠᠪᠤᠷᠭᠤ ᠪᠦᠳᠦᠭᠡᠯ — ᠶᠤᠸᠠᠨ ᠤ ᠵᠦᠴᠦᠭᠡ ᠲᠡᠯᠡᠭᠡᠢ ᠨᠡᠶᠢᠳᠡ ᠳᠤ ᠮᠠᠨᠳᠤᠨ | ᠪᠠᠳᠠᠷᠠᠪᠠ᠃ ᠶᠤᠸᠠᠨ ᠤ ᠨᠢᠭᠡᠨ ᠦᠶ᠎ᠡ ᠶᠢ ᠶᠡᠷᠦᠩᠭᠡᠶᠢᠯᠡᠨ ᠦᠵᠡᠪᠡᠰᠦ᠂ ᠨᠤᠳᠤᠭ ᠲᠡᠪᠢᠰᠭᠡᠷ ᠦᠷᠭᠡᠨ ᠠᠭᠤᠳᠠᠮ᠂ | ᠬᠢᠯᠢ ᠬᠢᠵᠠᠭᠠᠷ ᠨᠡᠭᠡᠭᠡᠭᠳᠡᠵᠦ᠂ ᠤᠯᠠᠨ ᠦᠨᠳᠦᠰᠦᠳᠡᠨ ᠬᠤᠯᠢᠯᠳᠤᠨ ᠠᠮᠢᠳᠤᠷᠠᠵᠤ᠂ ᠰᠦᠰᠦᠭ ᠪᠢᠰᠢᠷᠡᠯ ᠴᠢᠯᠦᠭᠡᠳᠠᠢ | ᠡᠯᠳᠡᠪ ᠱᠠᠰᠢᠨ ᠰᠢᠳᠦᠯᠭᠡ ᠲᠤᠷ᠎ᠠ ᠪᠠᠷ ᠲᠡᠯᠭᠡᠷᠡᠵᠦ᠂ ᠺᠦᠩᠽᠢ ᠶᠢᠨ ᠰᠤᠷᠭᠠᠯᠳᠠᠨ ᠰᠤᠯᠠᠷᠠᠵᠤ᠂ ︽ᠶᠤᠸᠠᠨ ᠤ ᠦᠶ᠎ᠡ | ᠶᠢᠨ ᠬᠦᠮᠦᠰ ᠤᠯᠠᠩᠬᠢ ᠨᠢ ᠲᠠᠭᠤᠤ ᠪᠦᠵᠢᠭ ᠲᠤ ᠰᠢᠨᠤᠬᠠᠶᠢᠷᠠᠵᠤ᠂ ᠠᠵᠢᠯ ᠬᠦᠳᠡᠯᠮᠦᠷᠢ ᠬᠢᠬᠦ ᠲᠤᠷ᠎ᠠ ᠦᠭᠡᠢ︾᠂ | ᠨᠡᠶᠢᠭᠡᠮ ᠲᠡᠭᠡᠷ᠎ᠡ ᠤᠳᠬ᠎ᠠ ᠤᠷᠠᠯᠢᠭ ᠤᠨ ᠠᠭᠤᠷ ᠠᠮᠢᠰᠬᠤᠯ ᠲᠡᠭᠳᠡᠵᠦ᠂ ᠡᠷᠭᠡ ᠴᠢᠯᠦᠭᠡᠳᠦ ᠰᠠᠨᠠᠭ᠎ᠠ ᠰᠡᠳᠬᠢᠯᠭᠡ | ᠪᠦᠷᠢᠨ ᠢᠶᠠᠷ ᠴᠢᠯᠦᠭᠡᠯᠡᠭᠳᠡᠵᠦ᠂ ᠤᠳᠬ᠎ᠠ ᠰᠤᠶᠤᠯ ᠤᠨ ᠱᠤᠷᠤᠩ ᠬᠢᠨᠳᠠᠨ ᠠᠯᠠᠭ᠎ᠠ ᠪᠤᠯᠵᠤ᠂ ᠡᠶᠢᠮᠦ ᠤᠴᠢᠷ ᠠᠴᠠ | ᠬᠦᠮᠦᠰ ᠤᠨ ᠤᠶᠤᠨ ᠤᠬᠠᠭᠠᠨ ᠬᠢᠵᠠᠭᠠᠷᠯᠠᠭᠳᠠᠬᠤ ᠦᠭᠡᠢ᠃ ᠶᠤᠸᠠᠨ ᠤ ᠲᠡᠦᠭᠡ ᠳᠤ ᠬᠠᠤᠯᠢ ᠴᠠᠭᠠᠵᠠ ᠶᠢᠨ | ᠲᠡᠮᠳᠡᠭᠯᠡᠯ ᠳᠤ ᠬᠡᠳᠦᠶᠢᠪᠡᠷ ︽ᠲᠤᠷ᠎ᠠ ᠪᠠᠷ ᠦᠭᠦᠯᠡᠯ ᠵᠦᠴᠦᠭᠡ ᠨᠠᠶᠢᠷᠠᠭᠤᠯᠵᠤ ᠤᠯᠤᠰ ᠲᠦᠷᠦ ᠳᠤ ᠬᠠᠷᠰᠢ ᠲᠠᠢ | ᠪᠤᠯ ᠶᠠᠯᠠᠯᠠᠬᠤ︾ ᠵᠤᠷᠪᠤᠰ ᠪᠠᠶᠢᠪᠠᠴᠤ ᠬᠡᠷᠡᠭᠵᠢᠭᠦᠯᠦᠭᠰᠡᠨ ᠦᠭᠡᠢ᠃ ᠶᠤᠸᠠᠨ ᠤᠯᠤᠰ ᠤᠨ ᠬᠠᠤᠯᠢ ᠴᠠᠭᠠᠵᠠ ᠨᠢᠭᠳᠠ | ᠦᠭᠡᠢ᠂ ᠰᠤᠯᠠ ᠪᠤᠯᠬᠤᠷ ᠶᠤᠸᠠᠨ ᠤᠯᠤᠰ ᠤᠨ ︽ᠲᠠᠶᠢᠪᠤᠩ ᠲᠦᠷᠢᠮ︾ ᠳᠤ ︽ᠬᠠᠤᠯᠢ ᠴᠠᠭᠠᠵᠠ ᠲᠤᠭᠳᠠᠪᠤᠷᠢ | ᠦᠭᠡᠢ ᠨᠠᠭᠠᠳᠤᠮ ᠮᠡᠳᠦ᠂ ᠲᠡᠷᠢᠬᠦᠨ ᠵᠢᠯ ᠲᠠᠷᠠᠭ᠎ᠠ ᠵᠢᠯ ᠲᠠᠢ ᠠᠳᠠᠯᠢ ᠦᠭᠡᠢ ᠪᠤᠯᠵᠤ᠂ ᠠᠷᠠᠳ ᠤᠨ ᠲᠤᠮᠳᠠ | ᠲᠡᠷᠢᠬᠦᠨ ᠵᠢᠯ ᠴᠢᠩᠭ᠎ᠠ᠂ ᠬᠤᠶᠠᠳᠤᠭᠠᠷ ᠵᠢᠯ ᠠᠭᠠᠵᠢᠮ᠂ ᠭᠤᠷᠪᠠᠳᠤᠭᠠᠷ ᠵᠢᠯ ᠰᠤᠯᠠᠷᠠᠨ᠎ᠠ︾ ᠬᠡᠵᠦ ᠲᠦᠷᠰᠦᠯᠡᠨᠡ᠃ | ᠶᠤᠸᠠᠨ ᠤᠯᠤᠰ ᠡᠨᠡᠬᠦ ᠰᠤᠯᠠ ᠪᠠᠶᠢᠳᠠᠯ ᠮᠢᠩ᠂ ᠴᠢᠩ ᠬᠤᠶᠠᠷ ᠤᠯᠤᠰ ᠤᠨ ᠴᠢᠩᠭ᠎ᠠ ᠬᠡᠷᠴᠡᠭᠡᠢ ᠨᠤᠶᠠᠷᠬᠠᠬᠤ | ᠤᠳᠬ᠎ᠠ ᠰᠤᠶᠤᠯ ᠤᠨ ᠱᠤᠷᠤᠩ ᠬᠢᠨᠳᠠᠨ ᠬᠡᠷᠡᠭᠵᠢᠭᠦᠯᠵᠦ᠂ ᠬᠦᠮᠦᠨ ᠤ ᠰᠡᠳᠬᠢᠯ ᠰᠠᠨᠠᠭ᠎ᠠ ᠪᠠ ᠤᠷᠪᠠᠭ᠋ᠤ ᠵᠤᠷᠢᠭ ᠢ | ᠪᠤᠭᠤᠮᠢᠯᠠᠨ ᠠᠯᠠᠬᠤ ᠠᠴᠠ ᠡᠷᠡᠰ ᠤᠨᠳᠤᠤ ᠪᠤᠯᠤᠨ᠎ᠠ᠃ ᠵᠦ ᠶᠤᠸᠠᠨ ᠵᠠᠩ ︽ᠡᠨᠡᠬᠦ ᠶᠤᠸᠠᠨ ᠤᠯᠤᠰ ᠤᠨ ᠲᠦᠷᠦ | ᠦᠩᠭᠡᠷᠡᠦ ᠰᠤᠯᠠ ᠲᠠᠯᠪᠢᠭᠤ︾ ᠪᠤᠯᠵᠤ᠂ ᠤᠯᠤᠰ ᠮᠦᠭᠦᠭᠰᠡᠨ ᠤ ᠰᠢᠯᠳᠠᠭᠠᠨ ᠢᠶᠠᠷ ᠤᠨᠴᠠᠭᠠᠢ ᠲᠠᠷᠤᠯᠠᠯ ᠤᠨ ᠵᠠᠰᠠᠭ | ᠲᠦᠷᠦ ᠶᠢ ᠶᠠᠪᠤᠭᠳᠠᠭᠤᠯᠪᠠ᠃ ᠶᠤᠸᠠᠨ ᠤ ᠵᠦᠴᠦᠭᠡ ᠶᠢᠨ ᠬᠦᠭᠵᠢᠭᠰᠡᠨ ᠪᠠ ᠶᠤᠸᠠᠨ ᠤ ᠨᠡᠶᠢᠭᠡᠮ ᠢ ᠬᠤᠪᠢᠰᠤᠩᠭᠤᠢ | ᠬᠠᠷᠢᠴᠠᠭ᠎ᠠ ᠪᠠᠷ ᠦᠵᠡᠭᠰᠡᠨ ᠮᠢᠩ ᠤᠯᠤᠰ ᠤᠨ ᠯᠢ ᠭᠠᠢ ᠰᠢᠶᠠᠨ ᠲᠤᠳᠤ ᠬᠡᠯᠡᠵᠦ᠂ ︽ᠶᠤᠸᠠᠨ ᠤ ᠦᠭᠦᠯᠡᠯ | ᠢᠩᠬᠢᠵᠦ ᠲᠡᠭᠦᠰᠴᠦ᠂ ᠶᠤᠸᠠᠨ ᠤ ᠵᠤᠷᠢᠭ ᠢᠩᠬᠢᠵᠦ ᠲᠤᠷᠤᠶᠢᠳᠠᠪᠠ︾ ᠬᠡᠵᠠᠢ᠃ | ᠶᠤᠸᠠᠨ ᠤ ᠵᠦᠴᠦᠭᠡ ᠪᠤᠯ ᠶᠤᠸᠠᠨ ᠤ ᠨᠡᠶᠢᠭᠡᠮ ᠤᠨ ᠭᠤᠶᠤ ᠰᠠᠶᠢᠬᠠᠨ ᠢ ᠰᠤᠨᠢᠷᠬᠠᠬᠤ ᠪᠠ ᠴᠠᠭ ᠦᠶ᠎ᠡ ᠶᠢᠨ | ᠬᠦᠭᠵᠢᠯ ᠤᠨ ᠰᠠᠨᠠᠭ᠎ᠠ ᠶᠢ ᠲᠦᠭᠦᠮᠴᠢᠯᠡᠨ ᠬᠡᠯᠡᠪᠡᠰᠦ ︿ᠲᠡᠨᠦᠭᠦᠯᠴᠢ ᠶᠢᠨ ᠠᠭᠤᠷ ᠠᠮᠢᠰᠬᠤᠯ᠂ ᠠᠮᠤᠷ ᠨᠢᠭᠤᠴᠠ | ᠰᠡᠳᠬᠢᠯ ᠤᠨ ᠬᠦᠳᠡᠯᠭᠡᠭᠡᠨ ᠪᠠ ᠲᠡᠮᠡᠴᠡᠭᠴᠢ ᠰᠡᠳᠬᠢᠯ ᠤᠨ ᠨᠡᠶᠢᠯᠡᠮᠡᠯ ᠢᠶᠠᠷ ᠪᠦᠳᠦᠭᠰᠡᠨ ᠡᠷᠭᠡᠴᠡᠭᠦᠯᠬᠦ ᠤᠬᠠᠮᠰᠠᠷᠠᠯ﹀ | ᠪᠤᠯᠤᠨ᠎ᠠ᠃ | ᠶᠤᠸᠠᠨ ᠤᠯᠤᠰ ᠤᠨ ᠤᠶᠤᠳᠠᠨ ᠰᠡᠭᠡᠭᠡᠳᠡᠨ᠂ ᠲᠠᠭᠤᠤ ᠪᠦᠵᠢᠭ ᠤᠨ ᠲᠠᠯᠠᠪᠠᠢ ᠶᠠᠩᠬᠠᠨ ᠬᠤᠷᠠᠨ ᠠᠰᠠᠷ ᠢᠶᠠᠷ | ᠭᠠᠷᠴᠤ ᠤᠷᠤᠵᠤ᠂ ᠨᠤᠮ ᠪᠢᠴᠢᠭ ᠤᠨ ᠬᠤᠷᠠᠯ ᠳᠤ ᠤᠷᠤᠯᠴᠠᠵᠤ᠂ ᠤᠳᠬ᠎ᠠ ᠤᠷᠠᠯᠢᠭ ᠤᠨ ᠦᠢᠯᠡᠰ ᠤᠨ | ᠴᠢᠯᠦᠭᠡᠳᠦ ᠬᠦᠰᠡᠭᠦᠶᠢᠴᠡ ᠠᠮᠢᠳᠤᠷᠠᠯ ᠢᠶᠠᠷ ᠪᠠᠭ᠋ᠠᠳᠤᠬᠤ ᠪᠠ ᠤᠮᠤᠭᠰᠢᠵᠤ᠂ ᠰᠦᠩ ᠤᠯᠤᠰ ᠤᠨ ᠯᠢᠦ ᠶᠦᠩ ᠤᠨ | ᠬᠡᠯᠡᠭᠰᠡᠨ ᠮᠡᠳᠦ ᠪᠠᠷ ︽ᠡᠳᠡᠭᠡᠷ ᠬᠦᠮᠦᠰ ᠪᠡᠶ᠎ᠡ ᠪᠠᠨ ᠡᠷᠳᠡᠮᠳᠡᠨ ᠬᠦᠪᠡᠭᠦᠳ ᠦᠭᠦᠯᠡᠯ ᠤᠨ ᠬᠦᠮᠦᠰ᠂ ᠴᠠᠭᠠᠨ | ᠬᠤᠪᠴᠠᠰᠤᠳᠤ ᠵᠠᠶᠢᠰᠠᠩ ᠲᠦᠰᠢᠮᠡᠯ ᠬᠡᠵᠦ ᠠᠭᠠᠰᠢᠯᠠᠨ᠎ᠠ︾ ᠬᠡᠵᠦ ᠲᠦᠷᠰᠦᠯᠡᠭᠰᠡᠨ ᠪᠤᠯᠪᠠᠴᠤ ᠨᠡᠶᠢᠭᠡᠮ ᠲᠡᠭᠡᠷ᠎ᠡ | ᠡᠳᠡᠭᠡᠷ ᠬᠦᠮᠦᠨ ᠢ ᠤᠷᠬᠢᠵᠤ᠂ ᠡᠷᠭᠡᠮ ᠦᠭᠡᠢ ︿ᠲᠡᠨᠦᠭᠦᠯᠴᠢ﹀ ᠶᠠᠭᠤᠮ᠎ᠠ ᠬᠡᠵᠦ ᠲᠤᠤᠭᠤᠷ ᠦᠵᠡᠨ᠎ᠡ᠃ ᠬᠡᠪᠡᠴᠦ | ᠶᠤᠸᠠᠨ ᠤᠯᠤᠰ ᠤᠨ ᠦᠶ᠎ᠡ ᠳᠤ ᠡᠳᠡᠭᠡᠷ ︿ᠲᠡᠨᠦᠭᠦᠯᠴᠢ﹀ ᠪᠡᠶ᠎ᠡ ᠪᠠᠨ ᠬᠦᠮᠦᠨ ᠤ ᠴᠢᠨᠠᠷ ᠲᠠᠢ ᠪᠦᠬᠦᠨ ᠢᠶᠠᠷ | ᠴᠢᠯᠦᠭᠡᠯᠡᠭᠳᠡᠭᠰᠡᠨ ᠤᠳᠬ᠎ᠠ ᠲᠠᠢ ᠬᠦᠮᠦᠨ ᠤ ᠬᠦᠨᠳᠦᠳᠭᠡᠯ ᠢ ᠲᠠᠬᠢᠨ ᠤᠯᠤᠭᠰᠠᠨ ᠦᠩᠭᠡ ᠬᠡᠷᠡᠯ ᠲᠠᠢ ᠬᠡᠵᠦ ᠶᠡᠭᠡᠯ | ᠴᠤᠤᠷᠢᠶ᠎ᠠ ᠲᠠᠳᠠᠨ᠎ᠠ᠃ ᠶᠤᠸᠠᠨ ᠤᠯᠤᠰ ᠤᠨ ᠡᠨᠡᠬᠦ ︿ᠲᠡᠨᠦᠭᠦᠯᠴᠢ﹀ ᠶᠢᠨ ᠤᠮᠤᠭᠰᠢᠨ ᠠᠭᠠᠰᠢᠯᠠᠬᠤ ᠴᠦᠭᠡᠭᠡᠨ | ᠬᠦᠮᠦᠨ ᠪᠤᠰᠤ᠂ ᠡᠨᠡ ᠪᠤᠯ ᠶᠠᠭ ᠶᠤᠸᠠᠨ ᠤᠯᠤᠰ ᠤᠨ ᠨᠡᠶᠢᠭᠡᠮ ᠤᠨ ᠤᠨᠴᠠᠯᠢᠭ ᠪᠤᠯᠤᠨ᠎ᠠ᠃ ︽ᠴᠢᠳᠭᠦᠷ ᠤᠨ | ᠲᠠᠩᠰᠠ ᠲᠡᠮᠳᠡᠭᠯᠡᠯ︾ ᠳᠤ ︿ᠲᠡᠨᠦᠭᠦᠯᠴᠢ﹀ ᠶᠢ ᠰᠠᠶᠢᠰᠢᠶᠠᠨ ᠮᠠᠭᠳᠠᠵᠤ᠂ ︽ᠭᠤᠸᠠᠨ ᠬᠠᠨ ᠴᠢᠩ ᠨᠠᠷ ᠦᠪᠡᠷ ᠤᠨ | ᠵᠤᠬᠢᠶᠠᠭᠰᠠᠨ ᠤᠳᠬ᠎ᠠ ᠵᠤᠬᠢᠶᠠᠯ ᠢᠶᠠᠨ ᠮᠠᠭᠳᠠᠵᠤ ᠯᠠᠷᠵᠠ ᠲᠠᠳᠠᠵᠤ᠂ ᠪᠡᠶ᠎ᠡ ᠪᠠᠨ ᠦᠩᠭᠡᠯᠡᠨ ᠴᠢᠮᠡᠭᠯᠡᠵᠦ᠂ ᠬᠡᠷ ᠤᠨ | ᠠᠮᠢᠳᠤᠷᠠᠯ ᠢ ᠪᠠᠨ ᠤᠨᠴᠠᠭᠠᠢ ᠦᠭᠬᠢᠶᠡᠮᠦᠷ ᠬᠡᠵᠦ ᠲᠠᠳᠠᠭᠠᠯᠵᠢᠯᠠᠯ ᠦᠭᠡᠢ ᠤᠮᠤᠭᠰᠢᠨ ᠠᠭᠠᠰᠢᠯᠠᠨ᠎ᠠ᠃ ᠡᠳᠡᠭᠡᠷ | ᠬᠦᠮᠦᠰ ᠶᠠᠩᠬᠠᠨ ᠵᠤᠴᠢᠨ᠂ ᠰᠢ ᠲᠤᠭᠯᠠᠭᠴᠢᠳ ᠪᠦᠭᠡᠳ ᠤᠳᠬ᠎ᠠ ᠤᠷᠠᠯᠢᠭ ᠬᠤᠤᠰᠯᠠᠭᠰᠠᠨ ᠡᠷᠳᠡᠮᠳᠡᠨ ᠬᠦᠪᠡᠭᠦᠳ | ᠭᠤᠶᠤ ᠦᠬᠢᠳ ᠪᠤᠯᠤᠨ᠎ᠠ︾᠃ ᠨᠡᠶᠢᠳᠡᠮ ᠢᠶᠠᠷ ᠪᠤᠳᠤᠪᠠᠰᠤ ᠡᠳᠡᠭᠡᠷ ᠬᠦᠮᠦᠰ ᠪᠤᠯ ᠲᠤᠮᠳᠠᠳᠤ ᠤᠯᠤᠰ ᠤᠨ ᠹᠸᠤᠳᠠᠯ | ᠤᠨ ᠨᠡᠶᠢᠭᠡᠮ ᠤᠨ ᠦᠶ᠎ᠡ ᠶᠢᠨ ᠪᠡᠶ᠎ᠡ ᠪᠠᠨ ᠨᠡᠶᠢᠭᠡᠮ ᠳᠤ ᠪᠦᠷᠢᠨ ᠤᠷᠤᠯᠴᠠᠭᠰᠠᠨ ᠠᠷᠠᠳ ᠤᠨ ᠲᠤᠮᠳᠠ | ᠠᠮᠢᠳᠤᠷᠠᠭᠰᠠᠨ ᠤᠶᠤᠳᠠᠨ ᠰᠡᠭᠡᠭᠡᠳᠡᠨ ᠨᠢᠭᠡ ᠪᠦᠯᠦᠭ ᠪᠤᠯᠤᠨ᠎ᠠ᠃ ᠪᠠᠰᠠ ᠠᠯᠢᠪᠠ ᠴᠢᠳᠠᠯ ᠡᠷᠳᠡᠮ ᠢᠶᠠᠨ ᠤᠳᠬ᠎ᠠ | ᠤᠷᠠᠯᠢᠭ ᠲᠤ ᠡᠷᠭᠦᠨ ᠪᠠᠷᠢᠵᠤ ᠶᠠᠪᠤᠭᠰᠠᠨ ᠬᠦᠮᠦᠰ ᠪᠤᠯᠤᠨ᠎ᠠ᠃ ᠭᠤᠸᠠᠨ ᠬᠠᠨ ᠴᠢᠩ ︽ᠠᠭᠰᠢᠷᠠᠭ᠎ᠠ ᠦᠭᠡᠢ ᠨᠠᠰᠤ | ︾ ᠬᠡᠰᠡᠨ ᠵᠦᠴᠦᠭᠡ ᠳᠤ ᠪᠠᠨ ︿ᠲᠡᠨᠦᠭᠦᠯᠴᠢ﹀ ᠶᠢᠨ ᠵᠤᠷᠢᠭ ᠰᠠᠨᠠᠭ᠎ᠠ ᠶᠢ ᠬᠦᠴᠦᠳᠠᠢ ᠶᠡᠭᠡ ᠦᠩᠭᠡᠯᠡᠵᠦ᠂ | ᠵᠦᠴᠦᠭᠡ ᠶᠢᠨ ᠲᠤᠳᠤᠷ᠎ᠠ ︽ᠵᠡᠰ ᠸᠠᠨᠳ᠋ᠸᠦ ᠪᠤᠷᠴᠠᠭ︾ ᠬᠡᠰᠡᠨ ᠨᠢ ᠶᠤᠸᠠᠨ ᠤᠯᠤᠰ ᠤᠨ ᠶᠠᠪᠤᠯᠴᠠᠬᠤ ᠬᠦᠷᠢᠶᠡᠯᠡᠩ | ᠤᠨ ᠲᠤᠳᠤᠷ᠎ᠠ ᠠᠭᠰᠢᠷᠠᠭ᠎ᠠ ᠶᠠᠩᠬᠠᠨ ᠵᠤᠴᠢᠨ ᠢ ᠤᠷᠤᠭᠤᠯᠤᠨ ᠦᠩᠭᠡᠯᠡᠵᠦ᠂ ᠭᠤᠸᠠᠨ ᠬᠠᠨ ᠴᠢᠩ ᠪᠡᠶ᠎ᠡ ᠪᠠᠨ ︽ | ᠵᠡᠰ ᠸᠠᠨᠳ᠋ᠸᠦ ᠪᠤᠷᠴᠠᠭ︾ ᠬᠡᠵᠦ ᠦᠯᠢᠶᠡᠵᠦ᠂ ︽ᠵᠢᠩᠨᠡᠪᠡᠰᠦ ᠢᠯᠵᠠᠷᠠᠬᠤ ᠦᠭᠡᠢ᠂ ᠴᠢᠨᠠᠪᠠᠰᠤ ᠪᠤᠯᠤᠬᠤ ᠦᠭᠡᠢ᠂ | ᠴᠤᠬᠢᠪᠠᠴᠤ ᠡᠪᠳᠡᠷᠡᠬᠦ ᠦᠭᠡᠢ᠂ ᠬᠠᠭᠤᠷᠠᠪᠠᠴᠤ ᠲᠡᠯᠪᠡᠷᠡᠬᠦ ᠦᠭᠡᠢ᠂ ᠦᠨᠡᠭᠡᠷ ᠶᠤᠤᠷᠳᠠᠢ ᠨᠢᠭᠡᠨ ᠵᠡᠰ ᠸᠠᠨᠳ᠋ᠸᠦ | ᠪᠤᠷᠴᠠᠭ ᠪᠤᠯᠬᠤ ᠪᠦᠭᠡᠳ ᠦᠭᠦᠪᠡᠴᠦ ᠬᠤᠸᠠᠷ ᠫᠤᠤᠵᠢᠩ ᠤᠨ ᠵᠠᠮ ᠵᠦᠭ ᠶᠠᠪᠤᠨ᠎ᠠ︾ ᠬᠡᠵᠦ ᠨᠡᠷ᠎ᠡ ᠪᠠᠨ ᠮᠡᠳᠡᠬᠦ | ᠦᠭᠡᠢ ᠤᠮᠤᠭᠰᠢᠵᠤ ᠠᠭᠠᠰᠢᠯᠠᠨ᠎ᠠ᠃ ᠡᠨᠡ ᠠᠨᠤ ᠺᠦᠩᠽᠢ ᠶᠢᠨ ᠰᠤᠷᠭᠠᠯᠳᠠᠨ ᠤ ᠠᠴᠢᠯᠠᠯ ᠡᠯᠪᠡᠷᠢᠯ᠂ ᠵᠢᠷᠤᠮ | ᠦᠷᠦᠰᠢᠶᠡᠯ ᠪᠠ ᠤᠯᠤᠰ ᠢᠶᠠᠨ ᠵᠠᠰᠠᠬᠤ ᠲᠠᠶᠢᠪᠤᠩ ᠨᠡᠶᠢᠭᠡᠮ ᠢ ᠪᠠᠷᠢᠮᠳᠠᠯᠠᠬᠤ ᠵᠠᠶᠢᠰᠠᠩ ᠲᠦᠰᠢᠮᠡᠯ ᠲᠠᠢ ᠬᠡᠴᠢᠨᠡᠨ | ᠶᠡᠭᠡ ᠵᠦᠷᠢᠶᠡᠨ ᠲᠠᠢ ᠪᠤᠢ︖ | ᠶᠤᠸᠠᠨ ᠤᠯᠤᠰ ᠤᠨ ᠵᠦᠴᠦᠭᠡᠴᠢᠨ ᠤ ᠵᠤᠷᠢᠭ ᠰᠠᠨᠠᠭ᠎ᠠ ᠪᠠ ᠭᠤᠶᠤ ᠰᠠᠶᠢᠬᠠᠨ ᠢ ᠰᠤᠨᠢᠷᠬᠠᠬᠤ ᠤᠬᠠᠮᠰᠠᠷ ᠠᠨᠤ | ᠨᠢᠭᠤᠴᠠ ᠠᠮᠤᠷᠯᠠᠩᠭᠤᠢ ᠶᠢᠨ ᠰᠠᠨᠠᠭ᠎ᠠ ᠰᠡᠳᠬᠢᠯᠭᠡ ᠪᠤᠯᠤᠨ᠎ᠠ᠃ ᠨᠢᠭᠤᠴᠠ ᠠᠮᠤᠷᠯᠠᠩᠭᠤᠢ ᠰᠠᠨᠠᠭ᠎ᠠ ᠰᠡᠳᠬᠢᠯᠭᠡ ᠪᠤᠯ | ︿ᠲᠡᠨᠦᠭᠦᠯᠴᠢ﹀ ᠶᠢᠨ ᠨᠡᠷ᠎ᠡ ᠠᠯᠳᠠᠷ ᠲᠠᠢ ᠬᠠᠮᠳᠤ ᠤᠷᠤᠰᠢᠵᠤ᠂ ᠪᠦᠷ ᠡᠷᠭᠡ ᠴᠢᠯᠦᠭᠡ ᠶᠢ ᠬᠦᠭᠡᠭᠡᠴᠡᠯᠳᠦᠬᠦ | ᠰᠠᠨᠠᠭ᠎ᠠ ᠰᠡᠳᠬᠢᠯ ᠪᠤᠯᠵᠤ᠂ ᠴᠢᠯᠦᠭᠡᠳᠦ ᠬᠤᠪᠢ ᠬᠦᠮᠦᠨ ᠪᠠ ᠤᠳᠬ᠎ᠠ ᠤᠷᠠᠯᠢᠭ ᠤᠨ ᠠᠮᠢᠳᠤᠷᠠᠯ ᠳᠤ ᠪᠠᠭᠳᠠᠭᠳᠠᠨ᠎ᠠ | ᠃ ᠡᠭᠦᠨ ᠤ ᠲᠤᠳᠤᠷ᠎ᠠ ᠨᠢᠭᠤᠴᠠ ᠰᠡᠳᠬᠢᠯᠭᠡ ᠨᠢ ᠠᠭᠤᠯᠠ ᠤᠰᠤ ᠵᠡᠷᠭᠡ ᠪᠠᠶᠢᠭᠠᠯᠢ ᠶᠢᠨ ᠭᠤᠶᠤ ᠰᠠᠶᠢᠬᠠᠨ ᠢ | ᠬᠦᠰᠡᠵᠦ᠂ ᠶᠡᠷᠦ ᠶᠢᠨ ᠠᠮᠢᠳᠤᠷᠠᠯ ᠢ ᠪᠠᠭ᠋ᠠᠷᠠᠨ᠂ ᠬᠦᠨ ᠤᠬᠠᠭᠠᠨ ᠢ ᠮᠡᠳᠡᠷᠡᠵᠦ᠂ ᠠᠯᠢᠪᠠ ᠤᠴᠢᠷ ᠶᠠᠪᠤᠳᠠᠯ ᠢ ᠪᠦᠷ | ᠪᠠᠶᠢᠭᠠᠯᠢ ᠳᠤ ᠪᠠᠭᠳᠠᠨ᠎ᠠ ᠬᠡᠵᠦ ᠪᠤᠳᠤᠨ᠎ᠠ᠃ ︿ᠲᠡᠨᠦᠭᠦᠯᠴᠢ﹀ ᠶᠢᠨ ᠡᠷᠭᠡᠮ ᠴᠤᠤᠳᠤ ᠭᠤᠤᠯᠳᠠᠭᠤ ᠡᠷᠡᠭᠳᠠᠢ ᠡᠮᠡᠭᠳᠡᠢ | ᠶᠢᠨ ᠢᠨᠠᠭ ᠬᠠᠶᠢᠷ᠎ᠠ ᠶᠢ ᠬᠦᠭᠡᠭᠡᠴᠡᠯᠳᠦᠵᠦ᠂ ᠲᠠᠭᠤᠤ ᠪᠦᠵᠢᠭ ᠠᠮᠳᠠᠳᠤ ᠪᠤᠳᠠᠭᠠᠨ ᠰᠢᠷᠡᠭᠡᠨ ᠤ ᠰᠠᠶᠢᠬᠠᠨ ᠢ ᠡᠳ᠋ᠯᠡᠬᠦ | ᠪᠤᠯ ᠪᠦᠷ ᠢᠨᠠᠭ ᠬᠠᠶᠢᠷ᠎ᠠ ᠶᠢᠨ ᠤᠨᠴᠠ ᠴᠢᠬᠤᠯᠠᠴᠢᠯᠠᠵᠤ ᠪᠤᠯᠬᠤ ᠤᠴᠢᠷ ᠬᠡᠵᠦ ᠦᠵᠡᠨ᠎ᠡ᠃ ᠠᠮᠤᠷ ᠨᠢᠭᠤᠭᠴᠢ | ᠠᠭᠤᠯᠠ ᠤᠰᠤᠨ ᠤ ᠲᠤᠮᠳᠠ ᠲᠡᠨᠦᠭᠦᠴᠢᠯᠡᠵᠦ ᠪᠠᠶᠢᠬᠤ ᠨᠢ ︿ᠲᠡᠨᠦᠭᠦᠯᠴᠢ﹀ ᠶᠢᠨ ᠬᠡᠢ ᠮᠤᠷᠢ ᠬᠡᠵᠦ ᠦᠵᠡᠵᠦ᠂ | ᠦᠷᠭᠦᠯᠵᠢ ᠡᠳᠡᠭᠡᠷ ᠬᠦᠮᠦᠨ ᠲᠡᠭᠡᠷ᠎ᠡ ᠢᠯᠡᠷᠡᠨ᠎ᠡ᠃ | ᠨᠢᠭᠤᠴᠠ ᠠᠮᠤᠷ ᠰᠠᠨᠠᠭ᠎ᠠ ᠰᠡᠳᠬᠢᠯᠭᠡᠳᠦ ᠨᠠᠷ ᠪᠠᠶᠢᠭᠠᠯᠢ ᠶᠢ ᠬᠢᠵᠠᠭᠠᠷᠯᠠᠰᠢ ᠦᠭᠡᠢ ᠮᠦᠷᠦᠭᠡᠳᠦᠨ ᠰᠠᠨᠠᠬᠤ ᠶᠢ | ᠢᠯᠡᠳᠭᠡᠬᠦ ᠪᠠ ᠬᠦᠨᠵᠡᠭᠡᠢ ᠭᠤᠶᠤ ᠬᠡᠵᠦ ᠰᠠᠨᠠᠭᠠᠴᠢᠯᠠᠨ᠎ᠠ᠃ ︿ᠬᠦᠭᠡ ᠠᠭᠤᠯᠠ ᠨᠤᠭᠤᠭᠠᠨ ᠤᠰᠤ᠂ ᠡᠭᠦᠯᠡ ᠰᠠᠷ᠎ᠠ᠂ | ᠴᠡᠴᠡᠭᠳᠦ ᠡᠪᠡᠰᠦ﹀ ᠶᠤᠸᠠᠨ ᠤ ᠦᠶ᠎ᠡ ᠶᠢᠨ ᠬᠦᠮᠦᠨ ᠤ ᠰᠦᠨᠡᠰᠦ ᠵᠢᠷᠦᠭᠡ ᠶᠢ ᠲᠤᠬᠤᠨᠢᠭᠤᠯᠤᠨ᠎ᠠ᠃ ᠶᠤᠸᠠᠨ | ᠤᠯᠤᠰ ᠤᠨ ᠬᠦᠮᠦᠨ ᠪᠠᠶᠢᠭᠠᠯᠢ ᠶᠢᠨ ᠭᠤᠶᠤ ᠰᠠᠶᠢᠬᠠᠨ ᠢ ᠰᠡᠳᠬᠢᠯ ᠤᠨ ᠲᠤᠳᠤᠷ᠎ᠠ ᠠᠴᠠ ᠵᠢᠷᠭᠠᠯ ᠡᠳ᠋ᠯᠡᠪᠡ ᠬᠡᠵᠦ | ᠪᠤᠳᠤᠨ᠎ᠠ᠃ ᠬᠦᠮᠦᠰ ᠨᠢᠭᠤᠴᠠ ᠠᠮᠤᠷ ᠠᠮᠢᠳᠤᠷᠠᠯ ᠳᠤ ᠰᠤᠭᠳᠤᠬᠤ ᠪᠠ ᠨᠤᠶᠠᠨ ᠪᠤᠯᠤᠨ ᠲᠠᠪᠰᠢᠬᠤ ᠬᠤᠶᠠᠷ | ᠬᠤᠤᠰᠯᠠᠯᠳᠤᠵᠤ᠂ ︽ᠨᠤᠶᠠᠨ ᠪᠤᠯᠵᠤ ᠵᠠᠩᠵᠤᠨ ᠵᠠᠶᠢᠰᠠᠩ ᠤᠨ ᠬᠤᠤᠰ ᠤᠷᠤ ᠠᠶᠤᠮᠰᠢᠭ ᠠᠶᠤᠮᠰᠢᠭ ᠠᠶᠤᠮᠰᠢᠭ︾ | ᠬᠡᠵᠦ ᠪᠢᠴᠢᠨ ᠵᠠᠳᠠᠷᠠᠭᠤᠯᠤᠨ᠎ᠠ᠃ ᠦᠨᠡᠨ ᠳᠤ ᠪᠠᠨ ᠶᠤᠸᠠᠨ ᠤᠯᠤᠰ ᠤᠨ ᠵᠠᠩᠵᠤᠨ ᠵᠠᠶᠢᠰᠠᠩ ᠠᠯᠢ ᠬᠠᠭᠠᠨᠳᠤ | ᠤᠯᠤᠰ ᠠᠴᠠ ᠬᠢᠯᠪᠠᠷ ᠤᠯᠬᠤ ᠪᠦᠭᠡᠳ ᠠᠶᠤᠮᠰᠢᠭ ᠲᠤᠩ ᠴᠦᠭᠡᠭᠡᠨ ᠭᠠᠷᠤᠨ᠎ᠠ᠃ ᠶᠤᠸᠠᠨ ᠤ ᠬᠦᠮᠦᠨ ᠴᠢᠯᠦᠭᠡᠳᠦ | ᠨᠢᠭᠤᠴᠠ ᠠᠮᠢᠳᠤᠷᠠᠯ ᠳᠤ ᠭᠤᠶᠤ ᠰᠠᠶᠢᠬᠠᠨ ᠪᠠ ᠢᠨᠢᠶᠡᠳᠦᠮ ᠪᠠᠶᠠᠰᠬᠤᠯᠠᠩ ᠪᠢᠯᠬᠠᠵᠤ᠂ ᠨᠢᠭᠡ ᠠᠯᠬᠤᠮ ᠬᠦᠮᠦᠨ ᠤ | ᠬᠦᠨ ᠤᠬᠠᠭᠠᠨ ᠢ ᠤᠶᠢᠯᠠᠭᠠᠭᠰᠠᠨ ᠤᠴᠢᠷ ᠠᠴᠠ ᠰᠠᠶ᠋ᠢ ᠨᠤᠶᠠᠨ ᠤ ᠵᠠᠮ ᠢ ᠵᠢᠭᠰᠢᠭᠰᠡᠨ᠂ ᠭᠤᠨᠢᠷᠠᠵᠤ ᠭᠤᠳᠤᠷᠠᠬᠤ | ᠦᠭᠦᠯᠡᠯ ᠵᠦᠴᠦᠭᠡ ᠵᠤᠬᠢᠶᠠᠭᠰᠠᠨ ᠪᠠᠶᠢᠨ᠎ᠠ᠃ ᠡᠳᠡᠭᠡᠷ ᠠᠮᠤᠷ ᠨᠢᠭᠤᠭᠴᠢ ᠨᠠᠷ ᠨᠡᠩ ᠨᠡᠶᠢᠭᠡᠮ ᠤᠨ ᠰᠤᠳᠠᠯ ᠤᠨ | ᠨᠢᠭᠤᠭᠳᠠᠭᠴᠢ ᠪᠤᠯᠤᠨ᠎ᠠ᠃ ᠲᠡᠳᠡᠨᠡᠷ ᠲᠤᠷ᠎ᠠ ᠵᠤᠷᠢᠭ ᠢᠶᠠᠷ ᠠᠮᠢᠳᠤᠷᠠᠵᠤ᠂ ᠡᠷᠭᠡᠮ ᠬᠦᠨᠳᠦ ᠶᠢ ᠬᠦᠭᠡᠭᠡᠴᠡᠯᠳᠦᠬᠦ ᠶᠢ | ᠤᠶᠢᠰᠢᠶᠠᠬᠤ ᠦᠭᠡᠢ ᠪᠤᠯᠵᠤ᠂ ᠡᠨᠡᠬᠦ ᠨᠢᠭᠤᠴᠠ ᠠᠮᠢᠳᠤᠷᠠᠯ ᠢ ᠮᠠ ᡁᠢ ᠶᠤᠸᠠᠨ ᠤ ︽ᠬᠤᠤᠰ ᠠᠶ᠎ᠠ ᠰᠦᠨᠢ ᠶᠠᠪᠤᠬᠤ | ᠤᠩᠭᠤᠴᠠ — ᠠᠮᠤᠷ ᠢ ᠰᠡᠳᠭᠢᠯᠴᠢᠯᠡᠬᠦ︾ ᠬᠡᠰᠡᠨ ᠵᠦᠴᠦᠭᠡ ᠳᠤ ᠪᠠᠨ ᠦᠨᠡᠨ ᠢᠶᠠᠷ ᠢᠯᠡᠷᠡᠭᠦᠯᠦᠨ ᠭᠠᠷᠭᠠᠵᠤ᠂ | ᠨᠡᠷ᠎ᠡ ᠲᠦᠷᠦ ᠶᠢ ᠤᠷᠬᠢᠵᠤ᠂ ᠦᠪᠡᠷ ᠤᠨ ᠡᠷᠭᠡ ᠴᠢᠯᠦᠭᠡ ᠪᠠ ᠤᠳᠬ᠎ᠠ ᠤᠷᠠᠯᠢᠭ ᠤᠨ ᠠᠮᠢᠳᠤᠷᠠᠯ ᠢ ᠭᠤᠶᠤᠯᠠᠨ | ᠰᠠᠶᠢᠰᠢᠶᠠᠵᠤ᠂ ᠡᠴᠦᠰ ᠲᠤ ᠪᠠᠨ ᠦᠪᠡᠷ ᠤᠨ ᠵᠠᠩ ᠰᠤᠷᠳᠠᠬᠤᠨ ᠢᠶᠠᠨ ᠪᠦᠭᠦᠯᠢ ᠪᠠᠷ ᠨᠤᠳᠠᠯᠠᠪᠠ᠃ | ︿ᠲᠡᠨᠦᠭᠦᠯᠴᠢ﹀ ᠶᠢᠨ ᠨᠡᠷ᠎ᠡ ᠠᠯᠳᠠᠷ ᠪᠠ ᠨᠢᠭᠤᠴᠠ ᠠᠮᠤᠷᠯᠠᠩᠭᠤᠢ ᠰᠡᠳᠬᠢᠯᠭᠡ ᠬᠤᠶᠠᠷ ᠶᠤᠸᠠᠨ ᠤᠯᠤᠰ ᠤᠨ | ᠬᠦᠮᠦᠨ ᠤ ᠰᠠᠨᠠᠭ᠎ᠠ ᠶᠢᠨ ᠲᠤᠳᠤᠷ᠎ᠠ ᠶᠢᠨ ᠭᠤᠤᠯ ᠰᠡᠳᠬᠢᠯ ᠤᠨ ᠬᠦᠳᠡᠯᠭᠡᠭᠡᠨ ᠪᠤᠯᠤᠨ᠎ᠠ᠃ ᠡᠳᠡᠭᠡᠷ ᠤᠨ ᠬᠦᠴᠦᠨ | ᠶᠡᠭᠡᠳᠠᠢ ᠤᠷᠪᠠᠨ ᠡᠰᠡᠷᠭᠦᠴᠡᠬᠦ ᠰᠢᠨᠵᠢ ᠴᠢᠨᠠᠷ ᠢ ᠬᠦᠮᠦᠵᠢᠭᠰᠡᠨ ᠦᠷ᠎ᠡ ᠳ᠋ᠦᠩ ᠠᠴᠠ ︿ᠲᠡᠨᠦᠭᠦᠯᠴᠢ﹀ ᠨᠠᠷ ᠤᠨ ᠪᠡᠶ᠎ᠡ | ᠠᠷᠢᠭᠤᠨ ᠴᠡᠪᠡᠷ ᠦᠯᠦ ᠪᠤᠯᠬᠤ ᠬᠦᠮᠦᠨ ᠤ ᠴᠢᠨᠠᠷ ᠲᠠᠢ ᠪᠤᠯᠵᠤ᠂ ᠲᠡᠮᠡᠴᠡᠯᠳᠦ ᠴᠢᠨᠠᠷ ᠵᠦᠭ ᠲᠤ ᠬᠠᠨᠳᠤᠭᠤᠯᠵᠤ᠂ | ᠬᠠᠷᠠᠩᠭᠤᠢ ᠨᠡᠶᠢᠭᠡᠮ ᠢ ᠡᠰᠡᠷᠭᠦᠴᠡᠬᠦ ᠬᠦᠴᠦᠨ ᠪᠤᠯᠤᠨ᠎ᠠ᠃ ᠭᠤᠸᠠᠨ ᠬᠠᠨ ᠴᠢᠩ ᠤᠨ ︽ᠳ᠋ᠤᠤ ᠡ ᠶᠤᠸᠠᠨ︾᠂ ︽ | ᠶᠠᠳᠠᠷᠠᠯ ᠵᠦᠳᠡᠷᠡᠯ ᠢ ᠠᠪᠤᠷᠠᠬᠤ︾᠂ ᠰᠦᠢ ᠵᠢᠩ ᠴᠧᠨ ᠤ ︽ᠭᠤ᠋ ᠽᠤ᠋ ᠨᠤᠳᠤᠭ ᠳᠠᠭᠠᠨ ᠡᠷᠬᠢᠬᠦ︾᠂ ᠯᠢᠦ ᠱᠢ | ᠵᠦᠩ ᠤᠨ ︽ᠭᠤᠤᠯ ᠤᠷᠳᠤᠨ ᠲᠦᠪ ᠯᠠᠪᠳᠠᠭᠤᠨ︾᠂ ︽ᠲᠡᠭᠡᠷᠡᠬᠢ ᠶᠢ ᠪᠠᠶᠢᠴᠠᠭᠠᠬᠤ ᠬᠠᠤᠯᠢ︾ ᠵᠡᠷᠭᠡ ᠵᠦᠴᠦᠭᠡ | ᠪᠦᠷ ᠶᠤᠸᠠᠨ ᠤᠯᠤᠰ ᠤᠨ ᠬᠦᠮᠦᠨ ᠤ ᠵᠢᠩᠬᠢᠨᠢ ᠴᠢᠨᠠᠷ ᠲᠠᠪᠰᠢᠨ ᠬᠦᠭᠵᠢᠭᠰᠡᠨ ᠢ ᠦᠭᠦᠯᠡᠪᠡ᠃ ︿ᠲᠡᠨᠦᠭᠦᠯᠴᠢ﹀ | ᠨᠠᠷ ᠤᠨ ᠨᠡᠷ᠎ᠡ ᠠᠯᠳᠠᠷ ᠪᠠ ᠨᠢᠭᠤᠴᠠ ᠠᠮᠤᠷᠯᠠᠩᠭᠤᠢ ᠰᠡᠳᠬᠢᠯᠭᠡ ᠶᠢ ᠦᠭᠡᠶᠢᠴᠡᠭᠰᠡᠨ ᠪᠤᠯ ︽ᠳ᠋ᠤᠤ ᠡ ᠶᠤᠸᠠᠨ︾᠂ | ︽ᠭᠤ᠋ ᠽᠤ᠋ ᠨᠤᠳᠤᠭ ᠲᠠᠭᠠᠨ ᠡᠷᠬᠢᠬᠦ︾ ᠬᠡᠬᠦ ᠵᠦᠴᠦᠭᠡ ᠦᠭᠡᠶᠢᠰᠴᠦ᠂ ᠭᠤᠸᠠᠨ ᠬᠠᠨ ᠴᠢᠩ᠂ ᠰᠦᠢ ᠵᠢᠶᠠᠩ | ᠴᠧᠨ ᠨᠠᠷ ᠪᠠᠰᠠ ᠦᠭᠡᠢ ᠪᠤᠯᠤᠨ᠎ᠠ᠃ | ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠬᠦᠮᠦᠨ ᠢ ᠪᠠᠶᠠᠰᠠᠭᠤᠯᠬᠤ ᠪᠠ ᠦᠪᠡᠷ ᠢᠶᠠᠨ ᠪᠠᠶᠠᠷᠯᠠᠬᠤ | ᠬᠤᠭᠤᠷᠤᠨᠳᠤ ᠢᠯᠭᠠᠯ ᠦᠭᠡᠢ ᠨᠢᠭᠡᠴᠢ ᠪᠤᠯᠬᠤ ᠪᠦᠭᠡᠳ ᠶᠤᠸᠠᠨ ᠤ ᠤᠨᠴᠠᠭᠠᠢ ᠴᠠᠭ ᠦᠶ᠎ᠡ ᠶᠢᠨ ᠵᠤᠷᠢᠭ ᠰᠠᠨᠠᠭ᠎ᠠ | ᠪᠠ ᠭᠤᠶᠤ ᠰᠠᠶᠢᠬᠠᠨ ᠢ ᠴᠢᠩᠭᠠᠳᠬᠠᠬᠤ ᠰᠡᠳᠭᠢᠯᠭᠡ ᠪᠤᠯᠤᠨ᠎ᠠ᠃ ᠠᠯᠢ ᠨᠢ ᠰᠠᠶᠢᠨ ᠠᠯᠢ ᠨᠢ ᠮᠠᠭᠤ ᠬᠡᠵᠦ ᠦᠭᠦᠯᠡᠬᠦ | ᠨᠢ ᠪᠦᠷ ᠶᠤᠰᠤᠨ ᠳᠤ ᠨᠡᠶᠢᠴᠡᠬᠦ ᠦᠭᠡᠢ᠃ | |