ᠪᠠᠭᠠᠷᠢᠨ ᠤ ᠪᠠᠷᠠᠭᠤᠨ ᠭᠡᠰᠡᠭ ᠲᠤ ᠠᠳᠠᠷ ᠬᠠᠭᠠᠯᠪᠤᠷᠢᠯᠠᠬᠰᠡᠨ ᠲᠤᠬᠠᠢ  ︵ᠬᠤᠶᠠᠷ︶
ᠨᠡᠶᠢᠲᠡᠯᠡᠭᠰᠡᠨ ᠴᠠᠭ᠄
2017-01-13
       ᠭᠡᠪᠳᠤ ᠶᠤᠰᠤᠳᠤ ᠶᠢᠨ ᠬᠤᠶᠠᠳᠤᠭᠠᠷ ᠤᠨ ᠳᠤ ᠿᠧ ᠡᠾᠧ ᠶᠢᠨ ᠪᠦᠬᠦᠳᠡ ᠶᠢ ᠵᠠᠬᠢᠷᠤᠬᠴᠢ ᠠᠳᠠᠷ ᠬᠠᠭᠠᠯᠪᠤᠷᠢᠯᠠᠬᠤ ᠠᠬᠢᠴᠠ ᠶᠢ ᠲᠦᠷᠭᠡᠳᠭᠡᠬᠦ ᠶᠢᠨ ᠲᠦᠯᠤᠭᠡ ᠴᠢᠩ ᠤᠨ ᠵᠠᠰᠠᠭ ᠤᠨ ᠵᠦᠪᠰᠢᠶᠡᠷᠡᠯ ᠢᠶᠠᠷ 1990 ᠤᠨ ᠤ 8 ᠰᠠᠷ᠎ᠠ ᠳᠤ ᠪᠠᠭᠠᠷᠢᠨ ᠤ ᠠᠳᠠᠷ ᠤᠨ ᠶᠠᠪᠤᠳᠠᠯ ᠤᠨ ᠲᠤᠪᠴᠢᠶ᠎ᠠ ᠶᠢ ᠨᠢᠭᠡᠳᠭᠡᠵᠤ᠂ ᠯᠢᠨᠰᠢ ᠰᠢᠶᠠᠨ ᠳᠤ ᠪᠠᠶᠢᠷᠢᠯᠠᠭᠤᠯᠵᠠᠢ᠃ ᠰᠡᠬᠦᠯᠡᠷ ᠨᠢ ᠲᠠᠬᠢᠨᠳᠠ ᠰᠠᠯᠭᠠᠨ ᠯᠢᠨᠰᠢ ᠶᠢᠨ ᠬᠢ ᠶᠢ ᠯᠢᠨᠰᠢ ᠰᠢᠶᠠᠨ ᠤ ᠭᠡᠷᠡᠭ ᠮᠡᠳᠡᠭᠴᠢ ᠬᠠᠪᠰᠤᠷᠭᠠᠨ ᠬᠠᠷᠢᠭᠤᠴᠠᠪᠠ᠃ ᠢᠷᠭᠡᠨ ᠤᠯᠤᠰ ᠤᠨ ᠲᠡᠷᠢᠬᠦᠨ ᠤᠨ ᠤ ᠨᠠᠢᠮᠠᠨ ᠰᠠᠷ᠎ᠠ ᠳᠤ ᠪᠠᠭᠠᠷᠢᠨ ᠤ ᠠᠳᠠᠷ ᠤᠨ ᠶᠠᠪᠤᠳᠠᠯ ᠤᠨ ᠲᠤᠪᠴᠢᠶ᠎ᠠ ᠶᠢ ᠯᠢᠨᠰᠢ ᠰᠢᠶᠠᠨ ᠤ ᠵᠠᠬᠢᠷᠭ᠎ᠠ ᠲᠠᠢ ᠬᠠᠮᠳᠤᠳᠬᠠᠵᠤ ᠲᠤᠰᠠᠭᠠᠷ ᠪᠠᠶᠢᠭᠤᠯᠤᠮᠵᠢ ᠪᠠᠶᠢᠭᠤᠯᠬᠤ ᠶᠢ ᠡᠴᠤᠰᠯᠡᠬᠦᠯᠪᠡ᠃        ᠪᠠᠭᠠᠷᠢᠨ ᠤ ᠪᠠᠷᠠᠭᠤᠨ ᠳᠤ ᠠᠳᠠᠷ ᠬᠠᠭᠠᠯᠪᠤᠷᠢᠯᠠᠬᠰᠡᠨ ᠨᠢ ᠢᠯᠵᠢᠷᠡᠨ ᠲᠤᠷᠤᠶᠢᠳᠠᠬᠰᠡᠨ ᠴᠢᠩ ᠤᠨ ᠲᠦᠷᠤ ᠎ ᠶᠢᠨ ᠡᠴᠤᠰ ᠤᠨ ᠮᠦᠴᠠ ᠳᠤ ᠶᠠᠪᠤᠬᠳᠠᠬᠰᠡᠨ ᠪᠠᠶᠢᠨ᠎ᠠ᠃ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠠᠩᠰᠠ ᠡᠪᠭᠡᠮᠡᠯ ᠠᠴᠠ ᠠᠵᠢᠬᠯᠠᠪᠠᠯ ᠤᠯᠠᠨ ᠠᠷᠪᠢᠨ ᠤᠴᠢᠷ ᠶᠠᠪᠤᠳᠠᠯ ᠤᠨ ᠪᠤᠳᠤᠷᠤᠤᠯ ᠶᠠᠪᠤᠳᠠᠯ ᠪᠢᠴᠢᠭ᠂ ᠠᠳᠠᠷ ᠤᠨ ᠶᠠᠪᠤᠳᠠᠯ ᠤᠨ ᠬᠦᠳᠤᠯᠪᠤᠷᠢ ᠵᠡᠷᠭᠡ ᠶᠢ ᠽᠢ ᠰᠢ ᠲᠠᠶᠢᠭᠡᠤ ᠪᠤᠯᠤᠨ ᠪᠠᠳᠠᠷᠠᠭᠤᠯᠳᠤ ᠲᠦᠷᠤ ᠬᠠᠭᠠᠨ ᠪᠡᠶ᠎ᠠ ᠪᠠᠷ ᠥᠵᠡᠵᠤ ᠂ ᠬᠠᠮᠢᠶ᠎ᠠ ᠪᠦᠬᠦᠢ ᠬᠦᠰᠤᠨᠦᠭᠳᠦ᠂ ᠠᠳᠠᠷ ᠭᠠᠵᠠᠷ ᠤᠨ ᠵᠢᠷᠤᠭ ᠵᠡᠷᠭᠡ ᠶᠢ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠴᠢᠩ ᠤᠯᠤᠰ ᠤᠨ ᠭᠡᠮᠵᠢᠬᠦᠷ ᠶᠠᠮᠤᠨ ᠳᠤ ᠡᠷᠬᠦᠵᠤ ᠪᠠᠷᠢᠵᠠᠢ᠃ ᠡᠬᠦᠨ ᠠᠴᠠ ᠥᠵᠡᠬᠦᠯ᠎ᠠ ᠴᠢᠩ ᠤᠯᠤᠰ ᠤᠨ ᠵᠠᠰᠠᠭ ᠤᠨ ᠭᠠᠵᠠᠷ ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠬᠢᠷᠢ ᠵᠡᠷᠭᠡ ᠴᠢᠬᠤᠴᠢᠯᠠᠵᠤ ᠪᠠᠶᠢᠬᠰᠡᠨ ᠢ ᠮᠡᠳᠡᠵᠤ ᠪᠤᠯᠤᠨ᠎ᠠ᠃ ᠭᠡᠳᠡᠯ᠎ᠠ ᠪᠠᠭᠠᠷᠢᠨ ᠤ ᠠᠳᠠᠷ ᠬᠠᠭᠠᠯᠪᠤᠷᠢᠯᠠᠯᠳᠠ ᠲᠠᠭᠤᠰᠬᠤ ᠠᠴᠠ ᠡᠮᠤᠨ᠎ᠠ ᠴᠢᠩ ᠎ ᠤᠨ ᠲᠦᠷᠤ ᠲᠡᠤᠭᠡ ᠪᠤᠯᠵᠤ ᠬᠤᠴᠤᠷᠴᠠᠢ᠃ ᠪᠠᠭᠠᠷᠢᠨ ᠤ ᠠᠳᠠᠷ ᠬᠠᠭᠠᠯᠪᠤᠷᠢᠯᠠᠯᠳᠠ ᠶᠢ ᠭᠠᠵᠠᠷ ᠲᠠᠷᠢᠶᠠᠨ ᠤ ᠡᠵᠡᠮᠰᠢᠯ ᠤᠨ ᠡᠷᠭᠡ ᠶᠢᠨ ᠡᠮᠤᠨ᠎ᠠ ᠠᠴᠠ ᠵᠠᠳᠠᠯᠪᠠᠯ ᠨᠢᠭᠡ ᠵᠤᠶᠢᠯ ᠤᠨ ᠹᠸᠤᠳᠠᠯ ᠨᠡᠶᠢᠭᠡᠮ ᠤᠨ ᠰᠢᠨᠵᠢᠳᠠᠢ ᠭᠠᠵᠠᠷ ᠲᠠᠷᠢᠶᠠᠨ ᠤ ᠡᠷᠭᠡ ᠶᠢᠨ ᠰᠢᠯᠵᠢᠬᠦᠯᠤᠯᠳᠡ ᠪᠤᠯᠤᠨ᠎ᠠ᠃ ᠠᠳᠠᠷ ᠬᠤᠳᠠᠯᠳᠤᠬᠤ ᠪᠠᠷ ᠪᠤᠳᠤᠪᠠᠯ᠂ ᠶᠠᠳᠠᠭᠤ ᠠᠶᠢᠯ ᠨᠢ ᠢᠳᠡᠵᠤ ᠡᠮᠤᠰᠬᠦ ᠳᠡᠭᠡᠨ ᠵᠦᠪ ᠥᠭᠡᠢ ᠶᠤᠮ ᠴᠢᠨᠢ ᠭᠡᠷᠬᠢᠨ ᠠᠳᠠᠷ ᠬᠤᠳᠠᠯᠳᠤᠨ ᠠᠪᠴᠤ ᠲᠡᠶᠢᠯᠬᠦ ᠪᠤᠢ︖ ᠢᠡᠭᠬᠢᠬᠦᠯᠡᠷ ᠶᠠᠷᠢᠶᠠᠨ ᠥᠭᠡᠢ ᠤᠯᠠᠩᠬᠢ ᠭᠠᠵᠠᠷ ᠢ ᠲᠤᠮᠤ ᠭᠠᠵᠠᠷ ᠤᠨ ᠡᠵᠡᠳ ᠬᠤᠳᠠᠯᠳᠤᠨ ᠠᠪᠬᠤ ᠪᠤᠯᠤᠨ᠎ᠠ᠃ ᠡᠨᠡ ᠨᠢ ᠮᠦᠨ ᠴᠢᠨᠠᠷ ᠲᠡᠭᠡᠷ᠎ᠠ ᠪᠠᠨ ᠬᠢᠳᠠᠳ ᠮᠤᠩᠭᠤᠯ ᠮᠠᠨᠵᠤ ᠹᠸᠤᠳᠠᠯ ᠤᠨ ᠡᠵᠡᠳ ᠤᠨ ᠬᠢᠭᠰᠡᠨ ᠨᠢᠭᠡ ᠤᠳᠠᠭᠠᠨ ᠎ ᠤ ᠭᠠᠵᠠᠷ ᠰᠢᠷᠤᠢ ᠶᠢᠨ ᠠᠷᠠᠯᠵᠢᠶ᠎ᠠ ᠪᠤᠯᠤᠨ᠎ᠠ᠃        ᠪᠠᠭᠠᠷᠢᠨ ᠤ ᠵᠤᠯᠠᠴᠢᠨ ᠰᠦᠮ᠎ᠠ ᠶᠢ ᠬᠦᠡᠭᠵᠤ ᠶᠢᠨ ᠲᠠᠬᠢᠯᠭ᠎ᠠ ᠳᠤ ᠵᠤᠷᠢᠭᠤᠯᠤᠨ ᠪᠠᠷᠢᠬᠰᠡᠨ ᠶᠤᠮ᠃ ᠵᠤᠯᠠᠴᠢᠨ ᠰᠦᠮ᠎ᠠ ᠨᠢ ᠵᠠᠮ ᠬᠠᠷᠢᠯᠴᠠᠭ᠎ᠠ ᠲᠦᠬᠦᠮ ᠲᠦᠳᠡ ᠤᠷᠤᠨ ᠳᠤ ᠪᠠᠶᠢᠷᠢᠰᠢᠬᠰᠡᠨ ᠪᠤᠯᠬᠤᠷ ᠵᠠᠩ ᠸᠧᠠ ᠬᠤᠤ ᠵᠡᠷᠭᠡ ᠶᠢᠨ ᠬᠦᠮᠤᠰ ᠵᠤᠯᠠᠴᠢᠨ ᠰᠦᠮ᠎ᠠ ᠶᠢᠨ ᠬᠦᠵᠢ ᠵᠤᠯᠠ ᠶᠢᠨ ᠭᠡᠰᠢᠭ ᠲᠤ ᠬᠤᠳᠠ ᠶᠢᠨ ᠰᠠᠭᠤᠷᠢ ᠥᠯᠡᠳᠡᠭᠡᠬᠦ ᠎ ᠪᠠᠷ ᠵᠦᠪᠯᠡᠵᠤ ᠪᠠᠶᠢᠬᠰᠡᠨ ᠢᠶᠠᠨ ᠬᠤᠵᠢᠮ ᠨᠢ ᠪᠠᠯᠭᠠᠰᠤᠨ ᠤ ᠰᠠᠭᠤᠷᠢ ᠪᠤᠯᠭᠠᠬᠤ ᠪᠠᠷ ᠲᠤᠬᠳᠠᠵᠠᠢ᠃ ᠡᠬᠦᠨ ᠳᠤ ᠯᠠᠮᠠ ᠨᠠᠷ ᠤᠨ ᠠᠳᠠᠯ ᠤᠨᠳᠤᠷᠤᠯᠭ᠎ᠠ ᠳᠤ ᠰᠢᠭᠤᠳ ᠬᠠᠷᠰᠢ ᠪᠤᠯᠵᠤ ᠵᠦᠷᠢᠴᠡᠯ ᠡᠬᠦᠰᠪᠡ᠃ ᠬᠤᠰᠢᠭᠤᠨ ᠤ ᠵᠠᠰᠠᠭ ᠎ ᠤᠨ ᠭᠠᠵᠠᠷ ᠨᠢ ᠭᠡᠳᠤᠨᠳᠡ ᠢᠳᠬᠠᠬᠰᠡᠨ ᠪᠤᠯᠪᠠᠴᠤ ᠠᠰᠢᠭ ᠭᠠᠷᠤᠬᠰᠡᠨ ᠥᠭᠡᠢ ᠮᠦᠷᠳᠡᠭᠡᠨ ᠲᠤᠰ ᠭᠤᠷᠪᠠᠯᠵᠢᠨ ᠭᠡᠰᠡᠭ ᠤᠨ ᠠᠳᠠᠷ ᠤᠨ ᠮᠦᠡᠭᠬᠦ ᠶᠢᠨ ᠬᠠᠭᠠᠰ ᠢ ᠲᠤᠰ ᠰᠦᠮ᠎ᠠ ᠳᠤ ᠥᠭᠬᠦ ᠪᠠᠷ ᠠᠮᠠᠯᠠᠬᠰᠡᠨ ᠴᠤ ᠯᠠᠮᠠ ᠨᠠᠷ ᠪᠦᠷᠢᠮᠤᠰᠤᠨ ᠵᠦᠪᠰᠢᠶᠡᠷᠡᠭᠡ ᠥᠭᠡᠢ᠃ ᠰᠡᠬᠦᠯᠡᠷ ᠲᠤᠰ ᠰᠦᠮ᠎ᠠ ᠳᠤ ᠬᠤᠰᠢᠭᠤᠨ ᠤ ᠤᠯᠬᠤ ᠠᠳᠠᠷ ᠤᠨ ᠮᠦᠡᠭᠬᠦ ᠬᠢᠭᠡᠳ ᠤᠯᠤᠰ ᠤᠨ ᠤᠯᠬᠤ ᠠᠳᠠᠷ ᠤᠨ ᠮᠦᠡᠭᠬᠦ ᠶᠢ ᠪᠦᠬᠦᠨ ᠢᠶᠠᠷ ᠨᠢ ᠥᠭᠴᠤ ᠬᠦᠵᠢ ᠵᠤᠯᠠ ᠶᠢᠨ ᠰᠦᠢᠳᠭᠡᠯ ᠪᠤᠯᠭᠠᠭᠰᠡᠨ ᠢᠶᠠᠷ ᠡᠨᠡ ᠵᠦᠷᠢᠴᠡᠯ ᠠᠷᠠᠶᠢᠬᠠᠨ ᠨᠠᠮᠳᠠᠵᠠᠢ᠃        5 ᠰᠠᠷ᠎ᠠ ᠶᠢᠨ 24᠎ ᠤ ᠡᠳᠤᠷ᠂ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠤᠪᠴᠢᠶ᠎ᠠ ᠶᠢᠨ ᠬᠦᠮᠤᠰ ᠬᠤᠶᠢᠳᠤ ᠭᠡᠰᠡᠭ ᠤᠨ ᠭᠠᠨᠵᠤᠤᠷ ᠰᠦᠮ᠎ᠠ ᠤᠷᠴᠢᠮ ᠢᠶᠠᠷ ᠲᠡᠭᠡᠰᠤᠯᠡᠬᠦ ᠥᠶᠡᠰ ᠲᠤᠰ ᠤᠷᠤᠨ ᠳᠤ ᠰᠠᠭᠤᠷᠢᠰᠢᠭ᠎ᠠ ᠭᠡᠰᠢᠭᠳᠡᠨ ᠬᠤᠰᠢᠭᠤᠨ ᠳᠤ ᠬᠠᠷᠢᠶᠠᠯᠠᠬᠳᠠᠬᠤ ᠵᠠᠭᠤ ᠢᠯᠡᠬᠦᠤ ᠮᠠᠯᠴᠢᠨ ᠲᠠᠶᠢᠵᠢ ᠬᠦᠭᠡ᠂ ᠷᠢᠨᠴᠢᠨ ᠨᠠᠷ ᠤᠨ ᠤᠳᠤᠷᠢᠳᠤᠯᠭ᠎ᠠ ᠪᠠᠷ ᠴᠤᠬᠯᠠᠵᠤ᠄ ︽ᠲᠡᠭᠡᠰᠤᠯᠡᠬᠦ ᠶᠢ ᠭᠡᠳᠤᠷᠢᠬᠦᠯᠬᠦ︾᠎ ᠶᠢ ᠬᠦᠰᠡᠭᠰᠡᠨ ᠳᠤ ᠪᠠᠭᠠᠷᠢᠨ ᠤ ᠨᠤᠶᠠᠳ ᠡᠰᠡ ᠬᠦᠯᠢᠶᠡᠪᠡ᠃ ᠬᠢᠯᠢᠩᠨᠡᠭᠰᠡᠨ ᠠᠷᠠᠳ ᠴᠢᠯᠠᠭᠤ ᠰᠢᠳᠠᠮ ᠡᠷᠬᠢᠬᠦᠯᠤᠨ ᠪᠠᠭᠠᠷᠢᠨ ᠤ ᠤᠶᠦᠨᠪᠢᠯᠢᠭ ᠮᠠᠶᠢᠷᠠᠨ ᠵᠡᠷᠭᠡ ᠨᠤᠶᠠᠳ ᠲᠠᠢ ᠭᠡᠷᠡᠬᠦᠯ ᠵᠢᠭᠤᠷᠭᠠᠨ ᠪᠤᠯᠵᠤ ᠪᠠᠶᠢᠬᠰᠡᠨ ᠢᠶᠠᠨ ᠠᠳᠠᠷ ᠬᠠᠭᠠᠯᠪᠤᠷᠢᠯᠠᠬᠤ ᠲᠤᠪᠴᠢᠶᠠᠨ ᠤ ᠭᠡᠰᠢᠬᠦᠳ ᠢ ᠴᠤ ᠬᠠᠮᠤᠷᠠᠪᠠ᠃ 7 ᠰᠠᠷ᠎ᠠ ᠶᠢᠨ 7᠎ ᠤ ᠡᠳᠤᠷ᠂ ᠲᠢᠩ ᠵᠢᠶᠧ ᠪᠠᠷ ᠪᠠᠭᠠᠷᠢᠨ ᠵᠢᠶᠦ᠋ᠨ ᠸᠠᠩ᠂ ᠪᠠᠶᠢᠰᠠ ᠸᠠᠩ᠂ ᠠᠳᠠᠷ ᠤᠨ ᠲᠤᠪᠴᠢᠶᠠᠨ ᠤ ᠠᠶᠢᠯᠠᠳᠬᠠᠯ ᠢ ᠥᠨᠳᠤᠰᠤᠯᠡᠵᠤ᠂ ᠴᠢᠩ ᠤᠨ ᠲᠦᠷᠤ ᠳᠤ ᠪᠤᠳᠤᠷᠤᠤᠯ ᠪᠢᠴᠢᠭ ᠡᠷᠬᠦᠵᠤ ᠡᠨᠡᠬᠦ ᠵᠢᠭᠤᠷᠭᠠᠨ ᠢ ᠬᠦᠮᠤᠨ ᠲᠤᠮᠢᠯᠠᠵᠤ ᠪᠠᠶᠢᠴᠠᠭᠠᠬᠤ ᠶᠢ ᠬᠦᠰᠡᠪᠡ᠃ 7 ᠰᠠᠷ᠎ᠠ ᠶᠢᠨ 17᠎ ᠤ ᠡᠳᠤᠷ ᠴᠤᠬᠤᠯᠳᠠ ᠪᠠᠭᠤᠵᠤ᠄ ︽ᠭᠤᠤᠯᠴᠢ ᠪᠠᠷ ᠨᠠᠷᠢᠨ ᠪᠠᠶᠢᠴᠠᠭᠠᠵᠤ ᠲᠤᠬᠢᠷᠠᠮᠵᠢᠳᠠᠢ ᠰᠢᠢᠳᠪᠤᠷᠢᠯᠡᠭᠳᠦᠨ︕︾ ᠭᠡᠮᠡᠭᠰᠡᠨ ᠳᠤ ᠬᠦᠮᠤᠨ ᠲᠤᠮᠢᠯᠠᠵᠤ ᠪᠠᠶᠢᠴᠠᠭᠠᠯᠳᠠ ᠬᠢᠯᠭᠡᠬᠦ ᠶᠢᠨ ᠵᠡᠷᠭᠡᠪᠡᠷ ᠭᠡᠰᠡᠭ ᠪᠦᠯᠦᠭ ᠬᠦᠮᠤᠰ ᠢ ᠰᠢᠬᠦᠨ ᠠᠰᠠᠭᠤᠪᠠ᠃ ᠡᠨᠡ ᠬᠤᠭᠤᠴᠠᠭᠠᠨ ᠳᠤ ᠪᠠᠭᠠᠷᠢᠨ ᠸᠠᠩ ᠭᠡᠰᠢᠭᠳᠡᠨ ᠬᠤᠰᠢᠭᠤ ᠯᠤᠭ᠎ᠠ ᠵᠦᠪᠳᠡᠵᠤ᠄ ︽ᠭᠡᠰᠢᠭᠳᠡᠨ ᠤ ᠬᠠᠷᠢᠶ᠎ᠠ ᠠᠷᠠᠳ ᠬᠤᠰᠢᠭᠤᠨ ᠳᠠᠭᠠᠨ ᠪᠤᠴᠠᠵᠤ ᠨᠤᠳᠤᠬᠯᠠᠨ᠂ ᠪᠠᠭᠠᠷᠢᠨ ᠪᠠᠷᠠᠭᠤᠨ ᠬᠤᠰᠢᠭᠤ ᠠᠳᠠᠷ ᠤᠨ ᠮᠦᠡᠭᠬᠦ ᠠᠴᠠ ᠭᠡᠰᠢᠭᠳᠡᠨ ᠤ 482 ᠡᠷᠤᠭᠡ ᠠᠷᠠᠳ ᠲᠤ ᠨᠡᠬᠦᠨ ᠪᠠᠭᠤᠵᠤ ᠮᠦᠡᠭᠬᠦ ᠲᠦᠮᠡᠨ ᠯᠠᠩ ᠥᠭᠬᠦ︾᠎ ᠪᠠᠷ ᠲᠤᠬᠳᠠᠬᠰᠡᠨ ᠢ ᠨᠢ ᠲᠢᠩ ᠵᠢᠶᠧ ᠬᠠᠭᠠᠰ ᠢ ᠨᠢ ᠥᠭᠬᠦ ᠪᠠᠷ ᠴᠤᠬᠤᠯᠠᠵᠤ ᠵᠦᠪᠰᠢᠶᠡᠷᠡᠭᠰᠡᠨ ᠠᠴᠠ ᠡᠷᠤᠭᠡ ᠪᠦᠬᠦᠨ ᠳᠤ 10 ᠯᠠᠩ 3 ᠴᠢᠶᠠᠨ 3 ᠯᠢ ᠤᠨᠤᠬᠳᠠᠵᠠᠢ᠃ ᠭᠠᠨᠵᠤᠤᠷ ᠰᠦᠮ᠎ᠠ ᠶᠢᠨ ᠯᠠᠮᠠ ᠬᠤᠸᠠᠷᠠᠭ ᠨᠠᠷ ᠤᠷᠤᠰᠢᠬᠤ ᠤᠷᠤᠨ ᠢᠶᠠᠨ ᠠᠯᠳᠠᠬᠰᠡᠨ ᠮᠦᠷᠳᠡᠭᠡᠨ 7 ᠰᠠᠷ᠎ᠠ ᠶᠢᠨ ᠰᠡᠬᠦᠯᠴᠢ ᠪᠠᠷ ᠴᠠᠭ ᠬᠤᠭᠤᠴᠠᠨ ᠰᠢᠯᠵᠢᠬᠦ ᠪᠠᠷ ᠪᠤᠯᠤᠬᠰᠡᠨ ᠳᠤ  ᠵᠦᠷᠢᠴᠡᠯ  ᠪᠠᠰᠠᠯᠠ  ᠡᠭᠦᠰᠬᠦ ᠪᠤᠯᠵᠠᠢ  ᠃  ᠡᠭᠦᠨ ᠳᠤ  ᠪᠤᠰᠤᠳ ᠬᠦᠮᠦᠨ ᠬᠡᠪᠳᠦ ᠶᠤᠰᠤᠳᠤ ᠶᠢᠨ  ᠠᠩᠬᠠᠳᠤᠭᠠᠷ ᠤᠨ ᠳᠤ  ᠴᠢᠩ ᠤᠨ  ᠵᠠᠰᠠᠭ ᠲᠤ ᠠᠶᠢᠯᠠᠳᠬᠠᠵᠤ  ᠄︽ᠮᠤᠩᠭᠤᠯ ᠬᠤᠰᠢᠭᠤᠳ ᠲᠤ  ᠠᠳᠠᠷ ᠬᠠᠭᠠᠯᠪᠤᠷᠢᠯᠠᠬᠤ ᠨᠢ  ᠮᠤᠩᠭᠤᠯ ᠢᠷᠭᠡᠳ ᠢ ᠠᠯᠪᠠᠳᠠᠨ ᠬᠦᠭᠡᠭᠡᠵᠤ ᠬᠠᠷᠬᠢᠰ ᠭᠡᠷᠴᠡᠭᠡᠢ ᠮᠦᠯᠵᠢᠯ ᠪᠤᠯᠪᠠ︾ ᠭᠡᠮᠡᠭᠰᠡᠨ ᠳᠤ ᠴᠢᠩ ᠤᠨ ᠵᠠᠰᠠᠭ ᠤᠨ ᠭᠠᠵᠠᠷ ᡁᠢ ᠯᠢ ᠎ ᠶᠢᠨ ᠪᠦᠬᠦᠳᠡ ᠶᠢ ᠵᠠᠬᠢᠷᠤᠬᠴᠢ ᠿᠦᠢ ᠹᠸᠡᠭ᠂ ᠿᠧ ᠡᠾᠧ ᠶᠢᠨ ᠪᠦᠬᠦᠳᠡ ᠶᠢ ᠵᠠᠬᠢᠷᠤᠬᠴᠢ ᠲᠢᠩ ᠵᠢᠶᠧ ᠪᠠᠷ ᠪᠠᠶᠢᠴᠠᠭᠠᠨ ᠰᠢᠢᠳᠪᠤᠷᠢᠯᠡᠬᠦᠯᠪᠡ᠃ ᠡᠬᠦᠨ ᠤ ᠳ᠋ᠦᠡᠭ ᠳᠤ ᠵᠠᠷᠢᠮ ᠵᠤᠶᠢᠯ ᠨᠢ ᠠᠶᠢᠯᠠᠳᠬᠠᠯ ᠳᠤ ᠠᠷᠠᠢ ᠨᠡᠶᠢᠴᠡᠬᠦ ᠥᠭᠡᠢ ᠪᠠᠶᠢᠪᠠ᠃ ᠰᠡᠬᠦᠯᠡᠷ ᠨᠢ ᠲᠢᠩ ᠵᠢᠶᠧ ᠪᠠᠭᠠᠷᠢᠨ ᠤ ᠠᠳᠠᠷ ᠬᠠᠭᠠᠯᠪᠤᠷᠢᠯᠠᠯᠳᠠ ᠶᠢᠨ ᠲᠤᠪᠴᠢᠶᠠᠨ ᠤ ᠶᠡᠷᠤᠩᠭᠡᠢ ᠮᠡᠳᠡᠭᠴᠢ ᠬᠦᠸᠧ ᠿᠸᠠ ᠲᠠᠢ ᠪᠠᠷ ᠲᠠᠮᠵᠢᠭᠤᠯᠤᠨ ᠲᠠᠪᠤᠨ ᠮᠢᠩᠭᠠᠨ ᠯᠠᠩ ᠮᠦᠡᠭᠬᠦ ᠶᠢ ᠨᠦᠬᠦᠨ ᠪᠠᠭᠤᠯᠭᠠᠪᠠ᠃ ᠡᠬᠦᠨ ᠤ ᠵᠡᠷᠭᠡᠪᠡᠷ ᠲᠢᠩ ᠵᠢᠶᠧ ᠵᠡᠷᠭᠡ ᠬᠦᠮᠤᠰ ᠴᠢᠩ ᠤᠨ ᠵᠠᠰᠠᠭ ᠢᠶᠠᠷ ᠵᠦᠪᠰᠢᠶᠡᠷᠡᠬᠦᠯᠵᠤ᠂ ᠲᠠᠶᠢᠵᠢ ᠬᠦᠭᠡ ᠶᠢ ᠵᠡᠷᠭᠡᠯᠡᠳᠡᠭᠡ ᠠᠶᠢᠮᠠᠭ ᠲᠤ ᠴᠦᠯᠠᠵᠤ ᠭᠠᠰᠢᠭᠤᠨ ᠠᠯᠪᠠ ᠬᠢᠯᠭᠡᠨ᠂ ᠲᠠᠶᠢᠵᠢ ᠷᠢᠨᠴᠢᠨ ᠤ ᠭᠡᠷᠭᠡᠮ ᠢ ᠨᠢ ᠬᠠᠰᠤᠵᠤ ᠴᠢᠭᠤᠯᠭᠠᠨ ᠲᠠᠷᠤᠭ᠎ᠠ ᠳᠤ ᠲᠤᠰᠢᠶᠠᠵᠤ᠂ ᠲᠡᠬᠦᠰ ᠤᠨ ᠮᠠᠶᠢᠷᠡᠨ ᠵᠡᠷᠭᠡ ᠶᠢ ᠡᠪᠳᠡᠵᠤ᠂ ᠬᠤᠰᠢᠭᠤᠨ ᠤ ᠰᠢᠳᠠᠷ ᠶᠠᠪᠤᠬᠤ ᠵᠠᠬᠢᠷᠤᠬᠴᠢ ᠯᠧ ᠱᠠᠨ ᠢ ᠭᠠᠳᠠᠭᠠᠳᠤ ᠮᠤᠩᠭᠤᠯ ᠤᠨ ᠶᠠᠮᠤᠨ ᠳᠤ ᠲᠤᠰᠢᠶᠠᠨ ᠥᠭᠴᠤ ᠰᠢᠢᠳᠪᠤᠷᠢᠯᠡᠬᠦᠯᠪᠡ᠃           1908 ᠤᠨ ᠤ 1 ᠰᠠᠷ᠎ᠠ ᠶᠢᠨ 7᠎ ᠤ ᠡᠳᠤᠷ ᠿᠧ ᠡᠾᠧ ᠶᠢᠨ ᠪᠦᠬᠦᠳᠡ ᠶᠢ ᠵᠠᠬᠢᠷᠤᠬᠴᠢ ᠠᠶᠢᠯᠠᠳᠬᠠᠯ ᠡᠷᠬᠦᠵᠤ᠂ ᠤᠯᠠᠭᠠᠨᠬᠠᠳᠠ ᠰᠢᠶᠠᠨ ᠢ ᡁᠢ ᠯᠢ ᠵᠸᠤ ᠪᠤᠯᠭᠠᠨ ᠲᠡᠪᠰᠢᠬᠦᠯᠵᠤ᠂ ᠺᠠᠶᠢᠯᠤ᠂ ᠠᠨ ᠳ᠋ᠦᠡᠭ᠂ ᠪᠠ ᠰᠢ ᠭᠤᠷᠪᠠᠨ ᠰᠢᠶᠠᠨ ᠨᠡᠮᠡᠵᠤ ᠪᠠᠶᠢᠭᠤᠯᠬᠤ ᠶᠢ ᠰᠠᠨᠠᠭᠠᠴᠢᠯᠠᠵᠠᠢ᠃ ᠪᠠ ᠰᠢ ᠪᠤᠯᠪᠠᠯ ᠲᠠᠷᠤᠢ ᠯᠢᠨᠰᠢ ᠰᠢᠶᠠᠨ ᠪᠤᠯᠤᠨ᠎ᠠ᠃ ᠪᠠᠭᠠᠷᠢᠨ ᠤ ᠪᠠᠷᠠᠭᠤᠨ ᠳᠤ ᠪᠠᠶᠢᠷᠢᠰᠢᠬᠰᠡᠨ ᠪᠤᠯᠬᠤᠷ ︽ᠪᠠ ᠰᠢ︾ ᠭᠡᠮᠡᠪᠡ᠃ 1 ᠰᠠᠷ᠎ᠠ ᠶᠢᠨ 30᠎ ᠤ ᠡᠳᠤᠷ ᠨᠢ ᠴᠢᠩ ᠤᠨ ᠵᠠᠰᠠᠭ ᠤᠨ ᠤᠷᠳᠤᠨ ᠠᠴᠠ ᠲᠤᠰ ᠠᠶᠢᠯᠠᠳᠬᠠᠯ ᠢ ᠵᠦᠪᠰᠢᠶᠡᠷᠡᠨ ᠢ ᠺᠤᠸᠠᠩ ᠵᠡᠷᠭᠡ ᠬᠦᠮᠤᠰ ᠎ ᠲᠤ ᠲᠤᠰᠢᠶᠠᠨ ᠥᠭᠴᠤ ᠲᠠᠪᠳᠠᠨ ᠵᠦᠪᠯᠡᠬᠦᠯᠵᠠᠢ᠃ ᠪᠠᠳᠠᠷᠠᠭᠤᠯᠳᠤ ᠲᠦᠷᠤ ᠶᠢᠨ ᠭᠤᠴᠢᠨ ᠲᠦᠷᠪᠡᠳᠤᠭᠡᠷ ᠤᠨ ᠤ 2 ᠰᠠᠷ᠎ᠠ ᠶᠢᠨ 15᠎ ᠤ ᠡᠳᠤᠷ ᠶᠡᠭᠡ ᠰᠠᠶᠢᠳ ᠢ ᠺᠤᠸᠠᠩ ᠬᠠᠷᠢᠭᠤ ᠠᠶᠢᠯᠠᠳᠬᠠᠯ ᠳᠠᠭᠠᠨ ︽ᠪᠠ ᠰᠢ ᠶᠢ ᠯᠢᠨᠰᠢ︾ ᠭᠡᠮᠡᠵᠤ ᠬᠠᠯᠠᠬᠤ ᠶᠢ ᠵᠦᠪᠯᠡᠪᠡ᠃ ᠢᠡᠭᠬᠢᠭᠡᠳ ᠯᠢᠨᠰᠢ ᠬᠢᠭᠡᠳ ᠺᠠᠶᠢᠯᠤ ᠵᠡᠷᠭᠡᠪᠡᠷ ᠪᠠᠶᠢᠭᠤᠯᠤᠬᠳᠠᠵᠠᠢ᠃ ᠵᠠᠩ ᠸᠧᠠ ᠬᠤᠤ ᠪᠤᠯ ᠯᠢᠨᠰᠢ ᠰᠢᠶᠠᠨ ᠤ ᠬᠠᠮᠤᠭ ᠠᠩᠬᠠᠨ ᠤ ᠰᠢᠶᠠᠨ ᠤ ᠮᠡᠳᠡᠭᠴᠢ ᠪᠤᠯᠤᠨ᠎ᠠ᠃ ᠲᠤᠬᠠᠢ ᠶᠢᠨ ᠥᠶ᠎ᠠ ᠳᠤ ᠰᠢᠶᠠᠨ ᠤ ᠵᠠᠬᠢᠷᠭ᠎ᠠ ᠨᠢ ᠤᠯᠢᠶᠠᠰᠤᠳᠠᠢ ᠶᠢᠨ ᠬᠦᠨᠳᠠᠢ ᠳᠤ ᠪᠠᠶᠢᠷᠢᠯᠠᠭᠤᠯᠤᠬᠰᠡᠨ ᠨᠢ ᠤᠳᠤᠬᠠᠨ ᠤ ᠯᠢᠨᠰᠢ ᠪᠠᠯᠭᠠᠰᠤᠨ ᠎ ᠤ ᠠᠩᠬᠠᠨ ᠤ ᠰᠠᠭᠤᠷᠢ ᠪᠤᠯᠤᠨ᠎ᠠ᠃ ᠤᠳᠤ ᠪᠤᠯᠳᠠᠯ᠎ᠠ ᠭᠡᠰᠡᠭ ᠪᠦᠯᠦᠭ ᠬᠦᠮᠤᠰ ᠯᠢᠨᠰᠢ ᠰᠢᠶᠠᠨ ᠤ ᠨᠡᠷᠡᠶᠢᠳᠤᠯ ᠤᠨ ᠢᠷᠡᠯᠳᠡ ᠶᠢᠨ ᠲᠤᠬᠠᠢ ᠤᠯᠠᠨ ᠵᠤᠶᠢᠯ ᠤᠨ ᠲᠠᠭᠠᠮᠠᠭ ᠲᠠᠯᠪᠢᠵᠤ ᠪᠤᠢ᠃ ᠥᠨᠡᠨ ᠳᠡᠭᠡᠨ ︽ᠯᠢᠨᠰᠢ︾ ᠭᠡᠭᠴᠢ ᠨᠢ ︽ᠪᠠᠭᠠᠷᠢᠨ ︵巴林︶᠎ ᠤ  ︵ ᠯᠢᠨ︶  ᠪᠠ  ᠪᠠᠷᠠᠭᠤᠨ ︵西︶ ᠭᠡᠬᠦ ᠬᠢᠳᠠᠳ ᠮᠤᠩᠭᠤᠯ ᠬᠤᠶᠠᠷ ᠭᠡᠯᠡ ᠠᠴᠠ ᠡᠬᠦᠰᠦᠭᠰᠡᠨ ᠬᠤᠯᠢᠮᠠᠭ ᠨᠡᠷ᠎ᠠ ᠪᠤᠯᠬᠤ ᠶᠤᠮ ᠪᠠᠶᠢᠨ᠎ᠠ᠃          ᠪᠠᠭᠠᠷᠢᠨ ᠤ ᠪᠠᠷᠠᠭᠤᠨᠳᠡᠬᠢ ᠠᠳᠠᠷ ᠬᠠᠭᠠᠯᠪᠤᠷᠢᠯᠠᠯᠳᠠ ᠨᠢ 1912 ᠤᠨ ᠪᠤᠯᠬᠤ ᠳᠤ ᠥᠨᠳᠤᠰᠤᠨ ᠎ ᠳᠡᠭᠡᠨ ᠲᠡᠬᠦᠰᠦᠭᠰᠡᠨ ᠪᠤᠯᠪᠠᠴᠤ ᠤᠷᠳᠤ ᠬᠤᠭᠤᠴᠠᠭ᠎ᠠ ᠪᠠᠷ  ᠲᠠᠰᠤᠷᠠᠯᠳᠠ  ᠥᠭᠡᠢ ᠶᠠᠪᠤᠬᠳᠠᠵᠤ᠂ 1931 ᠤᠨ ᠎ ᠳᠤ ᠯᠢᠨᠰᠢ ᠰᠢᠶᠠᠨ ᠶᠠᠫᠤᠨ ᠡᠵᠡᠷᠭᠡᠭ ᠲᠦᠷᠢᠮᠡᠭᠡᠶᠢᠳᠡᠨ ᠳᠤ ᠡᠵᠡᠯᠡᠭᠳᠡᠭᠰᠡᠨ ᠤ ᠲᠠᠷᠠᠭ᠎ᠠ ᠲᠠᠭᠤᠰᠤᠬᠰᠡᠨ ᠪᠠᠶᠢᠨ᠎ᠠ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号