ᠶᠤᠸᠠᠨ ᠤᠯᠤᠰ ᠤᠨ  ᠰᠡᠭᠦᠯᠴᠢ ᠦᠶ᠎ᠡ ᠶᠢᠨ  ᠦᠷᠯᠦᠭ ᠵᠠᠩᠵᠤᠨ  ᠪᠤᠯᠤᠳᠡᠮᠦᠷ
ᠨᠡᠶᠢᠲᠡᠯᠡᠭᠰᠡᠨ ᠴᠠᠭ᠄
2017/1/13
      ᠪᠤᠯᠤᠲᠡᠮᠡᠦᠷ ᠠᠨᠤ  ᠶᠤᠸᠠᠨ  ᠤᠯᠤᠰ ᠤᠨ  ᠡᠴᠦᠰ ᠤᠨ  ᠦᠶ᠎ᠡ ᠶᠢᠨ  ᠲᠠᠷᠢᠶᠠᠴᠢᠨ ᠤ ᠪᠤᠰᠤᠯᠭ᠎ᠠ ᠶᠢ ᠲᠠᠷᠤᠩᠭᠤᠶᠢᠯᠠᠭᠰᠠᠨ ᠶᠡᠭᠡ ᠵᠠᠩᠵᠤᠨ  ᠲᠠᠰᠪᠠᠭᠠᠳᠤᠷ ᠤᠨ  ᠬᠦᠪᠡᠭᠦᠨ᠃ 1355 ᠣᠨ ᠳᠤ ᠡᠴᠢᠭᠡ ᠪᠠᠨ ᠲᠠᠭᠠᠵᠤ ᠾᠧᠨᠠᠨ  ᠎ ᠳᠤ  ᠤᠯᠠᠭᠠᠨ ᠠᠯᠴᠢᠭᠤᠷᠳᠠᠨ  ᠎ ᠢ  ᠬᠦᠴᠦᠳᠠᠢ ᠲᠠᠷᠤᠩᠭᠤᠶᠢᠯᠠᠵᠠᠢ᠃        1358 ᠤᠨ ᠳᠤ  ᠲᠡᠭᠦᠨ  ᠎ ᠤ ᠡᠴᠢᠭᠡ ᠲᠠᠰᠪᠠᠭᠠᠳᠤᠷ  ᠲᠠᠶᠢᠰᠤᠨ ᠤ ᠵᠠᠪᠰᠠᠷᠳᠠᠭᠤᠯᠬᠤ ᠠᠷᠭᠠᠨ ᠳᠤ ᠤᠨᠠᠵᠤ  ᠯᠢᠦ ᠹᠦ᠋  ᠲᠦᠩ ᠳᠤ ᠢᠯᠠᠭᠳᠠᠭᠠᠳ  ᠭᠡᠶᠦᠷᠡᠯ ᠡᠪᠦᠷᠯᠡᠭᠰᠡᠭᠡᠷ  ᠬᠠᠯᠢᠭᠰᠠᠨ ᠤ ᠲᠠᠷᠠᠭ᠎ᠠ ᠪᠤᠯᠤᠳᠡᠮᠦᠷ  ᠡᠴᠢᠭᠡ ᠪᠠᠨ  ᠵᠠᠯᠭᠠᠮᠵᠢᠯᠠᠨ‌‍ᠲ᠋ᠤᠰ ᠠᠩᠬᠢ ᠴᠡᠷᠢᠭ  ᠎ ᠢ  ᠵᠠᠬᠢᠷᠴᠠᠢ᠃ 1358 ᠤᠨ ᠳᠤ  ᠯᠢᠦ ᠹᠦ᠋ ᠲᠦᠩ  ᠎ ᠤᠨ    ᠤᠯᠠᠭᠠᠨ ᠠᠯᠴᠢᠭᠤᠷᠳᠠᠨ    ᠾᠧᠨᠠᠨ ᠳᠤ ᠴᠦᠮᠦᠷᠡᠨ  ᠤᠷᠤᠵᠤ ᠭᠤᠷᠪᠠᠨ ᠵᠠᠮ ᠬᠤᠪᠢᠶᠠᠨ ᠤᠮᠠᠷᠠᠰᠢ  ᠲᠠᠭᠠᠷᠢᠨ᠂ ᠮᠢᠩ  ᠢᠦᠢ ᠵᠧᠨ  ᠴᠦᠩᠴᠢᠩ ᠢ  ᠡᠵᠡᠯᠡᠨ᠂  ᠤᠯᠠᠭᠠᠨ ᠠᠯᠴᠢᠭᠤᠷᠳᠠᠨ ᠤ ᠮᠠᠤ ᠭᠦᠢ  ᠪᠠᠷᠤᠭ ᠪᠦᠭᠦᠶᠢᠯᠡ ᠱᠠᠨᠳᠦ᠋ᠩ ᠢ  ᠡᠷᠭᠡᠰᠢᠶᠡᠵᠦ  ᠲᠠᠶᠢᠳᠤ ᠶᠢ  ᠰᠦᠷᠳᠡᠭᠦᠯᠵᠤ  ᠶᠤᠸᠠᠨ ᠤ ᠲᠦᠷᠦ  ᠲᠦᠭᠰᠢᠭᠦᠷᠢᠳᠠᠢ   ᠪᠤᠯᠵᠠᠢ᠃  ᠲᠡᠷᠡ ᠲᠤᠬᠠᠢ ᠭᠤᠸᠠᠨ ᠵᠦᠩ ᠤᠷᠤᠨ ᠳᠤ  ᠴᠠᠭᠠᠨᠳᠡᠮᠦᠷ  ᠂  ᠯᠢ ᠰᠧ ᠴᠢ  ᠂  ᠵᠠᠩ ᠯᠢᠶᠠᠩ ᠪᠢ  ᠵᠡᠷᠭᠡ ᠤᠨ  ᠴᠡᠷᠢᠭ ᠠᠩᠬᠢ   ᠲᠠᠶᠢᠰᠤᠨ ᠲᠠᠢ ᠲᠤᠯᠤᠯᠳᠠᠵᠤ᠂ ᠵᠦᠩᠶᠤᠸᠠᠨ ᠤᠷᠤᠨ ᠳᠤ  ᠵᠦᠪᠭᠡᠨ ᠪᠤᠯᠦᠳᠡᠮᠦᠷ ᠤᠨ  ᠴᠡᠷᠢᠭ ᠠᠩᠬᠢ   ᠤᠯᠠᠭᠠᠨ ᠠᠯᠴᠢᠭᠤᠷᠳᠠᠨ ᠢ   ᠡᠰᠡᠷᠭᠦᠴᠡᠵᠦ ᠪᠠᠶᠢᠵᠠᠢ᠃      1358 ᠤᠨ  ᠎ ᠤ 3 ᠰᠠᠷ᠎ᠠ ᠳᠤ  ᠪᠤᠯᠤᠳᠡᠮᠦᠷ  ᠸᠧᠢ  ᠾᠦᠢ  ᠎ ᠳᠤ  ᠤᠯᠠᠭᠠᠨ ᠠᠯᠴᠢᠭᠤᠷᠳᠠᠨ ᠢ  ᠢᠯᠠᠵᠤ  ᠫᠦ᠋ ᠵᠧᠦ ᠶᠢ ᠡᠵᠡᠯᠡᠵᠦ  ᠤᠯᠠᠭᠠᠨ ᠠᠯᠴᠢᠭᠤᠷᠳᠠᠨ  ᠾᠧᠨᠠᠨ ᠠᠴᠠ  ᠤᠮᠠᠷᠠᠰᠢᠯᠠᠨ  ᠮᠠᠦ ᠬᠦᠢ ᠶᠢᠨ ᠪᠦᠯᠦᠭ ᠶᠢ ᠬᠠᠮᠵᠢᠨ ᠲᠠᠶᠢᠳᠤ ᠶᠢ ᠲᠠᠭᠠᠷᠢᠬᠤ  ᠲᠦᠯᠦᠪᠡᠯᠭᠡ ᠶᠢ ᠨᠢ  ᠰᠠᠭᠠᠳᠠᠵᠠᠢ  ᠃ 4 ᠰᠠᠷ᠎ᠠ ᠳᠤ  ᠪᠤᠯᠤᠳᠡᠮᠦᠷ  ᠵᠧᠨ ᠳ᠋ᠢᠩ ᠎ ᠳᠤ ᠲᠤᠰᠬᠤᠨᠴᠢᠯᠠᠨ ᠲᠠᠷᠢᠶᠠᠯᠠᠵᠤ  ᠮᠠᠤ ᠭᠦᠢ ᠶᠢ  ᠰᠢᠬᠠᠮᠳᠠᠭᠤᠯᠤᠨ  ᠱᠠᠨᠳᠦ᠋ᠩ ᠵᠦᠭ ᠤᠬᠤᠷᠢᠭᠤᠯᠵᠠᠢ᠃ 5 ᠰᠠᠷ᠎ᠠ ᠳᠤ  ᠤᠯᠠᠭᠠᠨ ᠠᠯᠴᠢᠭᠤᠷᠳᠠᠨ ᠪᠢᠶᠠᠨ ᠯᠢᠶᠠᠩ ᠢ   ᠡᠵᠡᠯᠡᠭᠰᠡᠨ ᠪᠤᠯᠪᠠᠴᠦ  ᠲᠤᠮᠳᠠ  ᠵᠠᠮ  ᠎ ᠨᠢ  ᠾᠧᠨᠠᠨ ᠎ ᠳᠤ   ᠬᠤᠷᠢᠭᠯᠠᠯᠳᠠ ᠳᠤ ᠤᠴᠠᠷᠠᠭᠰᠠᠨ  ᠎ ᠠᠴᠠ  ᠱᠠᠨ ᠰᠢ  ᠵᠦᠭ ᠮᠤᠷᠤᠶᠢᠵᠠᠢ᠃  ᠲᠡᠷᠡ ᠲᠤᠬᠠᠢ ᠴᠠᠭᠠᠨᠳᠡᠮᠦᠷ ᠦᠪᠡᠷ ᠢ  ᠎ ᠪᠠᠨ  ᠵᠢᠢ  ᠨᠢᠩ ᠯᠤ᠋ ᠶᠢᠨ  ᠶᠡᠷᠦᠩᠬᠢ  ᠬᠠᠮᠢᠶᠠᠷᠤᠭᠴᠢ ᠡᠷᠭᠦᠮᠵᠢᠯᠡᠵᠠᠢ᠃ 6 ᠰᠠᠷ᠎ᠠ ᠳᠤ  ᠤᠯᠠᠭᠠᠨ ᠠᠯᠴᠢᠭᠤᠷᠳᠠᠨ  ᠵᠢᠢ ᠨᠢᠩ ᠯᠤ᠋  ︵ᠲᠠᠶᠢᠶᠤᠸᠠᠨ︶  ᠎ ᠢ ᠡᠵᠡᠯᠡᠵᠠᠢ᠃  ᠶᠤᠸᠠᠨ ᠤᠯᠤᠰ   ᠭᠤᠸᠠᠨ ᠵᠦᠩ ᠠᠴᠠ  ᠴᠠᠭᠠᠨᠳᠡᠮᠦᠷ  ᠎ ᠢ  ᠰᠢᠯᠵᠢᠭᠦᠯᠦᠨ  ᠱᠠᠨ ᠰᠢ  ᠎ ᠶᠢᠨ ᠤᠯᠠᠭᠠᠨ ᠠᠯᠴᠢᠭᠤᠷᠳᠠᠨ ᠢ   ᠴᠤᠬᠢᠭᠤᠯᠵᠤ  ᠂ ᠪᠤᠯᠦᠲᠡᠮᠦᠷ ᠢ  ᠠᠪᠴᠢᠷᠠᠵᠤ  ᠵᠡᠭᠦᠨ  ᠹᠷᠦᠨᠲ  ᠎ ᠶᠢᠨ ᠤᠯᠠᠭᠠᠨ ᠠᠯᠴᠢᠭᠤᠷᠳᠠᠨ ᠢ ᠲᠠᠭᠠᠷᠢᠭᠤᠯᠤᠭᠰᠠᠨ ᠳᠤ  ᠲᠡᠷᠡᠪᠡᠷ   ᠰᠢᠭᠤᠳ ᠡᠮᠦᠨᠡᠰᠢ ᠲᠠᠭᠠᠷᠢᠯᠬᠢᠯᠠᠨ  ᠫᠧᠩ ᠴᠧᠩ ᠳᠤ   ᠤᠯᠠᠭᠠᠨ ᠠᠯᠴᠢᠭᠤᠷᠳᠠᠨ ᠤ  ᠱᠠ ᠯᠢᠦ  ᠎ ᠶᠢᠨ  ᠪᠦᠯᠦᠭ ᠢ   ᠢᠯᠠᠵᠤ  ᠂  ᠬᠤᠸᠠᠶᠢᠨᠠᠨ᠂   ᠬᠤᠸᠠᠶᠢᠪᠧᠢ  ᠎ ᠶᠢᠨ  ᠬᠠᠷᠢᠯᠴᠠᠭ᠎ᠠ ᠶᠢ ᠰᠡᠷᠭᠦᠭᠡᠵᠠᠢ᠃ 9 ᠰᠠᠷ᠎ᠠ ᠳᠤ ᠼᠤᠤ ᠵᠧᠦ ᠶᠢ  ᠲᠠᠭᠠᠷᠢᠬᠤ ᠲᠠᠶᠢᠨ ᠢ   ᠵᠢᠯᠤᠭᠤᠳᠴᠠᠢ᠃   ᠽᠤᠤ ᠵᠧᠦ ᠪᠤᠯᠪᠠᠯ  ᠪᠢᠶᠠᠨ  ᠯᠢᠶᠠᠩ ᠪᠠ  ᠱᠠᠨᠳᠦ᠋ᠩ  ᠎ ᠤᠨ  ᠴᠡᠷᠢᠭ ᠲᠠᠶᠢᠨ ᠤ  ᠴᠢᠬᠤᠯᠠ  ᠭᠠᠵᠠᠷ ᠮᠦᠨ  ᠃  ᠤᠯᠠᠭᠠᠨ ᠠᠯᠴᠢᠭᠤᠷᠳᠠᠨ  ᠎ ᠤ ᠬᠢᠨᠢ  ᠽᠠᠶᠢᠰᠢᠶᠠᠩ ᠬᠢᠭᠡᠳ  ᡁᠢ ᠱᠦ ᠮᠢ  ᠶᠤᠸᠠᠨ  ᠵᠡᠷᠭᠡ  ᠪᠠᠶᠢᠭᠤᠯᠤᠮᠵᠢ ᠶᠢᠨ  ᠬᠦᠨᠳᠤ  ᠵᠠᠩᠵᠤᠨ  ᠨᠠᠷ ᠢ  ᠲᠤᠮᠢᠯᠠᠨ ᠰᠡᠷᠭᠡᠶᠢᠯᠡᠨ  ᠬᠠᠮᠠᠭᠠᠯᠠᠭᠤᠯᠤᠭᠰᠠᠨ ᠴᠦ 10 ᠰᠠᠷ᠎ᠠ ᠳᠤ  ᠪᠤᠯᠤᠳᠡᠮᠦᠷ  ᠎ ᠲᠤ ᠡᠪᠳᠡᠭᠳᠡᠵᠦ  ᠾᠧᠨᠠᠨ ᠤ ᠤᠯᠠᠭᠠᠨ ᠠᠯᠴᠢᠭᠤᠷᠳᠠᠨ ᠪᠠ  ᠱᠠᠨᠳᠦ᠋ᠩ ᠤᠨ  ᠤᠯᠠᠭᠠᠨ ᠠᠯᠴᠢᠭᠤᠷᠳᠠᠨ ᠤ  ᠬᠠᠷᠢᠴᠠᠭ᠎ᠠ ᠲᠠᠰᠤᠷᠠᠵᠠᠢ᠃        1358 ᠤᠨ ᠳᠤ  ᠶᠤᠸᠠᠨ ᠤᠯᠤᠰ ᠬᠡᠳᠦᠶᠢᠪᠡᠷ ᠲᠠᠶᠢᠶᠤᠸᠠᠨ ᠢ  ᠡᠭᠡᠭᠦᠯᠦᠭᠰᠡᠨ‌‍ᠴᠦ  ᠤᠯᠠᠭᠠᠨ ᠠᠯᠴᠢᠭᠤᠷᠳᠠᠨ  ᠤᠮᠠᠷᠠᠳᠤ ᠳᠤ  ᠳ᠋ᠠ ᠲᠦᠩ ᠢ  ᠡᠵᠡᠯᠡᠨ᠂ 12 ᠰᠠᠷ᠎ᠠ ᠳᠤ  ᠱᠠᠩᠳᠦ ᠶᠢ  ᠪᠤᠯᠢᠶᠠᠵᠤ  ᠲᠠᠶᠢᠳᠦ ᠬᠤᠳᠠ ᠶᠢ ᠬᠤᠶᠢᠳᠤ ᠲᠠᠯ᠎ᠠ ᠠᠴᠠ  ᠎ ᠨᠢ ᠰᠦᠷᠳᠡᠭᠦᠯᠦᠭᠰᠡᠨ ᠳᠤ  ᠶᠤᠸᠠᠨ ᠤᠯᠤᠰ  ᠪᠤᠯᠦᠳᠡᠮᠦᠷ ᠢ  ᠵᠠᠷᠯᠢᠭᠳᠠᠨ   ᠤᠮᠠᠷᠠᠰᠢ ᠲᠠᠶᠢᠯᠠᠭᠤᠯᠪᠠ  ᠃ 1359 ᠤᠨ ᠤ 2 ᠰᠠᠷ᠎ᠠ ᠳᠤ  ᠪᠤᠯᠦᠳᠡᠮᠦᠷ  ᠳ᠋ᠠᠶᠢᠵᠧᠦ ᠳᠤ  ᠬᠦᠷᠴᠦ  ᠂ 3 ᠰᠠᠷ᠎ᠠ ᠳᠤ  ᠲᠦᠷᠦ ᠵᠠᠰᠠᠭ ᠠᠴᠠ  ᠳ᠋ᠠ ᠲᠦᠩ ᠳᠤ  ᠰᠠᠭᠤᠬᠤ  ᠶᠡᠭᠡ ᠳᠤ ᠳ᠋ᠦ᠋  ᠡᠷᠭᠦᠮᠵᠢᠯᠡᠭᠳᠡᠨ  ᠂ ᠲᠤᠰ  ᠰᠠᠷ᠎ᠠ  ᠎ ᠳᠠᠭᠠᠨ  ᠳ᠋ᠠ ᠲᠦᠩ  ᠬᠦᠷᠦᠮᠡᠭᠴᠨ  ᠶᠦᠨ ᠨᠧᠢ  ᠂  ᠹᠧᠩ ᠵᠧᠦ  ᠎ ᠶᠢ ᠲᠠᠭᠠᠷᠢᠨ  ᠂ ᠭᠤᠸᠠᠨ ᠰᠢᠶᠠᠨ ᠱᠧᠩ ᠢ  ᠢᠯᠠᠵᠤ  ᠲᠡᠭᠦᠨ ᠢ  ᠯᠢᠶᠤᠤᠳᠦ᠋ᠩ ᠠᠴᠠ  ᠤᠬᠤᠷᠢᠭᠤᠯᠤᠨ ᠭᠠᠷᠭᠠᠵᠤ   ᠳ᠋ᠠ ᠲᠦᠩ ᠯᠤ᠋ ᠶᠢ    ᠠᠯᠭᠤᠷ ᠡᠭᠡᠭᠦᠯᠪᠡ  ᠃       1359 ᠤᠨ ᠤ 5 ᠰᠠᠷ᠎ᠠ ᠳᠤ  ᠴᠠᠭᠠᠨᠳᠡᠮᠦᠷ  ᠭᠤᠸᠠᠨ ᠵᠦᠩ  ᠎ ᠠᠴᠠ ᠭᠠᠷᠴᠦ  ᠪᠢᠶᠠᠨ  ᠯᠢᠶᠠᠩ ᠢ  ᠵᠠᠭᠤᠨ ᠡᠳᠦᠷ ᠪᠦᠰᠡᠯᠡᠨ ᠬᠤᠳᠠ ᠶᠢ ᠡᠪᠳᠡᠵᠦ  ᠾᠧᠨᠠᠨ ᠳᠤ  ᠰᠠᠭᠤᠵᠤ ᠬᠠᠮᠠᠭᠠᠯᠠᠵᠠᠢ᠃  ᠪᠤᠯᠤᠳᠡᠮᠦᠷ  ᠸᠧᠢ   ᠵᠧᠦ ᠶᠢ  ᠲᠠᠭᠠᠷᠢᠨ  ᠶᠠᠩ ᠴᠧᠩ  ᠂   ᠹᠧᠢ ᠬᠡᠦ ᠰᠢᠶᠠᠨ ᠬᠦᠷᠴᠦ  ᠲᠤᠰ ᠠᠩᠬᠢ ᠶᠢ ᠪᠠᠭᠤᠯᠭᠠᠨ ᠠᠪᠴᠠᠢ᠃ 11 ᠰᠠᠷ᠎ᠠ ᠳᠤ  ᠶᠤᠸᠠᠨ  ᠎ ᠤ ᠲᠦᠷᠦ  ᠪᠤᠯᠤᠮᠳᠡᠮᠦᠷ  ᠎ ᠲᠤ ᠲᠠᠬᠢᠨᠳᠠ  ᠬᠤᠯᠠᠭᠠᠢ ᠶᠢ  ᠪᠦᠰᠡᠯᠡᠨ ᠠᠷᠢᠯᠭᠠᠬᠤ ᠡᠭᠦᠷᠭᠡ ᠲᠤᠯᠭᠠᠵᠠᠢ᠃ 1360 ᠤᠨ ᠤ 2 ᠰᠠᠷ᠎ᠠ ᠳᠤ  ᠪᠤᠯᠦᠳᠡᠮᠦᠷ  ᠫᠢᠩ ᠵᠠᠩ ᠵᠧᠩ ᠰᠢ  ᠡᠷᠭᠦᠮᠵᠢᠯᠡᠭᠳᠡᠵᠦ  ᠱᠠᠩᠳᠦ᠂  ᠳ᠋ᠠ ᠨᠢᠩ  ᠎ ᠢ ᠡᠵᠡᠯᠡᠭᠰᠡᠨ  ᠭᠤᠸᠠᠨ ᠰᠢᠶᠠᠨ ᠱᠧᠩ ᠤᠨ  ᠤᠯᠠᠭᠠᠨ ᠠᠯᠴᠢᠭᠤᠷᠳᠠᠨ  ᠎ ᠢ  ᠴᠤᠬᠢᠵᠤ  ᠱᠠᠩᠳᠦ ᠶᠢ ᠡᠭᠡᠭᠦᠯᠦᠨ  ᠤᠯᠠᠭᠠᠨ ᠠᠯᠴᠢᠭᠤᠷᠳᠠᠨ ᠢ  ᠭᠤᠤ ᠯᠢ ᠪᠠ  ᠯᠢᠶᠤᠤ ᠳ᠋ᠦᠩ ᠵᠦᠭ ᠤᠬᠤᠷᠢᠭᠤᠯᠵᠠᠢ᠃ 7 ᠰᠠᠷ᠎ᠠ ᠳᠤ  ᠸᠠᠩ ᠰᠢ ᠴᠧᠩ  ᠎ ᠤᠨ    ᠱᠠᠨ ᠰᠢ  ᠂ ᠾᠧᠪᠧᠢ  ᠎ ᠳᠠᠬᠢ   ᠤᠯᠠᠭᠠᠨ   ᠠᠯᠴᠢᠭᠤᠷᠳᠠᠨ ᠢ  ᠢᠯᠠᠵᠤ   ᠂ ᠪᠤᠤ ᠳ᠋ᠢᠩ ᠯᠤ᠋  ᠂ ᠵᠢᠢ ᠨᠢᠩ  ᠯᠤ᠋  ᠎ ᠶᠢ  ᠡᠵᠡᠯᠡᠭᠰᠡᠨ  ᠲᠢᠶᠠᠨ ᠹᠧᠩ ᠤᠨ  ᠴᠡᠷᠢᠭ ᠢ   ᠰᠢᠬᠠᠨᠮᠳᠠᠭᠤᠯᠤᠨ  ᠳ᠋ᠦᠩ ᠫᠢᠩ ᠯᠤ᠋   ᠵᠦᠭ  ᠤᠬᠤᠷᠢᠭᠤᠯᠵᠤ  ᠂ ᠤᠳᠠᠯ ᠦᠭᠡᠢ   ᠮᠤᠩᠭᠤᠯ  ᠂ ᠬᠢᠳᠠᠳ  ᠴᠡᠷᠢᠭ ᠶᠢᠨ  ᠶᠡᠷᠦᠩᠭᠡᠶᠢᠯᠡᠨ   ᠵᠠᠬᠢᠷᠤᠭᠴᠢ ᠡᠷᠭᠦᠮᠵᠢᠯᠡᠭᠳᠡᠨ᠂  ᠬᠡᠷᠡᠭ ᠶᠠᠪᠤᠳᠠᠯ  ᠎ ᠢ  ᠲᠦᠭᠦᠮᠴᠢᠯᠡᠬᠦ  ᠭᠡᠷᠭᠡᠮ ᠬᠦᠷᠳᠡᠵᠠᠢ᠃ 8 ᠰᠠᠷ᠎ᠠ ᠳᠤ  ᠶᠤᠸᠠᠨ ᠤᠯᠤᠰ  ᠪᠤᠯᠤᠳᠡᠮᠦᠷ ᠢᠶᠠᠷ  ᠰᠢ ᠯᠢᠩ ᠭᠤᠸᠠᠨ ᠠᠴᠠ  ᠤᠮᠠᠷᠠᠰᠢᠬᠢ ᠤᠷᠤᠨ ᠢ  ᠲᠠᠷᠤᠩᠭᠤᠶᠢᠯᠠᠨ ᠰᠠᠬᠢᠭᠤᠯᠵᠤ  ᠂ ᠴᠠᠭᠠᠨᠳᠡᠮᠦᠷ ᠢᠶᠠᠷ  ᠰᠢ ᠯᠢᠩ ᠭᠤᠸᠠᠨ ᠠᠴᠠ  ᠡᠮᠦᠨᠡᠰᠢᠬᠢ ᠤᠷᠤᠨ ᠢ  ᠲᠠᠷᠤᠩᠭᠤᠶᠢᠯᠠᠨ ᠰᠠᠬᠢᠭᠤᠯᠵᠠᠢ᠃ 9 ᠰᠠᠷ᠎ᠠ ᠳᠤ  ᠪᠤᠯᠤᠳᠡᠮᠦᠷ  ᠵᠢᠢ ᠨᠢᠩ  ︵冀)᠎ ᠢ  ᠪᠠᠶᠢᠯᠳᠤᠨ ᠠᠪᠬᠤ ᠶᠢ  ᠪᠤᠳᠤᠯᠬᠢᠯᠠᠨ  ᠴᠡᠷᠢᠭ  ᠲᠤᠮᠢᠯᠠᠨ  ᠵᠢᠢ  ᠨᠢᠩ ᠢ  ᠭᠤᠷᠪᠠᠨ ᠡᠳᠦᠷ  ᠪᠦᠰᠡᠯᠡᠭᠰᠡᠨ ᠤ ᠲᠠᠷᠠᠭ᠎ᠠ ᠴᠡᠷᠢᠭ ᠪᠤᠴᠠᠭᠠᠨ ᠠᠪᠴᠢᠷᠠᠵᠤ ᠵᠢᠶᠤᠤ ᠴᠧᠩ ᠳᠤ  ᠲᠤᠰᠬᠤᠨᠴᠢᠯᠠᠨ ᠰᠠᠭᠤᠵᠠᠢ᠃ 10 ᠰᠠᠷ᠎ᠠ ᠳᠤ  ᠶᠤᠸᠠᠨ ᠤᠯᠤᠰ  ᠵᠠᠷᠯᠢᠭ  ᠎ ᠢᠶᠠᠷ  ᠪᠤᠯᠦᠳᠡᠮᠦᠷ ᠢᠶᠠᠷ  ᠵᠢᠢ  ᠨᠢᠩ ᠢ  ᠲᠠᠷᠤᠩᠭᠤᠶᠢᠯᠠᠨ  ᠰᠠᠬᠢᠭᠤᠯᠤᠭᠰᠠᠨ ᠳᠤ  ᠬᠦᠭᠡᠳᠡᠮᠦᠷ᠂   ᠳ᠋ᠤᠸᠠᠨ  ᠰᠢᠩ ᠽᠦ  ᠂ ᠭᠤᠤ ᠲᠦᠸᠧ  ᠨᠠᠷ ᠢ  ᠲᠤᠮᠢᠯᠠᠨ  ᠡᠰᠡᠷᠭᠦᠦ ᠲᠠᠯ᠎ᠠ ᠠᠴᠠ  ᠎ ᠨᠢ ᠲᠤᠰ  ᠬᠤᠳᠠᠨ ᠵᠦᠭ  ᠢᠷᠡᠭᠰᠡᠨ ᠳᠤ  ᠬᠤᠳᠠ ᠰᠠᠬᠢᠭᠰᠠᠨ  ᠴᠡᠷᠢᠭ ᠠᠷᠠᠳ ᠲᠡᠳᠡᠨᠡᠷ ᠢ  ᠤᠷᠤᠭᠤᠯᠤᠭᠰᠠᠨ ᠦᠭᠡᠢ᠃  ᠡᠨᠡᠬᠦ ᠴᠢᠮᠡᠭᠡ ᠶᠢ ᠴᠠᠭᠠᠨᠳᠡᠮᠦᠷ  ᠰᠤᠨᠤᠰᠤᠭᠠᠳ ᠰᠦᠸᠧ ᠵᠦ  ᠂  ᠴᠧᠩ ᠪᠢᠩ  ᡁᠢ ᠨᠠᠷ ᠢ  ᠴᠡᠷᠢᠭ ᠲᠠᠭᠠᠭᠤᠯᠤᠨ ᠢᠷᠡᠵᠦ ᠪᠤᠯᠢᠶᠠᠯᠳᠤᠭᠠᠳ  ᠪᠤᠯᠤᠳᠡᠮᠦᠷ ᠤᠨ   ᠲᠤᠤᠷᠠᠬᠢ  ᠲᠤᠯᠪᠠᠢ ᠳᠤ ᠢᠯᠠᠭᠳᠠᠵᠠᠢ᠃        1361 ᠤᠨ  ᠎ ᠤ ᠴᠠᠭᠠᠨ ᠰᠠᠷ᠎ᠠ ᠳᠤ  ᠶᠤᠸᠠᠨ ᠤ ᠲᠦᠷᠦ ᠠᠴᠠ  ᠫᠢᠩ ᠵᠠᠩ  ᠲᠠᠰᠳᠡᠮᠦᠷ  ᠎ ᠢ  ᠲᠤᠮᠢᠯᠠᠨ᠂ ᠴᠡᠷᠢᠭ ᠤᠨ  ᠡᠷᠭᠡ ᠶᠢ ᠰᠤᠯᠠᠯᠠᠭᠰᠠᠨ ᠢ   ᠲᠤᠩᠬᠠᠭᠯᠠᠭᠰᠠᠨ ᠳᠤ  ᠪᠤᠯᠤᠳᠡᠮᠦᠷ ᠵᠠᠷᠯᠢᠭ ᠬᠦᠯᠢᠶᠡᠨ  ᠪᠤᠴᠠᠵᠠᠢ᠃   ᠤᠳᠠᠯ ᠦᠭᠡᠢ  ᠵᠤᠨ ᠤ  ᠤᠯᠠᠷᠢᠯ ᠳᠤ  ᠪᠤᠯᠤᠳᠡᠮᠦᠷ ᠲᠠᠬᠢᠨᠳᠠ  ᠪᠤᠤ ᠳ᠋ᠢᠩ᠂  ᠾᠧ ᠵᠢᠶᠠᠨ ᠢᠶᠠᠷ  ᠲᠤᠰᠬᠤᠨᠴᠢᠯᠠᠨ ᠲᠠᠷᠢᠶᠠᠯᠠᠵᠠᠢ᠃        1362 ᠤᠨ ᠳᠤ  ᠤᠮᠠᠷᠠᠳᠤ ᠤᠷᠤᠨ ᠳᠤ  ᠵᠠᠩ ᠯᠢᠶᠠᠩ ᠪᠢ  ᠪᠤᠯᠤᠳᠡᠮᠦᠷ ᠲᠠᠢ  ᠨᠦᠬᠦᠷᠰᠡᠵᠦ  ᠂  ᠯᠢ ᠰᠧ ᠴᠢ ᠨᠢ ᠴᠠᠭᠠᠨᠳᠡᠮᠦᠷ ᠲᠠᠢ ᠬᠤᠯᠪᠤᠭᠠᠯᠠᠨ  ᠬᠠᠷᠢᠯᠴᠠᠨ ᠶᠡᠭᠡᠳᠡ ᠲᠡᠮᠡᠴᠡᠯ ᠪᠤᠯᠤᠭᠰᠠᠨ  ᠲᠤᠬᠢᠶᠠᠯ ᠢᠶᠠᠷ  ᠮᠢᠩ ᠢᠦᠢ ᠵᠧᠨ  ᠴᠧᠩᠳᠦ᠋ ᠶᠢ ᠡᠵᠡᠯᠡᠨ  ᠸᠠᠩ   ᠰᠠᠭᠤᠵᠠᠢ᠃   ᠶᠠᠭ ᠡᠨᠡ ᠲᠤᠬᠠᠢ ᠴᠠᠭᠠᠨᠳᠡᠮᠦᠷ  ᠲᠤᠤᠷᠠᠬᠢ ᠬᠦᠮᠦᠨ  ᠎ ᠳᠡᠭᠡᠨ ᠬᠤᠤᠷᠯᠠᠭᠳᠠᠭᠰᠠᠨ  ᠎ ᠳᠤ   ᠲᠡᠵᠢᠭᠡᠭᠰᠡᠨ ᠭᠦᠭᠡᠭᠦᠨ ᠬᠦᠭᠡᠳᠡᠮᠦᠷ ᠨᠢ  ᠡᠴᠢᠭᠡ  ᠎ ᠤᠨ  ᠎ ᠢᠶᠠᠨ  ᠬᠠᠷᠢᠶᠠᠳᠤ ᠶᠢ  ᠲᠠᠭᠠᠭᠤᠯᠤᠨ  ᠪᠤᠯᠦᠳᠡᠮᠦᠷ  ᠎ ᠯᠤᠭ᠎ᠠ  ᠦᠷᠭᠦᠯᠵᠢᠯᠡᠨ  ᠲᠡᠮᠡᠴᠡᠵᠠᠢ᠃  ᠡᠮᠦᠨᠡᠳᠤ ᠤᠷᠤᠨ ᠳᠤ ᠵᠤ᠋ ᠶᠤᠸᠠᠨ ᠵᠠᠩ ᠬᠢᠭᠡᠳ  ᠴᠧᠨ ᠶᠢᠦ ᠯᠢᠶᠠᠩ ᠤᠨ  ᠲᠠᠶᠢᠨ  ᠡᠬᠢᠯᠡᠵᠦ  ᠂  ᠪᠦᠬᠦ ᠤᠯᠤᠰ  ᠭᠡᠰᠡᠭᠯᠡᠨ  ᠡᠵᠡᠮᠰᠢᠭᠰᠡᠨ ᠲᠠᠶᠢᠨ ᠤ ᠪᠠᠶᠢᠳᠠᠯ ᠳᠤ  ᠤᠷᠤᠵᠠᠢ᠃  ᠵᠠᠩ  ᠰᠢ ᠴᠧᠩ ᠨᠠᠷ᠎ᠠ ᠲᠡᠭᠡᠷ᠎ᠡ ᠪᠠᠨ ᠶᠤᠸᠠᠨ ᠤᠯᠤᠰ  ᠎ ᠲᠤ ᠲᠠᠭᠠᠭᠰᠠᠨ ᠎ ᠠᠴᠠ  ᠲᠤᠬᠠᠢ ᠶᠢᠨ ᠦᠶ᠎ᠡ ᠳᠤ  ᠬᠤᠸᠠᠶᠢᠨᠠᠨ ᠬᠢᠭᠡᠳ  ᠬᠦᠭᠡᠮᠦ᠋ᠷᠡᠨ  ᠎ ᠤ  ᠲᠤᠮᠳᠠᠳᠤ ᠲᠤᠤᠷᠠᠳᠤ  ᠤᠷᠤᠰᠬᠠᠯ ᠲᠠᠭᠤ ᠤᠷᠤᠨ  ᠤᠯᠠᠭᠠᠨ ᠠᠯᠴᠢᠭᠤᠷᠳᠠᠨ ᠡᠵᠡᠮᠰᠢᠭᠳᠡᠵᠦ   ᠤᠮᠠᠷᠠᠳᠤ ᠤᠷᠤᠨ  ᠎ ᠳᠤ ᠤᠯᠠᠨ  ᠢᠳᠡᠷᠭᠡᠭ  ᠬᠡᠰᠡᠭᠯᠡᠨ ᠡᠵᠡᠮᠰᠢᠵᠤ  ᠬᠠᠷᠢᠯᠴᠠᠨ ᠲᠠᠶᠢᠳᠤᠭᠰᠠᠨ  ᠪᠠᠶᠢᠳᠠᠯ ᠳᠤ ᠤᠷᠤᠵᠠᠢ᠃  ᠲᠤᠬᠠᠢ ᠶᠢᠨ  ᠦᠶ᠎ᠡ ᠳᠤ ᠪᠤᠯᠤᠳᠡᠮᠦᠷ ᠴᠡᠷᠢᠭ ᠲᠠᠭᠠᠭᠤᠯᠤᠨ  ᠡᠮᠦᠨ᠎ᠡ ᠶᠢ ᠲᠠᠶᠢᠯᠠᠬᠤ  ᠎ ᠶᠢ ᠭᠤᠶᠤᠴᠢᠯᠠᠭᠰᠠᠨ ᠴᠦ  ᠴᠤᠤᠷᠢᠶᠠᠳᠤᠨ  ᠲᠠᠭᠠᠬᠤ  ᠬᠦᠮᠦᠨ ᠦᠭᠡᠢ ᠪᠤᠯᠵᠠᠢ᠃        1363 ᠤᠨ ᠤ  ᠬᠠᠪᠤᠷ  ᠂ ᠭᠤᠸᠠᠨ ᠰᠢᠶᠠᠨ ᠱᠧᠩ ᠤᠨ ᠦᠯᠡᠳᠡᠭᠳᠡᠯ ᠬᠦᠴᠦᠨ  ᠳ᠋ᠠ ᠨᠢᠩ ᠢ  ᠲᠠᠭᠠᠷᠢᠨ ᠡᠵᠡᠯᠡᠵᠦ  ᠲᠠᠶᠢᠳᠤ ᠶᠢ ᠰᠦᠷᠳᠡᠭᠦᠯᠦᠭᠰᠡᠨ ᠳᠤ  ᠪᠤᠯᠤᠳᠡᠮᠦᠷ   ᠪᠠᠶᠢᠯᠳᠤᠨ ᠢᠯᠠᠵᠤ ᠪᠠᠭᠤᠯᠭᠠᠨ ᠠᠪᠴᠠᠢ᠃ 3 ᠰᠠᠷ᠎ᠠ ᠳᠤ  ᠶᠤᠸᠠᠨ ᠤᠯᠤᠰ  ᠵᠢᠢ  ᠨᠢᠩ ᠯᠤ᠋ ᠳᠤ  ᠮᠤᠵᠢ  ᠪᠠᠶᠢᠭᠤᠯᠵᠠᠢ᠃ 5 ᠰᠠᠷ᠎ᠠ ᠳᠤ  ᠵᠠᠩ ᠰᠢ ᠴᠧᠩ 30 ᠲᠦᠮᠡᠨ  ᠴᠡᠷᠢᠭ  ᠲᠠᠭᠠᠭᠤᠯᠤᠨ  ᠵᠢᠩ ᠪᠠᠯᠭᠠᠰᠤᠨ ᠳᠤ  ᠦᠢᠷᠳᠤᠵᠤ᠂ 6 ᠰᠠᠷ᠎ᠠ ᠳᠤ  ᠪᠤᠯᠤᠳᠡᠮᠦᠷ  ᠵᠤᠤ ᠪᠢᠴᠢᠭ ᠤᠨ  ᠵᠠᠷᠯᠢᠭ  ᠎ ᠢᠶᠠᠷ  ᠡᠮᠦᠨᠡᠰᠢ ᠲᠠᠶᠢᠯᠠᠬᠤ ᠪᠤᠯᠵᠤ  ᠱᠠᠨᠰᠢ ᠶᠢ ᠦᠩᠭᠡᠷᠡᠵᠦ ᠡᠮᠦᠨᠡᠰᠢ ᠲᠠᠶᠢᠯᠠᠵᠤ  ᠰᠢᠶᠠᠩ ᠶᠠᠩ᠂ ᠬᠠᠨ ᠶᠠᠩ ᠤᠨ  ᠭᠠᠵᠠᠷ  ᠎ ᠲᠤ  ᠬᠠᠷᠰᠢ ᠰᠠᠭᠠᠳ ᠲᠤ ᠤᠴᠠᠷᠠᠬᠤ  ᠎ ᠶᠢᠨ  ᠬᠠᠮᠳᠤ  ᠂   ᠬᠦᠭᠡᠳᠡᠮᠦᠷ ᠤᠨ  ᠲᠤᠤᠷᠠᠬᠢ ᠵᠠᠩᠵᠤᠨ   ᠲᠠᠯᠤ   ᠯᠠᠨ ᠲᠢᠶᠠᠨ ᠳᠤ  ᠲᠡᠭᠦᠨ ᠢ   ᠰᠠᠭᠠᠳᠠᠭᠤᠯᠤᠭᠰᠠᠨ ᠳᠤ  ᠲᠡᠷᠡᠪᠡᠷ   ᠡᠵᠡᠨ ᠲᠦᠷᠦ  ᠎ ᠳᠤ ᠲᠠᠯᠦ  ᠨᠠᠷ ᠢ  ᠲᠦᠩ ᠭᠤᠸᠠᠨ ᠠᠴᠠ  ᠵᠡᠭᠦᠨᠰᠢ ᠰᠢᠯᠵᠢᠬᠦᠯᠬᠦ ᠶᠢ ᠱᠠᠭᠠᠷᠳᠠᠵᠠᠢ᠃  ᠡᠭᠦᠨ ᠤ ᠵᠡᠷᠭᠡᠪᠡᠷ  ᠪᠤᠯᠤᠳᠡᠮᠦᠷ  ᠎ ᠤᠨ  ᠲᠤᠮᠢᠯᠠᠭᠰᠠᠨ  ᠵᠤ᠋ ᠵᠧᠨ  ᠲᠤᠬᠠᠢ ᠶᠢᠨ  ᠤᠷᠤᠨ ᠤ ᠨᠤᠶᠠᠳ ᠲᠠᠢ ᠬᠤᠯᠪᠤᠭᠠᠯᠠᠨ  ᠮᠤᠵᠢ ᠶᠢᠨ  ᠬᠤᠳᠠ ᠶᠢ ᠡᠵᠡᠮᠰᠢᠭᠰᠡᠨ ᠳᠤ ᠬᠦᠭᠡᠳᠡᠮᠦᠷ  ᠴᠡᠷᠢᠭ ᠲᠤᠮᠢᠯᠠᠨ  ᠵᠤ᠋ ᠵᠧᠨ ᠲᠠᠢ ᠪᠠᠶᠢᠯᠳᠤᠭᠤᠯᠤᠨ  ᠲᠡᠭᠦᠨ ᠢ  ᠤᠷᠤᠭᠤᠯᠵᠤ ᠠᠪᠴᠠᠢ᠃ 7 ᠰᠠᠷ᠎ᠠ ᠳᠤ  ᠪᠤᠯᠤᠳᠡᠮᠦᠷ   ᠰᠢᠶᠠᠩ ᠬᠠᠨ ᠢ  ᠲᠠᠭᠠᠷᠢᠭᠰᠠᠨ ᠲᠠᠶᠢᠨ  ᠎ ᠢ ᠲᠡᠭᠦᠰᠦᠮᠡᠭᠴᠨ  ᠬᠦᠭᠡᠳᠡᠮᠦᠷ  ᠂ ᠪᠤᠯᠤᠳᠡᠮᠦᠷ  ᠎ ᠢ  ᠲᠠᠭᠠᠷᠢᠵᠠᠢ᠃  ᠡᠭᠦᠨ ᠳᠤ   ᠪᠤᠯᠤᠳᠡᠮᠦᠷ  ᠪᠢᠴᠢᠭ ᠡᠷᠭᠦᠵᠦ  ᠬᠦᠭᠡᠳᠡᠮᠦᠷ ᠤᠨ  ᠲᠦᠰᠢᠮᠡᠯ ᠤᠨ  ᠶᠤᠰᠤᠨ ᠢ  ᠦᠯᠦ ᠲᠠᠭᠠᠭᠰᠠᠨ ᠢ  ᠶᠠᠯᠯᠠᠬᠤ ᠶᠢ ᠱᠠᠭᠠᠷᠳᠠᠵᠠᠢ᠃  ᠭᠡᠳᠡᠯ᠎ᠡ  ᠲᠠᠶᠢᠽᠢ ᠶᠢᠨ  ᠲᠡᠮᠵᠢᠯᠭᠡ  ᠎ ᠶᠢ ᠤᠯᠤᠭᠰᠠᠨ ᠬᠦᠭᠡᠳᠡᠮᠦᠷ ᠤᠨ  ᠬᠦᠴᠦᠨ ᠡᠳᠦᠷ ᠢᠷᠡᠬᠦᠶ᠎ᠡ  ᠪᠠᠳᠠᠷᠠᠵᠤ  ᠂  ᠬᠠᠷᠢᠨ ᠶᠤᠸᠠᠨ ᠤᠯᠤᠰ ᠡᠳᠦᠷ ᠢᠷᠡᠬᠦᠶ᠎ᠡ ᠲᠤᠷᠤᠶᠢᠳᠠᠵᠠᠢ᠃  ᠲᠤᠬᠠᠢ ᠶᠢᠨ  ᠦᠶ᠎ᠡ ᠳᠤ ᠡᠷᠭᠡ ᠠᠳᠬᠤᠭᠰᠠᠨ ᠨᠤᠶᠠᠳ ᠤᠨ  ᠤᠯᠠᠨᠩᠬᠢ ᠨᠢ  ᠬᠢᠳᠠᠳ ᠨᠤᠶᠠᠳ ᠪᠤᠯᠵᠤ᠂  ᠵᠦᠪᠭᠡᠨ ᠪᠤᠯᠤᠳᠡᠮᠦᠷ  ᠯᠡ  ᠮᠤᠩᠭᠤᠯ ᠨᠤᠶᠠᠨ  ᠮᠦᠷᠳᠡᠭᠡᠨ ᠬᠠᠮᠤᠭ ᠎ ᠤᠨ   ᠭᠠᠷᠮᠠᠭᠠᠢ  ᠴᠡᠷᠢᠭ ᠲᠠᠶᠢᠨ ᠤ ᠤᠳᠤᠷᠢᠳᠤᠭᠴᠢ ᠪᠠᠶᠢᠵᠠᠢ᠃         1364 ᠤᠨ ᠳᠤ ᠵᠤ᠋ ᠶᠤᠸᠠᠨ ᠵᠠᠩ  ᠂  ᠴᠧᠨ ᠬᠠᠨ  ᠎ ᠢ  ᠮᠦᠬᠦᠭᠡᠵᠦ   ᠬᠦᠭᠡᠮᠦ᠋ᠷᠡᠨ ᠤ  ᠲᠤᠮᠳᠠᠳᠤ ᠤᠷᠤᠰᠬᠠᠯ  ᠲᠠᠭᠠᠤ ᠤᠷᠤᠨ ᠢ    ᠡᠷᠭᠡᠰᠢᠶᠡᠭᠰᠡᠨ   ᠪᠠᠶᠢᠳᠠᠯ᠎ᠠ  ᠶᠤᠸᠠᠨ ᠤᠯᠤᠰ ᠤᠨ  ᠬᠠᠭᠠᠨ ᠤ ᠨᠠᠮᠳᠠᠨ ᠬᠢᠭᠡᠳ ᠲᠠᠶᠢᠽᠢ ᠶᠢᠨ  ᠨᠠᠮᠳᠠᠨ ᠤ  ᠲᠡᠮᠡᠴᠡᠯ ᠬᠠᠷᠢᠨ ᠰᠢᠷᠦᠭᠦᠰᠴᠠᠢ᠃ 3 ᠰᠠᠷ᠎ᠠ ᠳᠤ  ᠬᠤᠸᠠᠩ ᠲᠠᠶᠢᠽᠢ   ᠠᠶᠤᠰᠢᠷᠢᠳᠠᠷ᠎ᠠ   ᠲᠤᠭᠤᠭᠠᠨᠳᠡᠮᠦᠷ ᠬᠠᠭᠠᠨ ᠢ  ᠠᠯᠪᠠᠳᠠᠨ  ᠪᠤᠯᠤᠳᠡᠮᠦᠷ ᠤᠨ  ᠴᠡᠷᠢᠭ ᠤᠨ  ᠵᠡᠷᠭᠡ ᠭᠡᠷᠭᠡᠮ  ᠎ ᠢ  ᠠᠨᠤ  ᠤᠭᠴᠠᠷᠠᠭᠤᠯᠵᠠᠢ᠃ 4 ᠰᠠᠷ᠎ᠠ ᠳᠤ  ᠶᠤᠸᠠᠨ ᠤ  ᠲᠦᠷᠦ  ᠪᠤᠯᠤᠳᠡᠮᠦᠷ  ᠎ ᠲᠤ   ︽ᠵᠠᠷᠯᠢᠭ ᠲᠠᠭᠠᠭᠰᠠᠨ ᠦᠭᠡᠢ︾ ᠬᠡᠮᠡᠬᠦ  ᠶᠠᠯ᠎ᠠ ᠲᠤᠯᠭᠠᠵᠤ  ᠬᠤᠸᠠᠩ ᠲᠠᠶᠢᠽᠢ  ᠠᠶᠤᠰᠢᠷᠢᠳᠠᠷ᠎ᠠ ᠪᠡᠶ᠎ᠡ ᠪᠠᠷ ᠢᠶᠠᠨ  ᠲᠠᠶᠢᠯᠠᠬᠤ ᠶᠢᠨ  ᠬᠠᠮᠳᠤ ᠬᠦᠭᠡᠳᠡᠮᠦᠷ  ᠎ ᠢ  ᠵᠠᠷᠯᠢᠭᠳᠠᠨ  ᠴᠡᠷᠢᠭ ᠭᠠᠷᠭᠠᠭᠤᠯᠵᠠᠢ᠃ 5 ᠰᠠᠷ᠎ᠠ ᠳᠤ  ᠬᠦᠭᠡᠳᠡᠮᠦᠷ  ᠭᠤᠷᠪᠠᠨ ᠵᠠᠮ ᠤᠨ  ᠬᠤᠷᠢᠨ ᠲᠦᠮᠡᠨ ᠴᠡᠷᠢᠭ ᠲᠤᠮᠢᠯᠠᠨ  ᠪᠤᠯᠤᠳᠡᠮᠦᠷ ᠢ  ᠲᠠᠭᠠᠷᠢᠭᠤᠯᠵᠤ  ᠂  ᠬᠤᠸᠠᠩ ᠲᠠᠶᠢᠽᠢ  ᠲᠠᠶᠢᠳᠤ ᠬᠤᠳᠠᠨ᠎ᠠ ᠡᠭᠡᠵᠠᠢ᠃        7 ᠰᠠᠷ᠎ᠠ ᠳᠤ  ᠬᠦᠭᠡᠳᠡᠮᠦᠷ ᠬᠢᠭᠡᠳ  ᠪᠤᠯᠤᠳᠡᠮᠦᠷ  ᠲᠠᠶᠢᠳᠤ ᠬᠤᠳᠠ  ᠤᠷᠴᠢᠮ ᠶᠡᠭᠡᠯ᠎ᠡ ᠪᠠᠶᠢᠯᠳᠤᠵᠤ  ᠶᠢᠰᠦ  ᠪᠤᠯᠤᠳᠡᠮᠦᠷ ᠲᠤ ᠲᠠᠭᠠᠵᠤ  ᠬᠦᠭᠡᠳᠡᠮᠦᠷ ᠬᠢᠭᠡᠳ  ᠲᠠᠶᠢᠽᠢ ᠶᠢᠨ  ᠴᠡᠷᠢᠭ ᠠᠰᠢᠭ ᠠᠯᠳᠠᠵᠤ   ᠵᠢᠢ ᠨᠢᠩ  ᠵᠦᠭ ᠤᠬᠤᠷᠢᠨ  ᠂ ᠪᠤᠯᠤᠳᠡᠮᠦᠷ ᠵᠢᠩ ᠬᠤᠳᠠᠨ᠎ᠠ ᠤᠷᠤᠵᠠᠢ᠃        8 ᠰᠠᠷ᠎ᠠ ᠳᠤ  ᠶᠤᠸᠠᠨ ᠤ  ᠲᠦᠷᠦ ᠠᠴᠠ  ᠪᠤᠯᠤᠳᠡᠮᠦᠷ ᠢ  ᠪᠠᠷᠠᠭᠤᠨ ᠭᠠᠷᠤᠨ ᠴᠧᠩᠰᠢᠶᠠᠩ  ᠡᠷᠭᠦᠮᠵᠢᠯᠡᠵᠦ  ᠪᠤᠯᠤᠳᠡᠮᠦᠷ ᠵᠠᠰᠠᠭ ᠠᠳᠬᠤᠵᠠᠢ᠃   ᠪᠤᠯᠤᠳᠡᠮᠦᠷ  ᠵᠠᠰᠠᠭ ᠠᠳᠬᠤᠬᠤ  ᠬᠤᠭᠤᠴᠠᠭᠠᠨ ᠳᠠᠭᠠᠨ  ᠨᠢᠭᠡ ᠪᠦᠯᠦᠭ ᠠᠷᠠᠳ ᠲᠦᠮᠡᠨ ᠳᠤ  ᠠᠰᠢᠭᠳᠠᠢ ᠮᠦᠷᠳᠡᠭᠡᠨ   ᠨᠤᠶᠠᠷᠬᠠᠯ  ᠎ ᠤᠨ  ᠲᠢᠭᠯᠢᠮ ᠢᠶᠠᠨ  ᠰᠡᠷᠭᠦᠭᠡᠬᠦ ᠳᠤ ᠠᠰᠢᠭᠳᠠᠢ  ᠲᠦᠷᠦ ᠶᠢᠨ  ᠪᠤᠳᠤᠯᠭ᠎ᠠ ᠲᠤᠭᠳᠠᠭᠠᠵᠠᠢ᠃  ᠭᠡᠳᠡᠯ᠎ᠡ  ᠠᠷᠠᠶᠢᠬᠠᠨ ᠨᠢᠭᠡᠨ ᠤᠨ ᠪᠤᠯᠤᠭᠰᠠᠨ ᠦᠭᠡᠢ ᠵᠠᠰᠠᠭ ᠠᠳᠬᠤᠭᠰᠠᠨ ᠬᠤᠭᠤᠴᠠᠭ᠎ᠠ ᠨᠢ ᠶᠤᠸᠠᠨ ᠤᠯᠤᠰ ᠤᠨ  ᠬᠤᠪᠢ ᠵᠢᠶᠠᠭ᠎ᠠ ᠶᠢ  ᠭᠡᠷᠬᠢᠨ ᠬᠤᠪᠢᠷᠭᠠᠵᠤ ᠴᠢᠳᠠᠬᠤ ᠪᠢᠯᠡ  ᠃        1365 ᠤᠨ  ᠎ ᠤ ᠡᠬᠢ ᠪᠠᠷ  ᠬᠤᠸᠠᠩ ᠲᠠᠶᠢᠽᠢ  ᠠᠶᠤᠰᠢᠷᠢᠳᠠᠷ᠎ᠠ  ᠬᠢᠭᠡᠳ ᠭᠦᠭᠡᠳᠡᠮᠦᠷ  ᠨᠠᠷ ᠲᠠᠬᠢᠨᠳᠠ  ᠪᠤᠯᠤᠳᠡᠮᠦᠷ ᠢ  ᠲᠠᠭᠠᠷᠢᠵᠤ᠂ 4 ᠰᠠᠷ᠎ᠠ ᠳᠤ ᠳ᠋ᠠ ᠲᠦᠩ ᠢ  ᠲᠠᠭᠠᠷᠢᠨ  ᠡᠵᠡᠯᠡᠭᠰᠡᠨ ᠳᠤ ᠪᠤᠯᠤᠳᠡᠮᠦᠷ  ᠶᠢᠰᠦ ᠶᠢ ᠲᠤᠮᠢᠯᠠᠨ   ᠤᠭᠳᠤᠨ ᠪᠠᠶᠢᠯᠳᠤᠭᠤᠯᠤᠭᠰᠠᠨ ᠳᠤ  ᠶᠢᠰᠦ  ᠭᠡᠳᠡᠷᠭᠦᠦ  ᠎ ᠲᠡᠭᠡᠨ  ᠬᠤᠸᠠᠩ ᠲᠠᠶᠢᠽᠢ ᠳᠤ  ᠲᠠᠭᠠᠵᠠᠢ᠃ 7  ᠰᠠᠷ᠎ᠠ ᠳᠤ   ᠶᠤᠸᠠᠨ ᠱᠦᠨ ᠳ᠋ᠢ ᠬᠠᠭᠠᠨ  ᠬᠦᠮᠦᠨ ᠲᠤᠮᠢᠯᠠᠨ  ᠪᠤᠯᠤᠳᠡᠮᠦᠷ  ᠎ ᠢ  ᠬᠤᠤᠷᠯᠠᠵᠠᠢ᠃  
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号