ᠠᠭᠤᠯᠠᠰ ᠮᠠᠨᠠᠶᠢᠬᠢᠨ ᠤ ᠠᠮᠢᠳᠣᠷᠠᠯ
ᠨᠡᠶᠢᠲᠡᠯᠡᠭᠰᠡᠨ ᠴᠠᠭ᠄
2016-12-30
ᠰ᠊᠂ ᠠᠭᠤᠵᠢᠮ                          ᠠᠭᠤᠯᠠᠰ ᠮᠠᠨᠠᠶᠢᠬᠢᠨ ᠤ ᠠᠮᠢᠳᠣᠷᠠᠯ                                  ᠦᠷ ᠢᠶᠠᠷ ᠠᠭᠤᠯᠠᠰ ᠭᠡᠭᠡᠪᠴᠢᠨ ᠳᠡᠭᠡᠷ᠎ᠡ ᠢᠷᠡᠳᠡᠭ ᠪᠠᠶᠢᠯ᠎ᠠ      ᠦᠡᠭᠭᠡᠲᠦ ᠲᠣᠷᠭ᠎ᠠ ᠶᠢ ᠣᠰᠣᠨ ᠳᠤ ᠨᠣᠷᠭᠠᠵᠣ ᠭᠡᠷᠭᠡᠢ ᠮᠢᠨᠢ ᠨᠢᠭᠤᠷ ᠢ ᠨᠢ ᠵᠦᠯᠭᠦᠳᠡᠭ ᠪᠠᠶᠢᠯ᠎ᠠ      ᠠᠯᠳᠠᠭᠤᠯ ᠰᠢᠷᠭ᠎ᠠ ᠮᠢᠨᠢ ᠬᠠᠮᠢᠭ᠎ᠠ  ᠪᠠᠶᠢᠳᠠᠭ ᠪᠤᠯ ᠭᠡᠵᠦ ᠠᠪᠤ ᠪᠠᠰᠨ      ᠠᠭᠤᠯᠠᠰ ᠢᠶᠠᠨ ᠳᠣᠷᠠᠨᠳᠠᠳᠠᠭ ᠪᠠᠶᠢᠯ᠎ᠠ      ᠰᠣᠨᠳᠠᠭ ᠳᠣᠷᠠᠨ ᠤ ᠬᠢᠨᠢ ᠦᠵᠦᠭᠦᠷ ᠲᠤ      ᠰᠣᠷ ᠪᠤᠭᠤᠮᠢ ᠣᠶᠠᠪᠠ ᠭᠡᠯᠳᠡᠢ      ᠬᠤᠰᠤᠨ ᠤ ᠪᠠᠨ ᠣᠯᠠᠨ ᠮᠦᠴᠢᠷ ᠤᠨ ᠳᠣᠮᠳᠠ ᠠᠴᠠ      ᠬᠤᠷ ᠳᠠᠯ ᠲᠠᠢ ᠰᠢᠷᠭ᠎ᠠ ᠶᠢ ᠨᠢ ᠠᠭᠤᠯᠠᠰ ᠢᠯᠭᠠᠵᠣ ᠦᠭᠳᠡᠭ ᠪᠠᠶᠢᠯ᠎ᠠ      ᠠᠭᠤᠯᠠᠰ ᠮᠠᠨᠠᠶᠢᠬᠢᠨ ᠤ ᠠᠮᠢᠳᠣᠷᠠᠯ ᠳᠡᠭᠡᠵᠦ ᠡᠬᠢᠯᠡᠳᠡᠭ ᠪᠠᠶᠢᠯ᠎ᠠ      ᠣᠷᠭᠤᠳᠠᠭ ᠨᠠᠷᠨ ᠶᠢ ᠳᠣᠭᠤᠨᠣᠨ ᠳᠡᠭᠡᠷ᠎ᠡ ᠮᠢᠨᠢ ᠲᠣᠡᠡᠳᠠᠭᠠᠳᠠᠭ ᠴᠣ᠋ ᠪᠠᠶᠢᠯ᠎ᠠ      ᠦᠳᠡ ᠪᠤᠯᠬᠤ ᠬᠢᠷᠢ ᠦᠶ᠎ᠡ ᠲᠠᠢ ᠨᠤᠭᠤᠰᠤ ᠲᠠᠢ ᠪᠦᠬᠦᠨ ᠦᠷᠭᠡᠯᠡᠵᠦ ᠨᠤᠵᠤᠭᠤᠷᠠᠳᠠᠭ ᠪᠠᠶᠢᠯ᠎ᠠ      ᠰᠡᠭᠦᠳᠡᠷ ᠪᠠᠭᠤᠯᠭᠠᠬᠤ ᠮᠢᠨᠢ ᠶᠠᠭᠠᠬᠢᠯ᠎ᠠ ᠭᠡᠵᠦ ᠠᠭᠤᠯᠠᠰ ᠶᠠᠭᠠᠷᠠᠵᠦ      ᠰᠦᠮᠡᠭᠡᠷ ᠪᠤᠭᠤᠷᠤᠯ ᠲᠠᠯ᠎ᠠ ᠠᠴᠠ ᠪᠠᠨ ᠨᠠᠭᠠᠰᠢᠯᠠᠵᠤ ᠣᠶᠠᠭᠠᠨ ᠳᠡᠭᠡᠷ᠎ᠡ ᠮᠢᠨᠢ ᠢᠷᠡᠳᠡᠭ ᠪᠠᠶᠢᠯ᠎ᠠ      ᠰᠡᠷᠢᠭᠦᠦ ᠳᠠᠳ᠋ᠬᠠᠰᠠᠨ ᠬᠦᠬᠡ ᠰᠡᠭᠦᠳᠡᠷ ᠠᠴᠠ ᠨᠢ ᠪᠤᠷᠤᠭ᠎ᠠ ᠰᠢᠪᠡᠷᠡᠵᠦ      ᠰᠠᠶᠢᠨ ᠵᠢᠯ ᠤᠨ ᠦᠡᠭᠭᠡ ᠳᠡᠮᠳᠡᠭ ᠮᠡᠳᠡᠭᠳᠡᠳᠡᠭ ᠪᠠᠶᠢᠯ᠎ᠠ      ᠠᠭᠤᠯᠠᠰ ᠮᠠᠨᠠᠶᠢᠬᠢᠨ ᠤ ᠠᠮᠢᠳᠣᠷᠠᠯ ᠳᠡᠭᠡᠵᠦ ᠦᠷᠨᠢᠵᠦ      ᠣᠳᠠᠰᠣ ᠵᠡᠭᠦᠦ ᠬᠤᠶᠠᠷ ᠰᠢᠭ᠋ ᠬᠡᠯᠬᠢᠯᠳᠣᠳᠡᠭ ᠪᠠᠶᠢᠯ᠎ᠠ      ᠬᠠᠷᠠᠩᠭᠤᠢ ᠪᠤᠯᠬᠤ ᠠᠴᠠ ᠯᠨ ᠬᠠᠮᠢᠭ᠎ᠠ ᠦᠭᠡᠢ ᠶᠡᠭᠡ ᠠᠶᠣᠳᠠᠭ ᠪᠠᠶᠢᠯ᠎ᠠ ᠪᠢᠳᠡ      ᠬᠠᠯᠳᠠᠷ ᠴᠢᠷᠠᠢ ᠲᠠᠢ ᠮᠠᠩᠭᠤᠰ ᠢᠷᠡᠪᠡᠯ ᠴᠣ᠋ ᠭᠡᠵᠦ ᠲᠬᠠᠵᠢᠳᠠᠭ ᠪᠠᠶᠢᠡᠡᠰᠠᠨ      ᠬᠡᠤᠬᠡᠳ ᠤᠨ ᠰᠡᠳᠬᠢᠯ ᠢ ᠮᠠᠳᠡᠭᠰᠡᠨ ᠶᠣᠮ ᠰᠢᠭ᠋ ᠠᠭᠤᠯᠠᠰ ᠳᠡᠩᠬᠡᠶᠢᠵᠦ      ᠬᠦᠬᠡ ᠳᠡᠭᠷᠢ ᠶᠢᠨ ᠣᠳᠣᠳ ᠢ ᠳᠠᠭᠤᠳᠠᠵᠦ ᠴᠬᠠᠳᠠᠳᠠᠭ ᠴᠣ᠋ ᠪᠠᠶᠢᠡᠡᠰᠠᠨ      ᠵᠣᠯᠨ ᠡᠷᠭᠦᠶ᠎ᠡ᠂ ᠠᠭᠤᠯᠠᠨ ᠳᠠᠭᠠᠨ︕ ᠭᠡᠵᠦ ᠡᠮᠡᠭᠡ ᠮᠢᠨᠢ ᠪᠤᠵᠢᠭᠢᠨᠠᠵᠤ      ᠵᠣᠨ ᠤ ᠨᠠᠷᠨ ᠰᠢᠭ᠋ ᠴᠦᠭᠦᠴᠨ ᠲᠠᠢ ᠰᠢᠷ᠎ᠠ ᠲᠣᠰᠤ ᠠᠰᠠᠭᠠᠳᠠᠭ ᠪᠠᠶᠢᠡᠡᠰᠠᠨ      ᠡᠷᠡᠭᠡᠶᠢᠪᠴᠢ ᠶᠢᠨ ᠴᠢᠨᠡᠭᠡ ᠰᠢᠷ᠎ᠠ ᠲᠣᠰᠣ ᠰᠦᠨᠢᠵᠢᠨ ᠰᠦᠮᠡᠯᠵᠡᠵᠦ      ᠡᠩᠭᠡᠷ ᠤᠨ ᠬᠢᠨᠢ ᠨᠠᠷᠨ ᠲᠠᠢ ᠰᠦᠯ ‍ᠤᠨ‌‍ᠲ᠋ᠣᠮᠳᠠ ᠭᠡᠷᠡᠯ ᠢᠶᠠᠷ ᠰᠦᠯᠵᠢᠯᠳᠦᠳᠡᠭ      ᠠᠭᠤᠯᠠᠰ ᠮᠠᠨᠠᠶᠢᠬᠢᠨ ᠤ ᠠᠮᠢᠳᠣᠷᠠᠯ ᠳᠡᠭᠡᠵᠦ ᠬᠦᠭᠵᠢᠨ      ᠣᠶᠠᠩᠭ᠎ᠠ ᠳᠠᠭᠤᠣ ᠶᠢᠨ ᠳᠣᠮᠳᠠ ᠵᠢᠷᠭᠠᠵᠤ ᠪᠠᠶᠢᠳᠠᠭ ᠡ      ᠬᠠᠭᠵᠠᠷᠬᠠᠢ ᠴᠠᠰᠦ ᠲᠠᠢ ᠡᠪᠦᠯ      ᠬᠠᠨᠠᠭᠠᠷ ᠬᠦᠬᠡ ᠠᠭᠤᠯᠠᠰ ᠮᠢᠨᠢ      ᠮᠠᠯ ᠤᠨ ᠬᠦᠯ ᠳᠠᠭᠠᠵᠦ      ᠮᠠᠨᠠᠶᠢᠬᠢᠨ ᠳᠤ ᠢᠷᠡᠳᠡᠭ ᠪᠠᠶᠢᠯ᠎ᠠ      ᠰᠢᠭᠤᠷᠭ᠎ᠠ᠂ ᠴᠢᠯᠠᠭᠤ ᠲᠠᠢ ᠪᠠᠨ ᠠᠳᠠᠯᠢᠬᠠᠨ ᠦᠯᠴᠢᠷᠬᠡᠨ      ᠰᠢᠨᠤᠯ᠂ ᠵᠠᠨᠤᠯ ᠤᠨ ᠲᠠᠶᠢᠵᠠᠨ ᠠᠴᠠ ᠬᠤᠯᠠᠬᠠᠨ      ᠠᠭᠤᠯᠠᠰ ᠤᠨ ᠮᠢᠨᠢ ᠠᠮᠢᠰᠬᠤᠭ᠎ᠠ ᠬᠤᠨᠢᠳ ᠤᠨ ᠬᠠᠮᠠᠷ ᠠᠴᠠ      ᠬᠠᠯᠠᠭᠤᠨ ᠠᠭᠤᠷ ᠪᠤᠯᠵᠤ ᠰᠡᠪ ᠰᠡᠪ ᠰᠠᠪᠰᠠᠳᠠᠭ ᠪᠠᠶᠢᠯ᠎ᠠ      ᠠᠭᠤᠯᠠᠰ ᠮᠠᠨᠠᠶᠢᠬᠢᠨ ᠤ ᠵᠢᠷᠦᠬᠡ ᠳᠡᠭᠡᠵᠦ ᠬᠤᠯᠪᠤᠯᠳᠤᠵᠤ      ᠣᠯᠠᠭᠠᠨ ᠨᠢᠳᠦᠳᠡᠢ ᠡᠪᠣᠯ ᠠᠴᠠ ᠠᠵᠨ ᠲᠠᠢ ᠰᠠᠯᠳᠠᠭ ᠪᠠᠶᠢᠯ᠎ᠠ      ᠬᠤᠯᠨ ᠳᠠᠭᠠᠨ ᠨᠠᠷᠨ ᠲᠣᠨᠤᠷᠠᠵᠤ      ᠣᠶᠢᠷ᠎ᠠ ᠳᠠᠭᠠᠨ ᠠᠭᠤᠯᠠᠰ ᠴᠡᠩᠭᠡᠷᠯᠡᠵᠦ      ᠬᠤᠨ ᠴᠢᠨ ᠤ ᠳᠠᠭᠤᠨ ᠳᠤ ᠤᠶᠠᠷᠠᠨ      ᠬᠤᠰᠤ ᠴᠠᠷᠠᠰᠤᠨ ᠤ ᠬᠢᠨᠢ ᠮᠦᠴᠢᠷ ᠡᠬᠢᠯᠡᠵᠦ ᠬᠦᠯᠦᠭᠡᠯᠡᠳᠡᠭ ᠪᠠᠶᠢᠯ᠎ᠠ      ᠬᠠᠳᠠᠭ ᠳᠠᠳ᠋ᠬᠠᠰᠠᠨ ᠭᠡᠮᠡᠷ      ᠬᠠᠶᠢᠯᠤᠭ᠎ᠠ ᠦᠭᠡᠢ ᠴᠠᠰᠦ ᠨᠢ ᠬᠦᠵᠦᠭᠦᠦ ᠶᠢ ᠨᠢ ᠣᠷᠢᠶᠠᠨ      ᠠᠳᠣᠭᠤᠨ ᠰᠦᠷᠦᠭ ᠤᠨ ᠬᠢᠨᠢ ᠳᠣᠮᠳᠠ ︽ᠲᠣᠩᠭᠤᠴᠠᠨ︾      ᠠᠭᠤᠯᠠᠰ ᠣᠰᠣᠨ ᠳᠤ ᠢᠷᠡᠳᠡᠭ ᠪᠠᠶᠢᠯ᠎ᠠ      ᠢᠷᠦᠭᠡᠯ ᠲᠠᠢ ᠬᠦᠬᠡ ᠠᠭᠤᠯᠨ ᠮᠢᠨᠢ ᠭᠡᠵᠦ ᠠᠪᠤ ᠪᠠᠶᠠᠷᠯᠠᠵᠤ      ᠢᠰᠡᠭᠡᠢ ᠰᠢᠭ ᠰᠢᠷᠢᠯᠳᠦᠭᠰᠡᠨ ᠵᠦᠯᠭᠡᠨ ᠳᠡᠭᠡᠷ᠎ᠡ ᠲᠠᠮᠠᠭᠠᠨ ᠨᠠᠶᠢᠷ ᠢᠶᠠᠨ ᠡᠬᠢᠯᠡᠭᠦᠯᠳᠡᠭ ᠪᠠᠶᠢᠯ᠎ᠠ      ᠠᠭᠤᠯᠠᠰ ᠮᠠᠨᠠᠶᠢᠬᠢᠨ ᠤ  ᠰᠡᠳᠬᠢᠯ ᠳᠡᠭᠡᠵᠦ ᠪᠠᠬᠢᠵᠢᠵᠦ      ᠣᠨ ᠣᠨ ᠤ ᠬᠦᠷᠳᠦᠨ ᠳᠤ ᠠᠵᠨ ᠲᠠᠢ ᠣᠯᠣᠰ ᠶᠠᠪᠤᠳᠠᠭ ᠡ      ᠪᠦᠬᠡᠴᠢᠨ ᠤ ᠵᠠᠩᠭᠢᠶ᠎ᠠ ᠶᠢ ᠭᠠᠵᠠᠷ ᠳᠠᠭᠠᠭ᠎ᠠ ᠶᠠᠳᠠᠵᠦ      ᠪᠦᠷᠭᠦᠭᠡᠷ ᠲᠠᠢ ᠠᠶᠢᠷᠠᠭ ᠢ ᠭᠤᠣᠯ ᠪᠠᠭᠳᠠᠭ᠎ᠠ ᠶᠠᠳᠠᠮ᠎ᠠ ᠵᠤᠨ      ᠨᠠᠭᠠᠳᠣᠮ ᠤᠨ ᠴᠠᠭᠠᠨ ᠮᠠᠶᠢᠬᠠᠨ ᠤ ᠳᠡᠷᠭᠡᠳᠡ      ᠨᠠᠯᠠᠭᠠᠷ ᠬᠦᠬᠡ ᠠᠭᠤᠯᠠᠰ ᠮᠢᠨᠢ ᠪᠠᠶᠢᠳᠠᠭ ᠡ      ︽ᠵᠢᠭᠠᠬᠠᠨ ᠰᠢᠷᠭ᠎ᠠ︾ ᠶᠢᠨ ᠪᠦᠮᠪᠦᠯᠵᠡᠭᠡᠨ ᠳᠤ ᠰᠣᠡᠡᠳᠣᠵᠣ      ᠵᠢᠪᠡᠷᠲᠦ ᠲᠡᠭᠷᠢ ᠶᠢᠨ ᠬᠠᠶᠠᠭᠠᠨ ᠳᠤ ᠵᠢᠷᠭᠠᠵᠦ ᠨᠢᠭᠡ ᠬᠡᠪᠳᠡᠳᠡᠭ ᠡ      ᠠᠭᠤᠯᠠᠰ ᠮᠠᠨᠠᠶᠢᠬᠢᠨ ᠤ  ᠬᠡᠶᠢᠮᠤᠷᠢ ᠳᠡᠭᠡᠵᠦ ᠨᠢᠭᠡ ᠳᠡᠭᠳᠡᠵᠦ      ᠠᠭᠤᠳᠠᠮ ᠨᠣᠭᠤᠭᠠᠨ ᠳᠠᠯ᠎ᠠ ᠪᠠᠨ ᠨᠠᠭᠠᠳᠣᠮ ᠢᠶᠠᠷ ᠳᠣᠷᠭᠢᠭᠤᠯᠵᠤ ᠬᠠᠶᠠᠳᠠᠭ ᠡ      ᠰᠢᠷ᠎ᠠ ᠲᠣᠰᠤ ᠬᠦᠪᠪᠦᠭᠰᠡᠨ ᠰᠢᠭ ᠨᠠᠮᠣᠷ      ᠱᠠᠩᠳᠠᠭᠤᠷᠠᠵᠤ ᠠᠭᠤᠯᠠᠰ ᠣᠷᠣᠨ ᠳᠠᠭᠠᠨ ᠯᠨ ᠪᠠᠶᠢᠳᠠᠭ      ᠠᠳᠣᠭᠤᠨ ᠤ ᠮᠢᠨᠢ ᠳᠡᠯ ᠳᠡᠭᠡᠷ᠎ᠡ ᠰᠦᠷ ᠢᠶᠠᠨ ᠣᠶᠠᠵᠤ      ᠠᠶᠢᠯ ᠤᠨ ᠮᠢᠨᠢ ᠣᠷᠢᠲᠠᠢ ᠰᠡᠭᠦᠳᠡᠷ ᠢᠶᠠᠨ ᠲᠣᠱᠠᠵᠦ      ᠳᠣᠪᠤ ᠭᠡᠮᠡᠷ ᠲᠡᠭᠡᠭᠡᠰᠢ ᠶᠢ ᠲᠡᠷᠭᠡᠨ ᠳᠤ ᠠᠴᠢᠭᠤᠯᠵᠤ      ᠲᠣᠪᠴᠢ ᠭᠡᠮᠡᠷ ᠪᠤᠳᠠᠭ᠎ᠠ ᠶᠢ ᠢᠡᠭ ᠳᠤ ᠦᠡᠭᠬᠦᠷᠢᠭᠦᠯᠵᠦ      ᠠᠭᠤᠯᠠᠰ ᠮᠠᠨᠠᠶᠢᠬᠢᠨ ᠤ  ᠠᠮᠢᠳᠣᠷᠠᠯ ᠳᠡᠭᠡᠵᠦ ᠨᠢᠭᠡ ᠪᠠᠶᠠᠵᠢᠵᠦ      ᠣᠨ ᠴᠠᠭ ᠤᠨ ᠬᠦᠷᠳᠦᠨ ᠳᠤ ᠠᠵᠨ ᠲᠠᠢ ᠣᠯᠣᠰ ᠤᠳ ᠶᠠᠪᠤᠳᠠᠭ ᠡ᠃                                            1997 ᠣᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号