ᠳ᠋ᠠᠪᠠᠨ ᠯᠢᠡᠳᠦ᠋ᠩ ᠯᠢᠡᠰᠢ ᠬᠡᠬᠦ ᠨᠡᠷ᠎ᠡ ᠶᠢᠨ ᠢᠷᠡᠯᠳᠡ
ᠨᠡᠶᠢᠲᠡᠯᠡᠭᠰᠡᠨ ᠴᠠᠭ᠄
2017-05-10
       ᠤᠳᠤᠬᠠᠨ ᠳᠤ ᠨᠠᠮ ᠤᠨ ᠲᠥᠷᠥ ᠶᠢᠨ ᠪᠤᠳᠤᠯᠭ᠎ᠠ ᠭᠥᠡᠵᠡᠬᠡᠶᠢᠷᠡᠵᠥ ᠰᠤᠶᠤᠯ ᠲᠡᠥᠬᠡ ᠶᠢ ᠬᠥᠡᠳᠥᠤᠡᠬᠡᠨ ᠴᠢᠬᠤᠯᠠᠴᠢᠯᠠᠬᠤ ᠤᠬᠠᠮᠰᠠᠷ ᠡᠳᠥᠷ ᠠᠴᠠ ᠡᠳᠥᠷ ᠲᠡᠭᠡᠭᠰᠢᠯᠡᠵᠥ ᠭᠠᠵᠠᠷ ᠨᠤᠳᠤᠭ ᠬᠢᠭᠡᠤᠨ ᠥᠡᠳᠥᠰᠥᠳᠡᠨ ᠶᠠᠰᠤᠳᠠᠨ ᠤ ᠲᠡᠥᠬᠡ ᠴᠠᠳᠢᠭ ᠢ ᠡᠮᠬᠢᠤᠡᠬᠡᠨ ᠴᠤᠭᠯᠠᠭᠤᠯᠬᠤ ᠶᠠᠪᠤᠳᠠᠯ ᠲᠠᠰᠤᠷᠠᠯᠳᠠ ᠥᠭᠡᠢ ᠲᠡᠭᠦᠯᠳᠡᠷᠵᠢᠵᠥ ᠪᠠᠶᠢᠭ᠎ᠠ ᠶᠤᠮ᠃ ᠭᠠᠵᠠᠷ ᠨᠤᠳᠤᠭ ᠤᠨ ᠤᠤᠯ ᠨᠡᠷᠡᠶᠢᠳᠥᠯ ᠢ ᠬᠤᠪᠢᠷᠠᠭᠤᠯᠵᠤ ᠥᠭᠡᠷᠡᠴᠢᠯᠡᠬᠦ ᠪᠤᠯ ᠲᠡᠥᠬᠡ ᠪᠠᠨ ᠤᠮᠠᠷᠳᠠᠬᠤ᠂ ᠲᠡᠥᠬᠡ ᠶᠢ ᠪᠠᠯᠠᠷᠠᠭᠤᠯᠬᠤ ᠲᠡᠷᠡᠴᠢᠯᠡᠨ ᠲᠡᠥᠬᠡ ᠶᠢ ᠭᠠᠵᠢᠭᠤᠳᠠᠭᠤᠯᠵᠤ ᠪᠠᠶᠢᠭ᠎ᠠ ᠶᠠᠪᠤᠳᠠᠯ ᠮᠥᠨ᠃ ᠴᠥᠬᠡᠨ ᠪᠤᠰᠤ ᠬᠥᠮᠥᠰ᠂ ᠤᠡᠴᠠᠭᠠᠶᠢᠯᠠᠨ ᠵᠠᠯᠠᠭᠤᠴᠤᠤᠨ ᠪᠠᠭᠠᠴᠤᠤᠨ ᠮᠠᠨ ᠤ ᠤᠯᠠᠭᠠᠡᠬᠠᠳᠠ ᠬᠤᠳᠠ ᠶᠢᠨ ︽ᠳ᠋ᠠᠪᠠᠨ︾᠂ ︽ᠯᠢᠡᠳᠦ᠋ᠩ︾᠂ ︽ᠯᠢᠡᠰᠢ︾ ᠭᠡᠬᠦ ᠡᠨᠡ ᠭᠤᠷᠪᠠᠨ ᠨᠡᠷ᠎ᠡ ᠶᠢᠨ ᠢᠷᠡᠯᠳᠡ ᠬᠢᠭᠡᠤᠨ ᠤᠤᠠᠬ᠎ᠠ ᠶᠢ ᠮᠡᠳᠡᠬᠦ ᠥᠭᠡᠢ ᠪᠤᠶᠤ ᠠᠳᠡᠭᠦᠦ ᠲᠠᠰᠢᠶ᠎ᠠ ᠤᠶᠢᠯᠠᠭᠠᠵᠤ ᠪᠠᠶᠢᠨ᠎ᠠ᠃ ᠡᠶᠢᠮᠥ ᠳᠤ ᠲᠡᠭᠦᠨ ᠤ ᠢᠷᠡᠯᠳᠡ ᠶᠢ ᠲᠤᠲᠤᠷᠬᠠᠢ ᠮᠡᠳᠡᠵᠥ ᠤᠤᠠᠬ᠎ᠠ ᠶᠢ ᠨᠢ ᠵᠥᠪ ᠤᠶᠢᠯᠠᠭᠠᠵᠤ᠂ ᠨᠡᠷᠡᠶᠢᠳᠥᠯᠭᠡ ᠶᠢ ᠨᠢ ᠪᠥᠷᠢᠨ ᠤᠨᠤᠪᠴᠢᠳᠠᠢ ᠪᠤᠯᠭᠠᠪᠠᠯ ᠵᠤᠬᠢᠨ᠎ᠠ᠃        ᠥᠨᠢ ᠤᠳᠠᠭᠠᠨ ᠲᠡᠥᠬᠡ ᠲᠠᠢ ᠪᠠᠭᠠᠷᠢᠨ ᠠᠶᠢᠮᠠᠭ ᠨᠢ ᠰᠢᠷ᠎ᠠ ᠮᠥᠷᠡᠨ ᠤ ᠲᠤᠮᠳᠠᠳᠤ ᠤᠷᠤᠰᠬᠠᠯ ᠤᠨ ᠬᠤᠶᠢᠳᠤ ᠡᠷᠬᠢ ᠲᠠᠭᠠᠥ ᠥᠷᠭᠡᠨ ᠠᠭᠤᠳᠠᠮ ᠥᠩ ᠰᠢᠮᠡᠯᠢᠭ ᠭᠠᠵᠠᠷ ᠨᠤᠳᠤᠭ ᠲᠤ ᠤᠷᠳᠤ ᠤᠳᠠᠭᠠᠨ ᠤᠨ ᠵᠢᠯ ᠨᠤᠳᠤᠭᠯᠠᠨ ᠤᠷᠤᠰᠢᠵᠤ᠂ ᠲᠡᠨᠢᠭᠡᠷ ᠠᠭᠤᠳᠠᠮ ᠪᠡᠯᠴᠢᠬᠡᠷ ᠲᠡᠭᠡᠨ ᠲᠡᠨᠢᠭᠦᠬᠡᠨ ᠮᠠᠯᠵᠢᠭᠰᠠᠨ ᠲᠡᠥᠬᠡ ᠶᠢᠨ ᠤᠷᠳᠤ ᠠᠶᠠᠨ ᠳᠠᠭᠠᠨ ᠪᠠᠰᠠ ᠨᠠᠷᠢᠨ ᠪᠤᠲᠤᠯᠢᠶᠠᠡᠳᠠᠢ ᠪᠥᠭᠡᠤᠨ ᠤᠷᠤᠭ᠎ᠠ ᠪᠤᠰᠬᠠᠭ᠎ᠠ ᠶᠠᠪᠤᠴᠠ ᠶᠢ ᠲᠤᠭᠤᠯᠵᠤ᠂ ᠤᠷᠢᠤᠨ ᠬᠤᠵᠢᠤᠨ ᠬᠤᠶᠠᠷ ᠤᠳᠠᠭ᠎ᠠ ᠬᠡᠰᠡᠭᠯᠡᠭᠳᠡᠨ ᠰᠠᠯᠭᠠᠭᠳᠠᠵᠤ ᠬᠤᠶᠠᠷ ᠬᠤᠰᠢᠭᠤ ᠨᠢᠭᠡ ᠰᠢᠶᠠᠨ ᠪᠤᠯᠵᠤ ᠪᠥᠷᠢᠯᠳᠥᠨ ᠲᠤᠭᠳᠠᠵᠤ ᠪᠢᠯᠡ᠃ ᠠᠩᠬᠠᠳᠤᠭᠠᠷ ᠤᠳᠠᠭ᠎ᠠ ᠨᠢ ᠵᠡᠭᠦᠨ ᠬᠤᠶᠢᠳᠤ ᠤᠷᠤᠨ ᠳᠤ ᠰᠠᠶ᠋ᠢ ᠨᠢᠭᠡᠳᠥᠨ ᠬᠥᠴᠥᠷᠬᠡᠭᠵᠢᠭᠰᠡᠨ ᠮᠠᠡᠵᠤ ᠴᠢᠩ ︵ᠬᠤᠶᠢᠳᠤ ᠠᠯᠳᠠᠨ ᠤᠯᠤᠰ︶᠎ ᠠᠴᠠ ᠮᠤᠩᠭᠤᠯ ᠤᠨ ᠨᠡᠶᠢᠭᠡᠮ ᠤᠨ ᠲᠠᠷᠠᠬᠠᠢ ᠪᠤᠲᠠᠷᠬᠠᠢ ᠴᠠᠭ ᠥᠶ᠎ᠡ ᠶᠢᠨ ᠪᠠᠶᠢᠳᠠᠯ ᠢ ᠵᠠᠪᠰᠢᠵᠤ᠂ ᠬᠥᠴᠥᠨ ᠢᠶᠠᠷ ᠲᠠᠷᠤᠯᠳᠠ ᠥᠵᠡᠭᠦᠯᠬᠦ᠂ ᠤᠷᠤᠭ ᠬᠤᠯᠪᠤᠭ᠎ᠠ ᠬᠢᠬᠦ᠂ ᠡᠳ᠋ ᠠᠰᠢᠭ ᠢᠶᠠᠷ ᠲᠠᠳᠠᠬᠤ ᠵᠡᠷᠭᠡ ᠡᠯᠳᠡᠪ ᠤᠨ ᠠᠷᠭ᠎ᠠ ᠶᠢ ᠰᠤᠯᠪᠢᠴᠠᠭᠤᠯᠤᠨ ᠬᠡᠷᠡᠭᠯᠡᠭᠰᠡᠨ ᠢᠶᠠᠷ 1628 ᠤᠨ ᠳᠤ ᠪᠠᠭᠠᠷᠢᠨ ᠠᠶᠢᠮᠠᠭ ᠢ ᠲᠠᠭᠠᠭᠤᠯᠤᠨ ᠠᠪᠴᠠᠢ᠃ ᠮᠠᠡᠵᠤ ᠪᠠᠭᠠᠷᠢᠨ ᠠᠶᠢᠮᠠᠭ ᠢ ᠡᠷᠬᠡᠰᠢᠶᠡᠯ ᠳᠡᠭᠡᠨ ᠤᠷᠤᠭᠤᠯᠤᠭᠰᠠᠨ ᠤ ᠲᠠᠷᠠᠭ᠎ᠠ 1634 ᠤᠨ ᠳᠤ ᠪᠠᠭᠠᠷᠢᠨ ᠠᠶᠢᠮᠠᠭ ᠤᠨ ᠲᠥᠷᠪᠡᠨ ᠵᠠᠬ᠎ᠠ ᠨᠠᠢᠮᠠᠨ ᠬᠢᠵᠠᠭᠠᠷ ᠢ ᠵᠠᠭᠠᠭᠯᠠᠨ ᠲᠤᠭᠳᠠᠭᠠᠬᠤ ᠶᠢᠨ ᠵᠡᠷᠭᠡ ᠪᠠᠭᠠᠷᠢᠨ ᠠᠶᠢᠮᠠᠭ ᠢ ᠪᠠᠷᠠᠭᠤᠨ ᠵᠡᠭᠦᠨ ᠭᠠᠷᠤᠨ ᠬᠤᠶᠠᠷ ᠬᠤᠰᠢᠭᠤ ᠪᠤᠯᠭᠠᠨ ᠬᠤᠪᠢᠶᠠᠵᠤ᠂ ᠪᠠᠭᠠᠷᠢᠨ ᠠᠶᠢᠮᠠᠭ ᠤᠨ ᠲᠥᠷᠥᠭᠦᠥ ᠰᠧᠳᠡᠷ ᠤᠨ ᠬᠥᠪᠡᠭᠦᠨ ᠰᠡᠪᠳᠡᠨ ᠢ ᠪᠠᠭᠠᠷᠢᠨ ᠪᠠᠷᠠᠭᠤᠨ ᠭᠠᠷᠤᠨ ᠬᠤᠰᠢᠭᠤᠨ ᠤ ᠵᠠᠰᠠᠭ᠂ ᠠᠴᠢ ᠬᠥᠪᠡᠭᠦᠨ ᠮᠠᠡᠽᠤᠰᠢᠷᠢ ᠶᠢ ᠪᠠᠭᠠᠷᠢᠨ ᠵᠡᠭᠦᠨ ᠭᠠᠷᠤᠨ ᠬᠤᠰᠢᠭᠤᠨ ᠤ ᠵᠠᠰᠠᠭ ᠢᠶᠠᠷ ᠲᠤᠰ ᠲᠤᠰ ᠡᠷᠭᠦᠮᠵᠢᠯᠡᠵᠥ ᠲᠡᠥᠬᠡᠨ᠎ᠡ ᠪᠠᠭᠠᠷᠢᠨ ᠪᠠᠷᠠᠭᠤᠨ ᠭᠠᠷᠤᠨ ᠬᠤᠰᠢᠭᠤ᠂ ᠪᠠᠭᠠᠷᠢᠨ ᠵᠡᠭᠦᠨ ᠭᠠᠷᠤᠨ ᠬᠤᠰᠢᠭᠤ ᠪᠤᠯᠭᠠᠪᠠ᠃ ᠪᠠᠭᠠᠷᠢᠨ ᠠᠶᠢᠮᠠᠭ ᠮᠠᠡᠵᠤ ᠳᠤ ᠤᠷᠤᠵᠤ ᠥᠭᠭᠦᠭᠰᠡᠨ ᠤ ᠲᠠᠷᠠᠭ᠎ᠠ ᠪᠠᠭᠠᠷᠢᠨ ᠪᠠᠷᠠᠭᠤᠨ ᠭᠠᠷᠤᠨ ᠬᠤᠰᠢᠭᠤᠨ ᠤ ᠤᠤᠭᠠᠨ ᠵᠠᠰᠠᠭ ᠰᠧᠪᠳᠡᠨ ᠴᠢᠩ ᠤᠯᠤᠰ ᠢ ᠲᠠᠭᠠᠯᠳᠤᠨ ᠴᠠᠬᠠᠷ ᠤᠨ ᠯᠢᠭᠳᠡᠨ ᠬᠠᠭᠠᠨ ᠢ ᠭᠡᠳᠡᠷᠬᠦ ᠴᠤᠬᠢᠬᠤ᠂ ᠰᠥᠨᠢᠤᠨ ᠤᠨ ᠲᠠᠩᠬᠢᠰ ᠸᠠᠩ ᠢ ᠨᠡᠬᠡᠮᠵᠢᠯᠡᠨ ᠴᠤᠬᠢᠬᠤ᠂ ᠮᠢᠩ ᠤᠯᠤᠰ ᠤᠨ ᠱᠠᠡᠳᠦ᠋ᠩ ᠢ ᠲᠤᠭᠳᠠᠭᠠᠨ ᠬᠡᠮᠡᠷᠯᠢᠭ ᠵᠸᠥ ᠰᠥᠩ ᠱᠠᠨ ᠢ ᠲᠠᠶᠢᠯᠠᠭᠠᠤᠨ ᠤᠳᠠᠭ᠎ᠠ ᠲᠠᠷᠠᠭ᠎ᠠ ᠪᠠᠷ ᠭᠠᠪᠢᠶ᠎ᠠ ᠪᠥᠳᠥᠭᠡᠭᠰᠡᠨ ᠢᠶᠠᠷ ᠮᠠᠡᠵᠤ ᠶᠢᠨ ᠨᠤᠶᠠᠷᠬᠠᠭᠴᠢᠤᠨ ᠤᠨ ᠰᠡᠤᠡᠬᠢᠯ ᠢ ᠤᠯᠵᠠᠢ᠃ ᠢᠩᠬᠢᠭᠰᠡᠨ ᠢᠶᠠᠷ ᠴᠢᠩ ᠤᠯᠤᠰ ᠤᠨ ᠡᠶᠡᠪᠡᠷ ᠵᠠᠰᠠᠭᠴᠢ ᠶᠢᠨ ᠲᠠᠪᠤᠳᠤᠭᠠᠷ ᠤᠨ ᠳᠤ ᠪᠠᠭᠠᠷᠢᠨ ᠪᠠᠷᠠᠭᠤᠨ ᠭᠠᠷᠤᠨ ᠬᠤᠰᠢᠭᠤᠨ ᠤ ᠤᠤᠭᠠᠨ ᠵᠠᠰᠠᠭ ᠰᠧᠪᠳᠡᠨ ᠢ ᠤᠯᠤᠰ ᠲᠤᠷ ᠲᠤᠰᠠᠯᠠᠭᠴᠢ ᠭᠥᠩ ᠡᠷᠭᠦᠮᠵᠢᠯᠡᠭᠰᠡᠨ ᠤ ᠬᠠᠮᠳᠥ ᠴᠢᠩ ᠤᠯᠤᠰ ᠤᠨ ᠱᠢᠽᠥ ᠬᠠᠭᠠᠨ ᠠᠶᠢᠱᠦ᠋ᠨ ᠬᠢᠤᠷᠤ ᠹᠥ᠋ ᠯᠢᠨ ᠤ ᠲᠥᠷᠥᠭᠰᠡᠨ ᠡᠭᠡᠴᠢ ᠰᠡᠴᠡᠨ ᠲᠡᠭᠡᠳᠥ ᠭᠥᠷᠥᠨ ᠭᠥᠩᠵᠥ ᠶᠢ ᠥᠭᠴᠦ ᠲᠠᠯᠠᠨ ᠬᠤᠶᠠᠷ ᠡᠭᠦᠳᠡᠨ ᠤ ᠤᠷᠠᠨ ᠲᠠᠷᠬᠠᠤᠨ ᠢᠶᠠᠷ ᠪᠥᠷᠢᠯᠳᠥᠭᠰᠡᠨ 300 ᠡᠷᠥᠬᠡ ᠢᠡᠵᠢ ᠮᠠᠡᠵᠤ ᠶᠢ ᠲᠠᠭᠠᠭᠤᠯᠤᠨ ᠢᠷᠡᠭᠦᠯᠥᠭᠰᠡᠨ ᠪᠠᠶᠢᠨ᠎ᠠ᠃ ᠲᠡᠷᠡ ᠴᠠᠭ ᠠᠴᠠ ᠡᠬᠢᠯᠡᠨ ᠮᠤᠩᠭᠤᠯ ᠬᠡᠷ ᠲᠤ ᠰᠠᠭᠤᠵᠤ ᠨᠡᠭᠦᠳᠡᠯᠯᠡᠨ ᠮᠠᠯᠵᠢᠳᠠᠭ ᠪᠠᠭᠠᠷᠢᠨ ᠨᠤᠳᠤᠭ ᠲᠤ ᠮᠤᠳᠤ ᠴᠢᠯᠠᠭᠤ ᠤᠭᠳᠤᠯᠤᠨ ᠸᠠᠭᠠᠷ ᠲᠤᠭᠤᠰᠬ᠎ᠠ ᠰᠢᠳᠠᠭᠠᠨ᠂ ᠸᠠᠩ ᠤᠨ ᠤᠷᠳᠤ ᠪᠠᠶᠢᠰᠢᠩ ᠪᠠᠶᠢᠭᠤᠯᠵᠤ ᠡᠬᠢᠯᠡᠵᠠᠢ᠃ ᠲᠠᠷᠠᠭ᠎ᠠ ᠨᠢ ᠥᠷᠭᠦᠨ ᠸᠠᠩ ᠳᠤ ᠮᠤᠷᠳᠠᠭᠤᠯᠤᠨ ᠥᠭᠭᠦᠭᠰᠡᠨ ᠥᠯᠡᠮᠵᠢ ᠬᠡᠮᠵᠢᠶᠡᠳᠥ ᠭᠥᠷᠥᠨ ᠭᠥᠩᠵᠥ 240 ᠡᠷᠥᠬᠡ ᠢᠡᠵᠢ ᠮᠠᠡᠵᠤ ᠶᠢ ᠲᠠᠭᠠᠭᠤᠯᠤᠨ ᠸᠠᠩ ᠤᠨ ᠤᠷᠳᠤᠨ ᠳᠤ ᠢᠷᠡᠭᠰᠡᠨ ᠪᠠ ᠪᠠᠷᠠᠭᠤᠨ ᠬᠥᠬᠡ ᠬᠡᠷ ᠰᠥᠮ᠎ᠡ ︵ᠲᠡᠭᠦᠰ ᠪᠥᠷᠢᠤᠡᠬᠡᠯᠳᠥ ᠰᠥᠮ᠎ᠡ︶᠂ ᠵᠡᠭᠦᠨ ᠬᠥᠬᠡ ᠬᠡᠷ ᠰᠥᠮ᠎ᠡ ︵ᠪᠤᠶᠠᠨ ᠴᠤᠭᠯᠠᠭᠤᠯᠤᠭᠴᠢ ᠰᠥᠮ᠎ᠡ︶᠂ ᠡᠩᠬᠡ ᠠᠮᠤᠭᠤᠯᠠᠩ ᠬᠠᠭᠠᠨ ᠤ ᠠᠶᠠᠯᠠᠯ ᠤᠨ ᠪᠠᠭᠤᠴᠠ ᠤᠷᠳᠤᠨ ᠵᠡᠷᠭᠡ ᠨᠢ ᠤᠷᠢᠤᠨ ᠬᠤᠵᠢᠤᠨ ᠵᠠᠯᠭᠠᠪᠠᠷ ᠪᠠᠶᠢᠭᠤᠯᠤᠭᠳᠠᠭᠰᠠᠨ ᠲᠤᠯᠠ ᠵᠢᠯ ᠠᠴᠠ ᠵᠢᠯ ᠪᠠᠶᠢᠰᠢᠩ ᠬᠡᠷ ᠤᠯᠠᠰᠢᠷᠠᠭᠠᠤᠨ ᠶᠡᠭᠡ ᠪᠠᠶᠢᠰᠢᠩ ᠢ ᠲᠤᠳᠤᠷ᠎ᠠ ᠨᠢ ᠪᠠᠰᠠ ᠲᠡᠭᠡᠷ᠎ᠡ ᠪᠠᠶᠢᠰᠢᠩ᠂ ᠲᠤᠮᠳᠠ ᠪᠠᠶᠢᠰᠢᠩ᠂ ᠲᠤᠤᠷ᠎ᠠ ᠪᠠᠶᠢᠰᠢᠩ ᠭᠡᠵᠥ ᠢᠯᠭᠠᠨ ᠬᠡᠯᠡᠳᠡᠭ ᠪᠠ ᠤᠷᠳᠥ ᠬᠠᠷᠰᠢ ᠨᠢ ᠪᠡᠭᠡᠵᠢᠩ ᠮᠠᠶ᠋ᠢᠭ ᠤᠨ ᠪᠠᠶᠢᠰᠢᠩ ᠤᠳ ᠪᠠᠶᠢᠵᠠᠢ᠃ ᠸᠠᠭᠠᠷ ᠤᠨ ᠪᠠᠶᠢᠰᠢᠩ ᠠᠴᠠ ᠭᠠᠳᠠᠨ᠎ᠠ ᠰᠢᠪᠠᠷ ᠪᠠᠶᠢᠰᠢᠩ ᠴᠦ ᠤᠯᠠᠨ ᠪᠤᠯᠤᠭᠰᠠᠨ ᠭᠡᠳᠡᠭ᠃ ᠲᠠᠯ᠎ᠠ ᠨᠤᠳᠤᠭ ᠲᠤ ᠲᠡᠶᠢᠡᠬᠦ ᠠᠩᠬᠠᠨ ᠤ ᠪᠠᠶᠢᠰᠢᠩ ᠮᠡᠡᠳᠥᠯᠡᠵᠥ ᠢᠳᠡᠭ ᠢᠳᠡᠭ ᠢᠶᠠᠷ ᠴᠥᠬᠡᠨ ᠠᠴᠠ ᠠᠷᠪᠢᠨ ᠪᠤᠯᠤᠭᠰᠠᠨ᠎ᠠ ᠠᠶᠠᠡᠳᠠᠭᠠᠨ ︽ᠪᠠᠶᠢᠰᠢᠩ︾᠂ ︽ᠶᠡᠭᠡ ᠪᠠᠶᠢᠰᠢᠩ︾ ᠬᠡᠬᠦ ᠨᠡᠷ᠎ᠡ ᠪᠥᠷᠢᠯᠳᠥᠨ ᠲᠥᠯᠥᠪᠰᠢᠷᠡᠵᠥ ︽ᠶᠡᠭᠡ ᠪᠠᠶᠢᠰᠢᠩ︾ ᠬᠡᠬᠦ ᠰᠠᠶᠢᠬᠠᠨ ᠨᠡᠷ᠎ᠡ ᠲᠡᠥᠬᠡ ᠶᠢᠨ ᠬᠠᠭᠤᠳᠠᠰᠤᠨ᠎ᠠ ᠮᠥᠩᠬᠡ ᠲᠡᠮᠳᠡᠭᠯᠡᠭᠳᠡᠵᠥ ᠤᠳᠤ ᠪᠤᠯᠳᠠᠯ᠎ᠠ ᠪᠠᠭᠠᠷᠢᠨ ᠬᠥᠮᠥᠰ ︽ᠪᠠᠶᠢᠰᠢᠩ︾ ᠭᠡᠵᠥ ᠯᠠ ᠨᠡᠷᠡᠯᠡᠵᠥ ᠪᠠᠶᠢᠪᠠ᠃ ᠴᠢᠯᠥᠭᠡᠯᠡᠭᠳᠡᠭᠰᠡᠨ ᠤ ᠲᠠᠷᠠᠭ᠎ᠠ ᠶᠡᠭᠡ ᠪᠠᠶᠢᠰᠢᠩ ᠳᠤ ᠴᠥᠭᠡᠪᠥᠷᠢ ᠬᠢᠳᠠᠤᠨ ᠬᠥᠮᠥᠨ ᠪᠠ ᠠᠷᠠᠯᠵᠢᠶᠠᠴᠢᠨ ᠨᠡᠮᠡᠭᠳᠡᠵᠥ ᠬᠥᠭᠵᠢᠨ ᠪᠠᠳᠠᠷᠠᠭᠰᠠᠨ ᠤ ᠨᠥᠯᠥᠭᠡ ᠪᠠᠷ ᠮᠤᠩᠭᠤᠯ ᠨᠡᠷ᠎ᠡ ᠶᠢ ᠬᠢᠳᠠᠤᠨ ᠢᠶᠠᠷ ᠤᠷᠴᠢᠭᠤᠯᠤᠨ ︽ᠳ᠋ᠠᠪᠠᠨ︾ ᠭᠡᠵᠥ ᠬᠠᠶᠠ ᠬᠠᠶᠠ ᠬᠡᠯᠡᠳᠡᠭ ᠪᠤᠯᠵᠠᠢ᠃ ᠬᠥᠬᠡ ᠥᠩᠭᠡᠳᠠᠢ ᠸᠠᠭᠠᠷ ᠲᠤᠭᠤᠰᠬ᠎ᠠ ᠶᠢᠨ ᠬᠡᠷ ᠪᠠᠶᠢᠰᠢᠩ ᠠᠷᠪᠢᠲᠤᠭᠰᠠᠨ ᠪᠤᠯᠬᠤᠷ ᠵᠠᠷᠢᠮ ᠨᠢ ᠪᠠᠰᠠ ︽ᠬᠥᠬᠡ ᠬᠡᠷ︾ ᠭᠡᠵᠥ ᠨᠡᠷᠡᠯᠡᠳᠡᠭ ᠮᠥᠷᠳᠡᠭᠡᠨ ᠵᠠᠷᠢᠮ ᠨᠢ ᠨᠢᠭᠡᠨ ᠥᠶ᠎ᠡ ︵ᠬᠠᠭᠤᠷᠮᠠᠭ ᠮᠠᠡᠵᠤ ᠶᠢᠨ ᠥᠶ᠎ᠡ︶ ︽ᠳ᠋ᠠ ᠪᠠᠨᠱᠠᠩ︾ ︵大板上︶ ᠭᠡᠵᠥ ᠬᠢᠳᠠᠤᠡᠴᠢᠯᠠᠨ ᠬᠡᠯᠡᠳᠡᠭ᠃ ᠲᠡᠷᠡᠬᠦ ︽ᠳ᠋ᠠ︾ ︵大︶ ᠭᠡᠳᠡᠭ ᠨᠢ ᠶᠡᠭᠡ ᠭᠡᠰᠡᠨ ᠤᠤᠠᠬ᠎ᠠ ᠲᠠᠢ ᠥᠭᠡ᠂ ︽ᠪᠠᠨᠱᠠᠩ︾ ︵板上︶ ᠭᠡᠳᠡᠭ ᠨᠢ ︽ᠪᠠᠶᠢᠰᠢᠩ︾ ᠭᠡᠳᠡᠭ ᠥᠭᠡ ᠶᠢ ᠲᠠᠭᠤᠷᠢᠶᠠᠨ ᠬᠡᠯᠡᠭᠰᠡᠨ ᠬᠢᠳᠠᠤᠡ ᠥᠭᠡ ᠪᠤᠯᠤᠨ᠎ᠠ᠃ ᠥᠯᠢᠭᠡᠷ ᠲᠠᠢ ᠡᠪᠯᠢᠭᠬᠡᠨ ᠮᠤᠩᠭᠤᠯ ᠨᠡᠷᠡᠶᠢᠳᠥᠯ ᠨᠢ ᠢᠩᠬᠢᠵᠥ ᠲᠠᠮᠵᠢᠭᠳᠠᠨ ᠬᠤᠪᠢᠷᠠᠭᠰᠠᠨ ᠮᠥᠷᠳᠡᠭᠡᠨ ᠬᠤᠵᠢᠮ ᠨᠢ ᠡᠨᠡ ᠨᠡᠷᠡᠶᠢᠳᠥᠯ ᠤᠨ ᠨᠥᠯᠥᠭᠡ ᠪᠠᠷ ᠪᠠᠰᠠ ᠰᠤᠮᠤᠨ ᠤ ᠬᠡᠪᠴᠢᠶᠡᠨ ᠳᠤ ᠠᠳᠡ ᠲᠡᠡᠳᠡ ᠪᠠᠶᠢᠰᠢᠩ ᠬᠡᠷ ᠪᠤᠢ ᠪᠤᠯᠤᠭᠰᠠᠨ ᠳᠤ ︽ᠯᠤᠤᠳᠤᠪᠠᠨ︾ ︵ᠯᠤᠤᠳᠤ ᠪᠠᠶᠢᠰᠢᠩ︶᠂ ︽ᠲᠠᠪᠤᠡᠪᠠᠨ︾ ︵ᠲᠠᠪᠤᠨ ᠪᠠᠶᠢᠰᠢᠩ︶᠂ ︽ᠲᠤᠯᠤᠭᠠᠡᠪᠠᠨ︾ ︵ᠲᠤᠯᠤᠭᠠᠨ ᠪᠠᠶᠢᠰᠢᠩ︶ ᠬᠡᠬᠦ ᠪᠠ ᠶᠡᠭᠡ ᠪᠠᠶᠢᠰᠢᠩ ᠤᠨ ᠵᠡᠭᠦᠡᠳᠠᠢ ︽ᠲᠠᠯᠠᠪᠠᠨ︾ ︵ᠲᠠᠯ᠎ᠠ ᠶᠢᠨ ᠪᠠᠶᠢᠰᠢᠩ︶ ᠭᠡᠵᠥ ᠬᠢᠳᠠᠤᠨ ᠮᠤᠩᠭᠤᠯ ᠢᠶᠠᠷ ᠬᠤᠯᠢᠯᠳᠤᠭᠤᠯᠤᠨ ᠬᠡᠯᠡᠬᠦ ᠨᠡᠷ᠎ᠡ ᠲᠡᠯᠭᠡᠷᠡᠭᠡᠤᠨ ᠤᠳᠤ ᠪᠤᠯᠳᠠᠯ᠎ᠠ ᠨᠡᠷᠡᠯᠡᠭᠰᠡᠭᠡᠷ ᠪᠤᠢ᠃ ᠭᠡᠪᠡᠴᠥ ᠶᠡᠷᠥ ᠨᠢ ︽ᠬᠥᠬᠡ ᠭᠡᠷ︾᠂ ︽ᠳ᠋ᠠᠪᠠᠨᠱᠠᠩ︾᠂ ︽ᠳ᠋ᠠᠪᠠᠨ︾ ᠵᠡᠷᠭᠡ ᠨᠢ ᠴᠥᠮ ᠲᠠᠭᠠᠯᠳᠠ ᠨᠡᠷ᠎ᠡ ᠲᠡᠳᠥᠢ ᠪᠠᠶᠢᠵᠤ᠂ ᠬᠠᠰᠢᠯᠠ ︽ᠶᠡᠭᠡ ᠪᠠᠶᠢᠰᠢᠩ︾᠎ ᠨᠢ ᠤᠳᠤ ᠪᠤᠯᠳᠠᠯ᠎ᠠ ᠥᠷᠭᠦᠯᠵᠢᠯᠡᠭᠰᠡᠨ ᠭᠤᠤᠯ ᠨᠡᠷ᠎ᠡ ᠨᠢ ᠮᠥᠨ᠃ ︽ᠪᠠᠶᠢᠰᠢᠩ︾᠂ ︽ᠶᠡᠭᠡ ᠪᠠᠶᠢᠰᠢᠩ︾ ᠭᠡᠬᠦ ᠨᠡᠷ᠎ᠡ ᠶᠢ ᠪᠠᠭᠠᠷᠢᠨ ᠮᠤᠩᠭᠤᠯᠴᠤᠤᠨ ᠪᠠᠶᠢᠳᠤᠭᠠᠢ ᠪᠠᠭᠠᠷᠢᠨ ᠳᠤ ᠤᠳᠠᠭᠠᠨ ᠨᠤᠳᠤᠭᠰᠢᠭᠰᠠᠨ ᠬᠢᠳᠠᠤᠨ ᠤᠳ ᠴᠦ ᠤᠳᠤ ᠪᠤᠯᠳᠠᠯ᠎ᠠ ᠶᠠᠷᠢᠭᠰᠠᠭᠠᠷ ᠶᠤᠮ᠃ ᠤᠳᠤ ᠵᠠᠷᠢᠮ ᠬᠤᠰᠢᠭᠤᠨ ᠤ ᠬᠢᠨ ᠲᠤᠬᠠᠶᠢᠯᠠᠪᠠᠯ ᠠᠷᠤ ᠬᠤᠷᠴᠢᠨ ᠤ ᠬᠢᠨ ︽ᠴᠢᠪᠠᠭ᠎ᠠ︾᠂ ︽ᠲᠢᠶᠠᠡᠱᠠᠨ︾ ᠭᠡᠵᠥ᠂ ᠬᠡᠰᠢᠭᠳᠡᠨ ᠤ ᠬᠢᠨ ︽ᠪᠢᠷᠠᠭᠤ︾᠂ ︽ᠵᠢᠩᠫᠧᠩ︾ ᠭᠡᠵᠥ᠂ ᠤᠩᠨᠢᠭᠤᠤᠨ ᠤᠨ ᠬᠢᠨ ︽ᠪᠤᠷᠤᠬᠤᠳᠠ︾᠂ ︽ᠡᠥ ᠳ᠋ᠠᠨ︾ ᠭᠡᠵᠥ ᠮᠤᠩᠭᠤᠯ ᠬᠢᠳᠠᠤᠨ ᠬᠤᠶᠠᠷ ᠵᠥᠢᠯ ᠤᠨ ᠨᠡᠷᠡᠶᠢᠳᠥᠯ ᠢ ᠵᠡᠷᠭᠡᠪᠠᠷ ᠬᠡᠷᠡᠭᠯᠡᠵᠥ ᠪᠠᠶᠢᠳᠠᠭ᠃ ᠲᠡᠭᠡᠭᠡᠳ ᠬᠢᠲᠠᠳ ᠮᠤᠩᠭᠤᠯ ᠬᠤᠶᠠᠷ ᠨᠡᠷᠡᠶᠢᠳᠦᠯ ᠳᠠᠭᠤᠳᠠᠯᠭ᠎ᠠ ᠬᠤᠯᠢᠯᠳᠤᠨ ᠬᠤᠯᠢᠯᠳᠤᠭᠰᠠᠭᠠᠷ ᠤᠨ ᠤᠳᠠᠭᠠᠳ ᠬᠤᠵᠢᠮ ᠤᠨ ᠬᠦᠮᠦᠰ ᠲᠤ ᠤᠢᠢᠯᠠᠭᠠᠭᠳᠠᠬᠤᠶ᠎ᠠ ᠪᠡᠷᠭᠡ ᠪᠤᠯᠤᠭᠰᠠᠨ ᠪᠠᠶᠢᠵᠠᠢ᠃         ᠪᠠᠭᠠᠷᠢᠨ ᠢ ᠲᠠᠬᠢᠨᠳᠠ ᠬᠡᠰᠡᠭᠯᠡᠨ ᠰᠠᠯᠭᠠᠭᠰᠠᠨ ᠬᠤᠶᠠᠳᠤᠭᠠᠷ ᠤᠳᠠᠭ᠎ᠠ ᠨᠢ ᠴᠢᠩ ᠣᠯᠤᠰ ᠤᠨ ᠡᠴᠥᠰ ᠲᠤᠮᠳᠠᠳᠤ ᠢᠷᠭᠡᠨ ᠤᠯᠤᠰ ᠤᠨ ᠡᠬᠢᠨ ᠤ ᠥᠶ᠎ᠡ ︵1905 - 1915 ᠤᠨ︶ ᠪᠤᠯᠤᠨ᠎ᠠ᠃ ᠮᠠᠡᠵᠤ ᠴᠢᠩ ᠤᠯᠤᠰ ᠂ ᠤᠯᠤᠰ ᠲᠥᠷᠥ ᠶᠢᠨ ᠲᠠᠯ᠎ᠠ ᠪᠠᠷ ᠢᠯᠵᠡᠷᠠᠨ ᠠᠵᠤ ᠠᠬᠤᠢ ᠶᠢᠨ ᠲᠠᠯ᠎ᠠ ᠪᠠᠷ ᠬᠥᠴᠢᠷᠳᠡᠵᠥ ᠪᠥᠬᠦ ᠲᠠᠯ᠎ᠠ ᠪᠠᠷ ᠲᠤᠷᠦ᠋ᠢᠳᠠᠬᠤ ᠶᠢᠨ ᠲᠦᠢᠯ ᠳᠤ ᠲᠤᠯᠵᠤ᠂ ᠲᠤᠯᠭᠤᠷ ᠲᠥᠷᠥ ᠨᠢ ᠥᠷᠯᠥᠭᠡ ᠥᠳᠡᠰᠢ ᠶᠢᠨ ᠬᠤᠭᠤᠷᠤᠡᠳᠤ ᠪᠤᠯᠬᠤ ᠳᠠᠭᠠᠨ ᠠᠩᠬᠠᠨ ᠤ ᠲᠡᠷᠡᠬᠦ ᠮᠤᠩᠭᠤᠯ ᠤᠷᠤᠨ ᠢ ᠨᠡᠭᠡᠭᠡᠬᠦ ᠥᠭᠡᠢ᠂ ᠭᠠᠷᠭᠠᠬᠤ ᠥᠭᠡᠢ ᠭᠡᠰᠡᠨ ᠠᠷᠭ᠎ᠠ ᠪᠤᠳᠤᠯᠭ᠎ᠠ ᠪᠠᠨ ᠥᠭᠡᠷᠡᠴᠢᠯᠡᠭᠰᠡᠨ ᠪᠠ ᠥᠷᠢ ᠰᠢᠷᠢ ᠳᠤ ᠥᠡᠳᠡᠶᠢᠬᠦ ᠶᠢᠨ ᠠᠷᠭ᠎ᠠ ᠥᠭᠡᠢ ᠲᠠᠷᠤᠭᠳᠠᠭᠰᠠᠨ ᠪᠠᠭᠠᠷᠢᠨ ᠪᠠᠷᠠᠭᠤᠨ ᠬᠤᠰᠢᠭᠤᠨ ᠤ ︵ᠵᠠᠭᠠᠷ ᠸᠠᠩ ᠢ ᠪᠠᠭᠳᠠᠭᠠᠭᠰᠠᠨ︶ ᠸᠠᠩ ᠨᠤᠶᠠᠤᠨ᠂ ᠡᠶᠡᠯᠳᠥᠨ ᠲᠠᠭᠠᠬᠤ ᠠᠷᠭ᠎ᠠ ᠶᠢ ᠠᠪᠴᠤ᠂ ᠥᠷᠢ ᠲᠥᠯᠥᠭᠡᠰᠥ ᠠᠴᠠ ᠪᠠᠨ ᠮᠤᠯᠳᠤᠷᠠᠬᠤ ᠶᠢᠨ ᠲᠥᠯᠥᠭᠡ ᠬᠤᠰᠢᠭᠤᠨ ᠤ ᠪᠠᠨ ᠪᠠᠷᠠᠭᠤᠨ ᠬᠡᠰᠡᠭ ᠤᠨ ᠠᠳᠤᠭᠤᠨ ᠰᠢᠯᠢ ᠶᠢᠨ ᠵᠤ ᠵᠡᠷᠭᠡ ᠤᠬᠢ ᠰᠢᠯᠢᠳᠡᠭ ᠪᠡᠯᠴᠢᠭᠡᠷ ᠨᠤᠳᠤᠭ ᠢ ᠠᠳᠠᠷ ᠬᠠᠭᠠᠯᠪᠤᠷᠢᠯᠠᠭᠰᠠᠤᠨ ᠲᠤ ᠬᠤᠳᠠᠯᠳᠤᠨ ᠥᠭᠭᠦᠭᠰᠡᠨ ᠠᠴᠠ ᠥᠶ᠎ᠡ ᠶᠢᠨ ᠥᠶ᠎ᠡ ᠳᠤ ᠠᠳᠡ ᠠᠮᠢᠳᠤᠷᠠᠵᠤ ᠪᠠᠶᠢᠭᠰᠠᠨ ᠮᠠᠯᠴᠢᠤᠨ ᠢ ᠠᠳᠠᠷ ᠬᠠᠭᠠᠯᠪᠤᠷᠢᠯᠠᠭᠰᠠᠤᠨ ᠠᠴᠠ ᠭᠡᠷ ᠬᠥᠷᠢᠶ᠎ᠡ ᠶᠢ ᠨᠢ ᠭᠠᠯᠳᠠᠨ᠂ ᠠᠳᠤᠭᠤ ᠮᠠᠯ ᠢ ᠨᠢ ᠲᠠᠭᠤᠵᠤ᠂ ᠵᠤᠭᠤᠷᠢ ᠲᠠᠢ ᠪᠤᠳᠠᠭ᠎ᠠ ᠶᠢ ᠨᠢ ᠬᠥᠷᠳᠡᠯ᠎ᠡ ᠠᠭᠤᠳᠠᠯᠠᠨ ᠠᠪᠴᠥ᠂ ᠴᠢᠨᠠᠭᠰᠢᠯᠠᠪᠠᠯ ᠪᠤᠰᠤᠳ ᠭᠠᠵᠠᠷ ᠠᠴᠠ ᠲᠠᠨᠤᠵᠦ ᠢᠷᠡᠭᠡᠳ ᠬᠦᠯᠳᠡᠵᠦ ᠦᠬᠦᠭᠰᠡᠨ ᠪᠤᠳᠠᠭᠠᠨ ᠭᠤᠶᠢᠷᠠᠨᠴᠢ ᠶᠢᠨ ᠦᠬᠦᠳᠡᠯ ᠢ ᠬᠠᠶᠠᠵᠤ ᠬᠡᠷᠡᠭᠳᠡᠭᠦᠯᠬᠦ ᠪᠤᠶᠤ ᠪᠤᠭ ᠴᠢᠳᠬᠦᠷ ᠢᠶᠠᠷ ᠠᠶᠤᠯᠭᠠᠬᠤ ᠵᠡᠷᠭᠡ ᠡᠯᠳᠡᠪ ᠡᠰᠡᠨ ᠤ ᠠᠷᠭ᠎ᠠ ᠪᠠᠰᠢᠷ ᠢᠶᠠᠷ ᠨᠤᠳᠤᠭ ᠤᠰᠤᠨ ᠠᠴᠠ ᠨᠢ ᠬᠥᠭᠡᠭᠡᠨ ᠵᠠᠶᠢᠯᠠᠭᠤᠯᠤᠭᠰᠠᠨ ᠪᠠᠶᠢᠨ᠎ᠠ᠃ ᠢᠩᠬᠢᠭᠡᠤᠨ ᠪᠠᠭᠠᠷᠢᠨ ᠤ ᠪᠠᠷᠠᠭᠤᠨ ᠬᠡᠰᠡᠭ ᠤᠨ ᠤᠯᠢᠶᠠᠰᠤᠳᠠᠢ ᠶᠢᠨ ᠬᠥᠡᠳᠡᠢ ᠶᠢᠨ ᠰᠤᠪᠢᠤᠨ ᠰᠥᠮ᠎ᠡ ᠳᠤ ︽ᠠᠳᠠᠷ ᠬᠠᠭᠠᠯᠪᠤᠷᠢᠯᠠᠯᠳᠠ ᠶᠢᠨ ᠲᠤᠪᠴᠢᠶ᠎ᠠ︾ ᠪᠠᠶᠢᠭᠤᠯᠤᠭᠰᠠᠨ ᠪᠠ ᠡᠮᠥᠨ᠎ᠡ ᠭᠠᠵᠠᠷ ᠤᠨ ᠲᠠᠷᠢᠶᠠᠴᠢᠳ ᠵᠠᠯᠭ᠎ᠠ ᠵᠠᠯᠭᠠᠪᠠᠷ ᠨᠡᠭᠦᠨ ᠢᠷᠡᠵᠥ ᠬᠥᠮᠥᠨ ᠠᠮᠠ ᠤᠯᠠᠰᠢᠷᠠᠬᠤ ᠶᠢ ᠲᠠᠭᠠᠯᠳᠤᠨ ︵1908 ᠤᠨ︶ ︽ᠪᠠᠭᠠᠷᠢᠨ ᠤ ᠪᠠᠷᠠᠭᠤᠨ ᠰᠢᠶᠠᠨ︾ ︵巴林西县︶ ᠭᠡᠵᠥ ᠪᠠᠶᠢᠭᠤᠯᠤᠭᠳᠠᠨ ᠤᠳᠠᠭᠰᠠᠨ ᠥᠭᠡᠢ ᠠᠳᠠᠷ ᠬᠠᠭᠠᠯᠪᠤᠷᠢᠯᠠᠯᠳᠠ ᠶᠢᠨ ᠲᠤᠪᠴᠢᠶ᠎ᠠ ᠨᠢ ᠰᠢᠶᠠᠨ ᠤ ᠶᠠᠮᠤᠨ ᠲᠠᠢ ᠪᠠᠨ ᠨᠢᠭᠡᠳᠥᠨ ᠨᠡᠶᠢᠯᠡᠵᠠᠢ᠃ ︽ᠪᠠᠭᠠᠷᠢᠨ ᠤ ᠪᠠᠷᠠᠭᠤᠨ ᠰᠢᠶᠠᠨ︾ ︵巴林 西县︶ ᠠᠩᠬ᠎ᠠ ᠰᠠᠶ᠋ᠢ ᠪᠠᠶᠢᠭᠤᠯᠤᠭᠳᠠᠬᠤ ᠥᠶ᠎ᠡ ᠳᠡᠭᠡᠨ ︽ᠪᠠᠭᠠᠷᠢᠨ ᠪᠠᠷᠠᠭᠤᠨ ᠰᠢᠶᠠᠨ︾ ︵巴林西县︶ ᠭᠡᠵᠥ ᠬᠡᠯᠡᠳᠡᠭ ᠪᠠᠶᠢᠠᠠᠰᠠᠨ ᠪᠠ ᠤᠳᠠᠯ ᠥᠭᠡᠢ ᠲᠥᠭᠦᠮᠴᠢᠯᠡᠭᠡᠤᠨ ᠲᠡᠥᠬᠡᠨ᠎ᠡ ︽ᠪᠠ ᠰᠢ ᠰᠢᠶᠠᠨ︾ ︵巴西 县︶ ᠭᠡᠵᠥ ᠨᠡᠷᠡᠯᠡᠭᠰᠡᠨ ᠪᠠᠶᠢᠵᠠᠢ᠃ ᠪᠠᠰᠠ ᠳᠡᠮᠡᠢ ᠤᠳᠠᠭᠰᠠᠨ ᠥᠭᠡᠢ ︽ᠯᠢᠨᠰᠢ ᠰᠢᠶᠠᠨ︾ ︵林西县 ︶ ᠭᠡᠵᠥ ᠥᠭᠡᠷᠡᠴᠢᠯᠡᠵᠠᠢ᠃ ᠲᠤᠰ ︽ᠯᠢᠨ︾ ᠥᠰᠥᠭ ᠨᠢ ︽ᠪᠠᠭᠠᠷᠢᠨ︾ ︵巴︶᠎ ᠤ ᠬᠢᠳᠠᠤᠨ ᠥᠭᠡ ᠶᠢᠨ ︽ᠯᠢᠨ︾ ︵林︶ ᠪᠥᠭᠡᠤᠨ ︽ᠪᠠᠭᠠᠷᠢᠨ ᠤ ᠪᠠᠷᠠᠭᠤᠨ ᠰᠢᠶᠠᠨ︾ ︵巴林西县︶᠎ ᠤ ︽ᠪᠠ︾ ︵巴 ︶ ᠥᠰᠥᠭ ᠨᠢ ᠤᠷᠬᠢᠭᠳᠠᠨ ᠬᠢᠳᠠᠤᠨ ᠢᠶᠠᠷ ︽ᠯᠢᠡᠰᠢ︾ ︵林西︶ ᠭᠡᠵᠥ ᠲᠤᠪᠴᠢᠯᠠᠨ ᠨᠡᠷᠡᠯᠡᠭᠳᠡᠵᠠᠢ᠃ ᠤᠳᠤᠬᠢ ᠪᠠᠭᠠᠷᠢᠨ ᠵᠡᠭᠦᠨ ᠬᠤᠰᠢᠭᠤᠨ ᠤ ᠲᠥᠪ ᠪᠠᠯᠭᠠᠰᠤ ᠶᠢ ︽ᠯᠢᠡᠳᠦ᠋ᠩ︾ ᠭᠡᠳᠡᠭ ᠨᠢ ᠠᠩᠬᠠᠨ ᠳᠠᠭᠠᠨ ᠪᠠᠭᠠᠷᠢᠨ ᠵᠡᠭᠦᠨ ᠬᠤᠰᠢᠭᠤ ᠶᠢ ᠬᠢᠳᠠᠤᠨ ᠢᠶᠠᠷ ︽巴林东旗︾ ᠭᠡᠳᠡᠭ ᠠᠴᠠ ᠢᠷᠡᠯᠳᠠᠢ᠃ ᠰᠡᠭᠦᠯᠡᠷ ᠨᠢ ︽东︾ ᠥᠰᠥᠭ ᠨᠢ ︽左︾ ᠥᠰᠥᠭ ᠢᠶᠠᠷ ᠰᠤᠯᠢᠭᠳᠠᠵᠤ ︽巴林左旗︾ ᠭᠡᠳᠡᠭ ᠪᠤᠯᠤᠭᠰᠠᠨ ᠪᠠ ᠮᠥᠨ ᠠᠳᠠᠯᠢ ᠪᠠᠷ ︽巴︾ ᠥᠰᠥᠭ ᠢ ᠨᠢ ᠤᠷᠬᠢᠨ ᠲᠤᠪᠴᠢᠯᠠᠭᠠᠤᠨ ︽ᠯᠢᠡᠳᠦ᠋ᠩ ︵林东︶︾᠂ ︽ᠯᠢᠡᠳᠦ᠋ᠩ ᠪᠠᠯᠭᠠᠰᠣ ︵林东镇︶︾᠂ ︽ᠯᠢᠡᠳᠦ᠋ᠩ ᠰᠢᠶᠠᠨ ︵林东︶︾ ᠭᠡᠵᠥ ᠬᠡᠯᠡᠳᠡᠭ᠃ ᠯᠢᠡᠳᠦ᠋ᠩ ᠤᠨ ᠤᠭ ᠨᠡᠷ᠎ᠡ ᠨᠢ ᠲᠡᠨᠳᠡᠭᠢ ᠪᠠᠶᠢᠰᠠ ᠶᠢᠨ ᠰᠥᠮ᠎ᠡ ᠪᠠ ᠲᠡᠭᠦᠨ ᠤ ᠤᠷᠴᠢᠨ ᠲᠤᠭᠤᠷᠢᠨ ᠤ ᠭᠠᠵᠠᠷ ᠢ ᠪᠠᠶᠢᠭᠰᠠᠨ ᠪᠠ ᠪᠠᠶᠢᠰᠠ ᠸᠠᠩ ᠤᠨ ᠤᠷᠳᠤᠨ ᠨᠢ ᠤᠳᠤ ᠶᠢᠨ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠵᠠᠮ ᠰᠤᠮᠤᠨ ᠤ ᠬᠠᠷᠢᠶᠠᠨ ᠳᠤ ᠪᠠᠶᠢᠭᠰᠠᠨ ᠪᠥᠭᠡᠤᠨ ᠲᠡᠭᠦᠨ ᠤ ᠡᠪᠳᠡᠷᠡᠵᠥ ᠬᠠᠭᠤᠴᠢᠷᠠᠭᠰᠠᠨ ᠤᠷᠳᠥ ᠪᠠᠷᠢᠯᠭ᠎ᠠ ᠨᠢ ᠤᠤᠯ ᠬᠡᠪ ᠢᠶᠠᠷ ᠢᠶᠠᠨ ᠪᠠᠶᠢᠭᠰᠠᠭᠠᠷ ᠪᠤᠢ᠃ ᠲᠡᠥᠬᠡ ᠶᠢᠨ ᠶᠠᠪᠤᠴᠠ ᠳᠤ ᠤᠯᠤᠰ ᠲᠥᠷᠥ ᠶᠢᠨ ᠤᠯᠠᠷᠢᠯ ᠬᠤᠪᠢᠷᠠᠯ ᠠᠴᠠ ᠪᠤᠯᠵᠤ ᠪᠠᠭᠠᠷᠢᠨ ᠵᠡᠭᠦᠨ ᠬᠤᠰᠢᠭᠤ ᠨᠢ ᠢᠷᠭᠡᠨ ᠤᠯᠤᠰ ᠤᠨ ᠥᠶ᠎ᠡ ᠬᠥᠷᠴᠥ ᠢᠷᠡᠭᠡᠤᠨ ᠬᠠᠯᠠᠭᠤᠨ ᠭᠤᠤᠯ ᠮᠤᠵᠢ ᠳᠤ ᠬᠠᠷᠢᠶᠠᠯᠠᠭᠳᠠᠬᠤ ᠪᠤᠯᠤᠭᠰᠠᠨ ᠪᠠ ᠮᠤᠩᠭᠤᠯ ᠬᠢᠳᠠᠤᠨ ᠤᠷᠤᠨ ᠳᠤ ᠬᠤᠰᠢᠭᠤ᠂ ᠰᠢᠶᠠᠨ ᠤ ᠪᠠᠶᠢᠭᠤᠯᠤᠮᠵᠢ ᠶᠢᠨ ᠲᠥᠷᠢᠮ ᠢ ᠵᠡᠷᠭᠡᠪᠠᠷ ᠬᠡᠷᠡᠭᠵᠢᠭᠦᠯᠬᠦ ᠭᠡᠵᠥ ᠪᠠᠶᠠᠡᠪᠤᠳᠠ᠂ ᠤᠯᠠᠭᠠᠡᠳᠤᠬᠠᠢ ᠵᠡᠷᠭᠡ ᠬᠢᠳᠠᠤᠨ ᠥᠡᠳᠥᠰᠥᠳᠡᠨ ᠲᠥᠪᠯᠡᠷᠡᠭᠰᠡᠨ ᠲᠠᠷᠢᠶᠠᠯᠠᠬᠤ ᠤᠷᠤᠨ ᠢ ᠬᠠᠷᠢᠶᠠᠯᠠᠭᠤᠯᠵᠤ ︽ᠯᠢᠡᠳᠦ᠋ᠩ ᠰᠢᠶᠠᠨ︾ ︵林东县 ︶᠎ ᠢ ᠦᠷᠭᠡᠳᠬᠡᠭᠡᠳ ᠬᠠᠭᠤᠷᠮᠠᠭ ᠮᠠᠡᠵᠤ ᠶᠢᠨ ᠥᠶ᠎ᠡ ᠪᠤᠯᠬᠤ ᠳᠤ᠂ ᠲᠤᠬᠠᠶᠢᠯᠠᠪᠠᠯ 1933 ᠤᠨ ᠳᠤ ᠲᠡᠭᠦᠨ ᠢ ᠬᠥᠴᠥᠨ ᠥᠭᠡᠢ ᠪᠤᠯᠭᠠᠵᠠᠢ᠃         ᠤᠳᠤ ᠴᠥᠬᠡᠨ ᠪᠤᠰᠤ ᠬᠥᠮᠥᠨ ︽ᠯᠢᠡᠳᠦ᠋ᠩ︾ ︵林东︶᠂ ︽ᠯᠢᠡᠰᠢ︾ ︵林西︶᠎ ᠶᠢ ︽ᠤᠢ ᠶᠢᠨ ᠵᠡᠭᠦᠨ︾᠂ ︽ᠤᠢ ᠶᠢᠨ ᠪᠠᠷᠠᠭᠤᠨ︾ ᠭᠡᠵᠥ ᠤᠶᠢᠯᠠᠭᠠᠵᠤ ᠪᠠᠶᠢᠨ᠎ᠠ᠃ ᠡᠨᠡ ᠪᠤᠯ ᠲᠡᠥᠬᠡ ᠶᠢᠨ ᠥᠡᠳᠥᠰᠥ ᠪᠠᠷᠢᠮᠳᠠ ᠲᠠᠢ ᠤᠭᠳᠤ ᠨᠡᠶᠢᠴᠡᠬᠦ ᠥᠭᠡᠢ ᠪᠤᠷᠤᠭᠤ ᠤᠶᠢᠯᠠᠭᠠᠯᠳᠠ ᠮᠥᠨ᠃ ᠤᠷᠢᠳᠤ ᠳᠠᠭᠠᠨ ᠶᠡᠭᠡ ᠪᠠᠭᠠᠷᠢᠨ ︵ᠪᠠᠭᠠᠷᠢᠨ ᠪᠠᠷᠠᠭᠤᠨ ᠬᠤᠰᠢᠭᠤ ᠶᠢ ᠲᠡᠥᠬᠡᠨ ᠳᠤ ᠪᠠᠰᠠ ᠶᠡᠭᠡ ᠪᠠᠭᠠᠷᠢᠨ ᠭᠡᠳᠡᠭ︶᠎ ᠳᠤ ᠤᠢ ᠮᠤᠳᠤ ᠶᠡᠬᠡᠳᠠᠢ ᠡᠪᠡᠰᠥ ᠤᠷᠭᠤᠮᠠᠯ ᠰᠠᠶᠢᠳᠠᠢ ᠤᠷᠤᠨ ᠪᠠᠶᠢᠭᠰᠠᠨ ᠪᠤᠯᠪᠠᠴᠤ ᠰᠢᠭᠤᠶᠢᠳᠤ ᠤᠷᠤᠨ ᠪᠢᠰᠢ ᠪᠤᠯᠠᠢ᠃ ︽ᠪᠠᠭᠠᠷᠢᠨ ᠵᠡᠭᠦᠨ ᠬᠤᠰᠢᠭᠤ︾ ︵巴林东旗︶᠂ ︽ᠪᠠᠭᠠᠷᠢᠨ ᠪᠠᠷᠠᠭᠤᠨ ᠰᠢᠶᠠᠨ︾ ︵巴林西县︶᠎ ᠤ ︽巴︾ ᠥᠰᠥᠭ ᠢ ᠭᠡᠭᠡᠵᠥ ᠤᠷᠬᠢᠭᠰᠠᠨ ᠤ ᠰᠢᠯᠳᠠᠭᠠᠨ ᠨᠢ ᠴᠥᠮ ᠬᠢᠳᠠᠤᠨ ᠤᠨ ᠭᠠᠵᠠᠷ ᠤᠷᠤᠨ ᠤ ᠨᠡᠷ᠎ᠡ ᠶᠢ ᠤᠯᠠᠩᠬᠢ ᠳᠠᠭᠠᠨ ᠬᠤᠶᠠᠷ ᠥᠰᠥᠭ ᠢᠶᠠᠷ ᠬᠡᠯᠡᠳᠡᠭ ᠵᠤᠷᠰᠢᠯ ᠪᠠ ᠬᠢᠳᠠᠤᠡᠴᠢᠯᠠᠬᠤ ᠥᠵᠡᠯ ᠲᠠᠢ ᠬᠤᠯᠪᠤᠭ᠎ᠠ ᠲᠠᠢ ᠪᠠᠶᠢᠳᠠᠭ᠃         ᠬᠡᠷᠪᠡ ᠪᠢᠳᠡ ᠭᠠᠵᠠᠷ ᠨᠤᠳᠤᠭ ᠤᠨ ᠨᠡᠷ᠎ᠡ ᠲᠠᠭᠤᠳᠠᠯᠭ᠎ᠠ ᠶᠢ ᠪᠤᠷᠤᠭᠤ ᠪᠠᠷ ᠲᠠᠨᠢᠵᠤ ᠬᠡᠷᠡᠭᠯᠡᠪᠡᠯ ᠬᠤᠶᠢᠴᠢ ᠥᠶ᠎ᠡ ᠶᠢᠨ ᠬᠢᠨ ᠢᠶᠠᠨ ᠬᠤᠵᠢᠮ ᠢᠷᠡᠭᠡᠳᠥᠢ ᠳᠤ ᠲᠡᠥᠬᠡ ᠶᠢᠨ ᠲᠤᠬᠠᠢ ᠪᠠᠯᠠᠷᠬᠠᠢ ᠣᠶᠢᠯᠠᠭᠠᠯᠳᠠ ᠲᠠᠢ ᠪᠤᠯᠭᠠᠬᠤ ᠳᠤ ᠬᠥᠷᠥᠨ᠎ᠡ᠃ ᠲᠡᠥᠬᠡ ᠶᠢᠨ ᠥᠩᠭᠡᠷᠡᠭᠡᠯᠳᠡ ᠪᠠᠨ ᠲᠤᠳᠤ ᠮᠡᠳᠡᠬᠦ᠂ ᠭᠠᠵᠠᠷ ᠤᠰᠤᠨ ᠤ ᠨᠡᠷᠡᠶᠢᠳᠥᠯ ᠢ ᠵᠥᠪ ᠲᠤᠭᠳᠠᠭᠠᠬᠤ ᠶᠠᠪᠤᠳᠠᠯ ᠪᠤᠯ ᠤᠯᠤᠰ ᠥᠡᠳᠥᠰᠥᠳᠡᠨ ᠤᠷᠤᠨ ᠨᠤᠳᠤᠭ ᠤᠨ ᠤᠯᠤᠰ ᠲᠥᠷᠥ ᠰᠤᠶᠤᠯ ᠤᠨ ᠠᠵᠢᠯ ᠤᠨ ᠥᠡᠳᠥᠰᠥᠨ ᠡᠭᠦᠷᠭᠡ ᠬᠠᠷᠢᠭᠤᠴᠠᠯᠭ᠎ᠠ ᠪᠤᠯᠬᠤ ᠶᠤᠮ᠃ ︵ ᠮᠦᠡᠭᠭᠡ ︽ᠪᠠᠷᠠᠭᠤᠨ ᠪᠠᠭᠠᠷᠢᠨ ᠤ ᠰᠤᠶᠤᠯ ᠲᠡᠤᠬᠡ︾᠎ ᠠᠴᠠ︶
 
ᠢᠷᠡᠯᠲᠡ᠄ ᠣᠯᠠᠭᠠᠨᠬᠳᠠ ᠮᠤᠩᠭᠤᠯ ᠰᠦᠯᠵᠢᠶ᠎ᠠ ​
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号