ᠲᠠᠶᠢᠴᠢᠩ ᠬᠦᠷᠦᠨ ᠎ ᠤ  ᠦᠶ᠎ᠡ ᠳᠤ  ᠪᠠᠭᠠᠷᠢᠨ  ᠠᠶᠢᠮᠠᠭ ᠎ ᠤᠨ  ᠸᠠᠩ ᠬᠦᠩ  ᠡᠩᠭᠡ ᠠᠮᠤᠭᠤᠯᠠᠩ ᠎ ᠢ   ᠪᠠᠷᠠᠭᠠᠳᠠᠭᠰᠠᠨ  ᠦᠨᠡᠨ ᠲᠡᠮᠳᠡᠭᠯᠡᠡᠯ  ︵ᠳᠤᠤᠷᠠᠳᠤ︶
ᠨᠡᠶᠢᠲᠡᠯᠡᠭᠰᠡᠨ ᠴᠠᠭ᠄
2016-12-28
     ᠡᠩᠭᠡ ᠠᠮᠤᠭᠤᠯᠠᠩ ᠤᠨ  ᠬᠤᠷᠢᠨ   ᠵᠢᠷᠭᠤᠳᠤᠭᠠᠷ  ᠤᠨ  ᠎ ᠤ ︵  ᠤᠯᠠᠭᠠᠭᠴᠢᠨ ᠲᠠᠤᠯᠠᠢ ᠵᠢᠯ᠂1687 ᠤᠨ︶    ᠴᠠᠭᠠᠨ ᠰᠠᠷ᠎ᠠ ᠶᠢᠨ ᠠᠷᠪᠠᠨ  ᠲᠦᠷᠪᠡᠨ  ᠎ ᠤ ᠡᠳᠦᠷ    ︵ ᠬᠠᠷᠠᠭᠴᠢᠨ ᠮᠤᠭᠠᠢ︶᠎ ᠤᠨ   ᠦᠳᠡ ᠳᠤ   ᠬᠠᠭᠠᠨ ᠡᠵᠡᠨ ᠪᠤᠤ ᠾᠧ  ᠳ᠋ᠢᠶᠠᠨ ᠤᠷᠳᠤᠨ  ᠎ ᠳᠤ  ᠴᠠᠭᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠤᠨ  ᠶᠡᠭᠡ ᠲᠠᠶᠢᠯᠠᠯᠭ᠎ᠠ ᠬᠢᠵᠦ  ᠲᠦᠷᠦ ᠳᠤ ᠢᠷᠡᠭᠰᠡᠨ  ᠭᠠᠳᠠᠭᠠᠳᠤ ᠮᠤᠩᠭᠤᠯ ᠤᠨ  ᠪᠠᠭᠠᠷᠢᠨ  ᠠᠶᠢᠮᠠᠭ ᠤᠨ   ᠲᠦᠷᠪᠡᠳᠦᠭᠡᠷ  ᠵᠡᠷᠭᠡ ᠶᠢᠨ ᠲᠠᠶᠢᠵᠢ  ᠯᠤᠵᠠᠩ     ᠵᠢᠴᠢ  ᠡᠯ᠎ᠡ ᠬᠤᠰᠢᠭᠤᠨ ᠤ  ᠮᠤᠩᠭᠤᠯ  ᠸᠠᠩ ᠭᠦᠩ᠂ ᠲᠠᠶᠢᠵᠢ   ᠲᠠᠪᠤᠨᠠᠩ ᠨᠠᠷ ᠲᠠᠢ ᠠᠷᠬᠢᠳᠠᠨ ᠴᠡᠩᠭᠡᠯᠳᠦᠪᠡ᠃       ᠬᠤᠶᠠᠷ  ᠰᠠᠷ᠎ᠠ ᠶᠢᠨ  ᠠᠷᠪᠠᠨ  ᠭᠤᠷᠪᠠᠨ  ᠎ ᠤ   ᠡᠳᠦᠷ  ︵ᠴᠠᠭᠠᠭᠴᠢᠨ  ᠲᠠᠬᠢᠶ᠎ᠠ︶  ᠎ ᠤᠨ  ᠬᠤᠨᠢᠨ ᠴᠠᠭ ᠎ ᠲᠤ  ᠬᠠᠭᠠᠨ  ᠡᠵᠡᠨ  ᠵᠢᠩ ᠱᠠᠨ  ᠎ ᠤ  ᠡᠮᠦᠨ᠎ᠡ ᠤᠷᠳᠤᠨ  ᠎ ᠳᠤ ᠬᠡᠰᠢᠭ ᠢᠶᠠᠷ  ︵ᠵᠢᠱᠢᠶ᠎ᠡ︶  ᠠᠯᠪᠠ  ᠪᠠᠷᠢᠬᠤ ᠎ ᠪᠠᠷ ᠢᠷᠡᠭᠰᠡᠨ  ᠪᠠᠭᠠᠷᠢᠨ  ᠎ ᠤ  ᠲᠦᠷᠪᠡᠳᠦᠭᠡᠷ  ᠵᠡᠷᠭᠡ ᠶᠢᠨ  ᠲᠠᠶᠢᠵᠢ   ᠨᠤᠷᠪᠤ  ᠵᠡᠷᠭᠡ ᠬᠦᠮᠦᠨ  ᠎ ᠳᠤ  ᠬᠤᠷᠢᠮ ᠎ ᠤᠨ  ᠰᠢᠷᠡᠭᠡ   ᠵᠠᠰᠠᠵᠤ  ᠲᠠᠶᠢᠯᠠᠵᠠᠢ᠃ ᠠᠷᠪᠠᠨ  ᠭᠤᠷᠪᠠᠨ  ᠎ ᠤ  ᠡᠳᠦᠷ  ︵ᠴᠠᠭᠠᠨ ᠬᠤᠯᠤᠭᠠᠨ᠎ᠠ︶  ᠎ ᠤᠨ  ᠬᠤᠨᠢᠨ ᠴᠠᠭ ᠲᠤ  ᠬᠠᠭᠠᠨ  ᠡᠵᠡᠨ  ᠵᠢᠩ ᠱᠠᠨ  ᠎ ᠤ  ᠡᠮᠦᠨ᠎ᠡ ᠤᠷᠳᠤᠨ  ᠎ ᠳᠤ ᠬᠡᠰᠢᠭ ᠢᠶᠠᠷ  ︵ᠵᠢᠱᠢᠶ᠎ᠡ︶ ᠢᠷᠡᠭᠰᠡᠨ  ᠪᠠᠭᠠᠷᠢᠨ  ᠎ ᠤ   ᠲᠦᠷᠪᠡᠳᠦᠭᠡᠷ  ᠵᠡᠷᠭᠡ ᠶᠢᠨ  ᠲᠠᠶᠢᠵᠢ  ᠨᠤᠷᠪᠤ  ᠵᠡᠷᠭᠡ ᠬᠦᠮᠦᠨ  ᠎ ᠳᠤ  ᠬᠤᠷᠢᠮ ᠤᠨ  ᠰᠢᠷᠡᠭᠡ   ᠵᠠᠰᠠᠵᠤ  ᠲᠠᠶᠢᠯᠠᠵᠠᠢ᠃   ᠲᠦᠷᠪᠡᠨ ᠰᠠᠷ᠎ᠠ ᠶᠢᠨ  ᠲᠠᠪᠤᠨ ᠤ ᠡᠳᠦᠷ    ᠬᠠᠭᠠᠨ ᠡᠵᠡᠨ ︵ ᠬᠠᠷ᠎ᠠ ᠬᠤᠯᠤᠭᠠᠨ᠎ᠠ  ︶  ᠵᠢᠩ ᠱᠠᠨ  ᠎ ᠤ  ᠡᠮᠦᠨ᠎ᠡ ᠤᠷᠳᠤᠨ  ᠎ ᠳᠤ  ᠬᠡᠰᠢᠭ ᠢᠶᠠᠷ  ︵ᠵᠢᠱᠢᠶ᠎ᠡ︶  ᠲᠦᠷᠦ  ᠎ ᠳᠤ ᠠᠯᠪᠠ  ᠪᠠᠷᠢᠬᠤ ᠪᠠᠷ ᠢᠷᠡᠭᠰᠡᠨ  ᠭᠠᠳᠠᠭᠠᠳᠤ ᠮᠤᠩᠭᠤᠯ ᠤᠨ  ᠪᠠᠭᠠᠷᠢᠨ  ᠠᠶᠢᠮᠠᠭ ᠤᠨ  ᠭᠤᠷᠪᠠᠳᠤᠭᠠᠷ  ᠵᠡᠷᠭᠡ ᠶᠢᠨ ᠲᠠᠶᠢᠵᠢ    ᠠᠯᠠᠶᠢᠴᠦᠩ  ᠂ ᠲᠦᠷᠪᠡᠳᠦᠭᠡᠷ ᠵᠡᠷᠭᠡ ᠶᠢᠨ  ᠲᠠᠶᠢᠵᠢ  ᠮᠡᠷᠭᠡᠨ  ᠵᠡᠷᠭᠡ ᠬᠦᠮᠦᠨ  ᠎ ᠳᠤ  ᠬᠤᠷᠢᠮ ᠤᠨ  ᠰᠢᠷᠡᠭᠡ   ᠵᠠᠰᠠᠵᠤ  ᠲᠠᠶᠢᠯᠠᠵᠠᠢ᠃  ᠲᠤᠯᠤᠭᠠᠨ  ᠰᠠᠷ᠎ᠠ ᠶᠢᠨ  ᠠᠷᠪᠠᠨ ᠨᠠᠢᠮᠠᠨ  ᠎ ᠤ ᠡᠳᠦᠷ    ᠬᠠᠭᠠᠨ ᠡᠵᠡᠨ ︵ ᠬᠦᠭᠡ ᠯᠤᠤ ︶  ᠶᠢᠩ  ᠎ ᠲᠠᠢ  ᠎ ᠶᠢᠨ   ᠴᠢᠨ ᠵᠧᠩ ᠲᠢᠶᠠᠨ  ᠤᠷᠳᠤᠨ  ᠎ ᠳᠤ  ᠬᠡᠰᠢᠭ ᠢᠶᠠᠷ  ︵ᠵᠢᠱᠢᠶ᠎ᠡ︶  ᠲᠦᠷᠦ  ᠎ ᠳᠤ ᠠᠯᠪᠠ  ᠪᠠᠷᠢᠬᠤ ᠪᠠᠷ ᠢᠷᠡᠭᠰᠡᠨ  ᠭᠠᠳᠠᠭᠠᠳᠤ ᠮᠤᠩᠭᠤᠯ ᠤᠨ  ᠪᠠᠭᠠᠷᠢᠨ  ᠠᠶᠢᠮᠠᠭ ᠤᠨ  ᠨᠢᠭᠡᠳᠦᠭᠡᠷ ᠵᠡᠷᠭᠡ ᠶᠢᠨ ᠲᠠᠶᠢᠵᠢ  ᠭᠡᠷᠡᠯᠳᠦ ᠵᠡᠷᠭᠡ ᠬᠦᠮᠦᠨ  ᠎ ᠳᠤ  ᠬᠤᠷᠢᠮ ᠤᠨ  ᠰᠢᠷᠡᠭᠡ   ᠵᠠᠰᠠᠵᠤ  ᠲᠠᠶᠢᠯᠠᠵᠠᠢ᠃  ᠲᠤᠰ ᠰᠠᠷ᠎ᠠ ᠶᠢᠨ  ᠬᠦᠭᠡ ᠮᠤᠷᠢᠨ ᠡᠳᠦᠷ  ᠬᠠᠭᠠᠨ ᠡᠵᠡᠨ  ᠪᠠᠭᠠᠷᠢᠨ  ᠎ ᠤ ᠰᠡᠴᠡᠨ ᠲᠡᠭᠡᠳᠦ ᠬᠦᠷᠦᠨ ᠬᠦᠩᠵᠦ  ᠎ ᠶᠢᠨ ᠰᠠᠭᠤᠭ᠎ᠠ ᠭᠠᠵᠠᠷ   ᠬᠠᠯᠳᠠᠪᠤᠷᠢᠳᠤ ᠡᠪᠡᠳᠴᠢᠨ  ᠲᠡᠯᠭᠡᠷᠡᠵᠦ  ᠦᠭᠡᠷ ᠮᠤᠷᠢ  ᠬᠤᠨᠢ ᠢᠮᠠᠭ᠎ᠠ ᠤᠯᠠᠨ  ᠦᠬᠦᠵᠦ᠂  ᠠᠮᠤ ᠲᠠᠷᠢᠶ᠎ᠠ ᠬᠤᠷᠢᠶᠠᠯᠳᠠ  ᠤᠯᠤᠭᠰᠠᠨ  ᠦᠭᠡᠢ   ᠴᠢᠮᠡᠭᠡ ᠶᠢᠨ  ᠦᠨᠡᠨ  ᠎ ᠢ   ᠨᠤᠳᠠᠯᠠᠵᠤ  ᠂   ᠴᠢᠶᠠᠨ ᠴᠢᠩ ᠮᠧᠨ  ᠎ ᠤ ᠬᠢᠶ᠎ᠡ ᠡᠦ ᠵᠠᠩ  ᠎ ᠢ   ᠵᠠᠷᠯᠢᠭᠳᠠᠨ  ᠲᠦᠷᠭᠡᠨ ᠪᠠᠭᠠᠷᠢᠨ ᠤᠷᠤᠨ ᠳᠤ  ᠤᠴᠢᠵᠦ  ᠬᠦᠩᠵᠦ ᠶᠢ ᠪᠡᠭᠡᠵᠢᠩ  ᠎ ᠳᠤ ᠵᠠᠯᠠᠵᠤ ᠠᠪᠴᠢᠷᠠᠬᠤ  ᠎ ᠶᠢᠨ ᠬᠠᠮᠳᠦ  ᠪᠠᠭᠠᠷᠢᠨ  ᠎ ᠤ ᠭᠠᠮᠰᠢᠳᠠᠭᠰᠠᠨ ᠤᠷᠤᠨ  ᠎ ᠳᠤ  ᠲᠡᠮᠡᠭᠡ ᠮᠤᠷᠢ  ᠠᠮᠤ ᠪᠤᠳᠠᠭ᠎ᠠ  ᠲᠡᠭᠡᠭᠡᠪᠦᠷᠢᠯᠡᠵᠦ ᠲᠡᠳᠭᠦᠭᠳᠦᠨ  ᠬᠡᠮᠡᠨ ᠵᠠᠷᠯᠢᠭᠳᠠᠵᠠᠢ᠃  ᠨᠠᠢᠮᠠᠨ ᠰᠠᠷ᠎ᠠ ᠶᠢᠨ  ᠠᠷᠪᠠᠨ ᠲᠤᠯᠤᠭᠠᠨ  ᠎ ᠤ ᠡᠳᠦᠷ  ︵ᠬᠠᠷᠠᠭᠴᠢᠨ ᠭᠠᠭ᠋ᠠᠢ  ︶  ᠬᠠᠭᠠᠨ ᠡᠵᠡᠨ   ᠬᠤᠸᠠ  ᠯᠢᠦ  ︵ᠤᠯᠢᠶᠠᠰᠤᠳᠠᠢ  ᠲᠠᠯ᠎ᠠ︶  ᠎ ᠳᠤ   ᠪᠠᠭᠤᠳᠠᠯᠯᠠᠭᠰᠠ  ᠎ ᠳᠤ   ᠪᠠᠭᠠᠷᠢᠨ  ᠎ ᠤ ᠵᠠᠰᠠᠭ ᠲᠦᠷᠦ ᠶᠢᠨ  ᠵᠢᠶᠦ᠋ᠨ ᠸᠠᠩ  ᠨᠠᠮᠳᠠᠭ  ᠢᠷᠡᠵᠦ ᠠᠮᠦᠷ ᠢ  ᠡᠷᠢᠪᠡ᠃   ᠬᠤᠷᠢᠨ  ᠲᠦᠷᠪᠡᠨ  ᠎ ᠤ ᠡᠳᠦᠷ  ︵ ᠴᠠᠭᠠᠨ ᠮᠤᠷᠢ  ︶  ᠬᠠᠭᠠᠨ ᠡᠵᠡᠨ   ᠰᠢᠷ᠎ᠠ ᠬᠦᠳᠦᠯ ᠳᠤ   ᠪᠠᠭᠤᠳᠠᠯᠯᠠᠵᠤ  ᠂ ᠲᠤᠰ ᠡᠳᠦᠷ   ᠪᠠᠭᠠᠷᠢᠨ ᠤ  ᠨᠠᠮᠳᠠᠭ ᠸᠠᠩ  ᠂ ᠠᠷᠪᠳᠠᠨ ᠲᠠᠪᠤᠨᠠᠩ᠂  ᠦᠷᠭᠦᠨ ᠲᠠᠪᠤᠨᠠᠩ ᠨᠠᠷ  ᠲᠤᠬᠢᠷᠠᠭᠤᠯᠤᠯᠳᠠ ᠶᠤᠰᠤᠭᠠᠷ ᠨᠢ  ᠴᠠᠢ ᠪᠤᠳᠠᠭ᠎ᠠ ᠡᠷᠭᠦᠵᠠᠢ᠃      ᠠᠷᠪᠠᠨ  ᠰᠠᠷ᠎ᠠ ᠶᠢᠨ  ᠭᠤᠷᠪᠠᠨ  ᠎ ᠤ  ᠡᠳᠦᠷ  ︵ᠰᠢᠷ᠎ᠠ ᠪᠡᠴᠢᠨ︶  ᠎ ᠤᠨ  ᠬᠤᠨᠢᠨ ᠴᠠᠭ ᠲᠤ  ᠬᠠᠭᠠᠨ  ᠡᠵᠡᠨ   ᠴᠢᠶᠠᠨ ᠴᠢᠩ ᠮᠧᠨ  ᠎ ᠳᠤ ᠬᠡᠰᠢᠭ ᠢᠶᠠᠷ  ︵ᠵᠢᠱᠢᠶ᠎ᠡ︶  ᠠᠯᠪᠠ  ᠪᠠᠷᠢᠬᠤ ᠪᠠᠷ ᠢᠷᠡᠭᠰᠡᠨ  ᠪᠠᠭᠠᠷᠢᠨ  ᠎ ᠤ  ᠭᠤᠷᠪᠠᠳᠤᠭᠠᠷ  ᠵᠡᠷᠭᠡ ᠶᠢᠨ  ᠲᠠᠶᠢᠵᠢ  ᠤᠮᠪᠤ᠂ ᠲᠦᠷᠪᠡᠳᠦᠭᠡᠷ ᠵᠡᠷᠭᠡ ᠶᠢᠨ  ᠲᠠᠶᠢᠵᠢ  ᠤᠯᠠᠭᠠᠨ ᠵᠡᠷᠭᠡ   ᠬᠦᠮᠦᠨ  ᠎ ᠳᠤ  ᠬᠤᠷᠢᠮ ᠤᠨ  ᠰᠢᠷᠡᠭᠡ   ᠵᠠᠰᠠᠵᠤ  ᠲᠠᠶᠢᠯᠠᠵᠠᠢ᠃  ᠠᠷᠪᠠᠨ  ᠨᠢᠭᠡᠨ ᠰᠠᠷ᠎ᠠ ᠶᠢᠨ  ᠠᠷᠪᠠᠨ  ᠭᠤᠷᠪᠠᠨ  ᠎ ᠤ  ᠡᠳᠦᠷ  ︵ ᠰᠢᠷ᠎ᠠ ᠬᠤᠯᠤᠭᠠᠨ᠎ᠠ︶  ᠎ ᠤᠨ  ᠬᠤᠨᠢᠨ ᠴᠠᠭ ᠲᠤ  ᠬᠠᠭᠠᠨ ᠡᠵᠨᠨ  ᠪᠤᠤ  ᠾᠧ  ᠳ᠋ᠢᠶᠠᠨ  ᠤᠷᠳᠤᠨ  ᠎ ᠳᠤ ᠬᠡᠰᠢᠭ ᠢᠶᠠᠷ  ︵ᠵᠢᠱᠢᠶ᠎ᠡ︶ ᠢᠷᠡᠭᠰᠡᠨ  ᠪᠠᠭᠠᠷᠢᠨ  ᠎ ᠤ   ᠲᠦᠷᠪᠡᠳᠦᠭᠡᠷ  ᠵᠡᠷᠭᠡ ᠶᠢᠨ  ᠲᠠᠶᠢᠵᠢ   ᠯᠤᠵᠠᠩ  ᠵᠡᠷᠭᠡ ᠬᠦᠮᠦᠨ  ᠎ ᠳᠤ  ᠬᠤᠷᠢᠮ ᠤᠨ  ᠰᠢᠷᠡᠭᠡ   ᠵᠠᠰᠠᠵᠤ  ᠲᠠᠶᠢᠯᠠᠵᠠᠢ᠃        ᠡᠩᠭᠡ ᠠᠮᠤᠭᠤᠯᠠᠩ ᠤᠨ  ᠬᠤᠷᠢᠨ   ᠲᠤᠯᠤᠳᠤᠭᠠᠷ ᠤᠨ  ᠎ ᠤ ︵   ᠰᠢᠷ᠎ᠠ ᠯᠤᠤ ᠵᠢᠯ᠂1688 ᠤᠨ︶   ᠬᠤᠶᠠᠷ ᠰᠠᠷ᠎ᠠ ᠶᠢᠨ ᠨᠢᠭᠡᠨ  ᠎ ᠤ  ᠡᠳᠦᠷ    ︵ ᠬᠦᠭᠡ ᠯᠤᠤ︶   ᠪᠠᠭᠠᠷᠢᠨ ᠬᠤᠰᠢᠭᠤᠨ  ᠎ ᠤ  ᠸᠧᠨ ᠴᠦᠨ ᠪᠠᠶᠢᠰᠠ  ᠬᠠᠯᠢᠭᠰᠠᠨ ᠳᠤ ᠬᠠᠭᠠᠨ ᠡᠵᠡᠨ  ᠬᠦᠮᠦᠨ ᠲᠤᠮᠢᠯᠠᠵᠤ  ᠲᠠᠬᠢᠯ ᠲᠠᠯᠪᠢᠭᠤᠯᠵᠠᠢ᠃  ᠵᠢᠷᠭᠤᠭᠠᠠ ᠰᠠᠷ᠎ᠠ ᠶᠢᠨ  ᠴᠠᠭᠠᠨ ᠪᠡᠴᠢ  ᠡᠳᠦᠷ  ᠂  ᠪᠢᠴᠢᠭ ᠤᠨ ᠰᠠᠶᠢᠳ  ᠠᠷᠨᠠᠢ ᠠᠴᠠ  ᠬᠠᠭᠠᠨ ᠡᠵᠨᠨ  ᠎ ᠳᠤ  ︽ ᠭᠠᠯᠳᠠᠨ  ᠎ ᠤ ᠴᠡᠷᠢᠭ  ᠡᠷᠳᠡᠨᠢ ᠵᠤᠤ  ᠎ ᠶᠢ  ᠲᠡᠭᠡᠷᠡᠮᠳᠡᠵᠦ  ᠬᠠᠷ᠎ᠠ ᠨᠠᠭᠤᠷ ᠤᠨ  ᠭᠠᠵᠠᠷ  ᠎ ᠲᠤ  ᠬᠦᠷᠴᠦ  ᠵᠢᠪᠽᠦᠨᠳᠠᠮᠪᠠ ᠬᠤᠳᠤᠭᠳᠤ  ᠎ ᠶᠢᠨ  ᠰᠠᠭᠤᠭ᠎ᠠ ᠭᠠᠵᠠᠷ ᠠᠴᠠ  ᠨᠢᠭᠡᠯᠭᠡᠨ  ᠡᠳᠦᠷ ᠤᠨ ᠵᠠᠶᠢᠳᠠᠢ ᠪᠠᠶᠢᠨ᠎ᠠ  ︾ ᠭᠡᠵᠦ  ᠠᠶᠢᠯᠠᠳᠬᠠᠭᠰᠠᠨ ᠳᠤ  ᠂ ᠬᠠᠭᠠᠨ ᠵᠠᠷᠯᠢᠭ ᠪᠤᠯᠤᠷᠤᠨ  ︽ ᠬᠠᠯᠬ᠎ᠠ ᠤᠶᠢᠷᠠᠳ  ᠬᠤᠶᠠᠷ ᠠᠶᠢᠮᠠᠭ  ᠬᠠᠷᠢᠯᠴᠠᠨ ᠲᠠᠶᠢᠰᠤᠩᠨᠠᠪᠠ᠂  ᠤᠯᠤᠰ ᠤᠨ  ᠬᠢᠯᠢ ᠎ ᠪᠠᠨ ᠬᠠᠮᠠᠭᠠᠯᠠᠬᠤ ᠬᠡᠷᠡᠭᠳᠠᠢ  ᠃  ᠪᠠᠭᠠᠷᠢᠨ  ᠵᠡᠷᠭᠡ ᠲᠦᠷᠪᠡᠨ ᠠᠶᠢᠮᠠᠭ ᠤᠨ  ᠬᠤᠶᠠᠷ ᠮᠢᠩᠭ᠎ᠠ ᠲᠠᠪᠤᠨ ᠵᠠᠭᠤᠨ  ᠴᠡᠷᠢᠭ  ᠰᠦᠨᠢᠳ ᠠᠶᠢᠮᠠᠭ  ᠎ ᠲᠤ  ᠰᠠᠭᠤᠨ ᠰᠡᠷᠭᠡᠶᠢᠯᠡᠬᠦ ᠬᠡᠷᠡᠭᠳᠠᠢ  ︾ ᠭᠡᠮᠡᠵᠠᠢ᠃  ᠨᠠᠢᠮᠠᠨ ᠰᠠᠷ᠎ᠠ ᠶᠢᠨ  ᠬᠤᠷᠢᠨ ᠬᠤᠶᠠᠷ ᠤᠨ  ᠡᠳᠦᠷ  ᠴᠠᠭᠠᠨ ᠪᠡᠴᠢ ᠡᠳᠦᠷ  ᠱᠢ  ᠮᠤ᠋ ᠭᠠᠵᠠᠷ  ᠪᠠᠭᠤᠳᠠᠯᠯᠠᠭᠰᠠᠨ ᠳᠤ  ᠪᠠᠭᠠᠷᠢᠨ ᠠᠶᠢᠮᠠᠭ ᠤᠨ  ᠨᠢᠭᠡᠳᠦᠭᠡᠷ ᠵᠡᠷᠭᠡ ᠶᠢᠨ  ᠲᠠᠶᠢᠵᠢ  ᠭᠡᠷᠡᠯᠳᠦ  ᠂  ᠭᠤᠷᠪᠠᠳᠤᠭᠠᠷ ᠵᠡᠷᠭᠡ ᠶᠢᠨ  ᠲᠠᠶᠢᠵᠢ  ᠡᠷᠳᠡᠨᠢ᠂  ᠲᠠᠪᠤᠨᠠᠩ ᠦᠷᠭᠦᠨ   ᠵᠡᠷᠭᠡ ᠬᠦᠮᠦᠨ  ᠶᠠᠪᠤᠭᠤᠯ ᠤᠷᠳᠤᠨ ᠳᠤ ᠢᠷᠡᠵᠦ  ᠬᠠᠭᠠᠨ ᠤ ᠠᠮᠤᠷ ᠶᠢᠨ ᠡᠷᠢᠵᠠᠢ᠃  ᠬᠤᠷᠢᠨ ᠭᠤᠷᠪᠠᠨ  ᠎ ᠤ ᠡᠳᠦᠷ  ︵ ᠬᠠᠷᠠᠭᠴᠢᠨ  ᠭᠠᠭ᠋ᠠᠢ  ︶  ᠎ ᠤᠨ  ᠮᠤᠭᠠᠢ ᠴᠠᠭ  ᠎ ᠲᠤ  ᠬᠠᠭᠠᠨ  ᠡᠵᠡᠨ  ᠪᠡᠶ᠎ᠡ  ᠎ ᠪᠠᠷ   ᠎ ᠢᠶᠠᠨ ᠪᠠᠭᠠᠷᠢᠨ  ᠎ ᠤ ᠨᠢᠭᠡᠳᠦᠭᠡᠷ ᠵᠡᠷᠭᠡ ᠶᠢᠨ  ᠲᠠᠶᠢᠵᠢ  ᠭᠡᠷᠡᠯᠳᠦ  ᠎ ᠳᠤ  ᠴᠠᠢ ᠶᠢᠨ  ᠬᠡᠰᠢᠭ ᠬᠦᠷᠳᠡᠭᠡᠵᠠᠢ᠃  ᠶᠢᠰᠦᠨ ᠰᠠᠷ᠎ᠠ ᠶᠢᠨ  ᠲᠤᠯᠤᠭᠠᠨ   ︵ᠤᠯᠠᠭᠠᠨ  ᠬᠤᠯᠤᠭᠠᠨ᠎ᠠ  ︶᠎ ᠤ ᠡᠳᠦᠷ ᠬᠠᠭᠠᠨ  ᠡᠵᠡᠨ   ᠶᠠᠪᠤᠭᠤᠯ ᠤᠷᠳᠤᠨ ᠎ ᠳᠤ  ᠬᠤᠨᠤᠭᠰᠠᠨ ᠳᠤ  ᠪᠠᠭᠠᠷᠢᠨ ᠤ  ᠪᠠᠶᠢᠰᠠ ᠤᠷᠵᠢᠨ ᠢᠷᠡᠵᠦ  ᠬᠠᠭᠠᠨ ᠤ  ᠠᠮᠦᠷ ᠢ  ᠡᠷᠢᠪᠡ᠃  ᠠᠷᠪᠠᠨ ᠲᠠᠪᠤᠨ ᠤ ᠡᠳᠦᠷ  ᠬᠠᠭᠠᠨ ᠡᠵᠡᠨ  ᠴᠢᠩ ᠴᠧᠩ ᠤᠨ  ᠡᠮᠦᠨ᠎ᠡ ᠤᠷᠳᠤᠨ ᠳᠤ  ᠪᠠᠭᠤᠳᠠᠯᠯᠠᠵᠤ  ᠂ ᠲᠤᠰ ᠡᠳᠦᠷ  ᠪᠠᠭᠠᠷᠢᠨ ᠠᠶᠢᠮᠠᠭ ᠤᠨ  ᠨᠢᠭᠡᠳᠦᠭᠡᠷ ᠵᠡᠷᠭᠡ ᠶᠢᠨ  ᠲᠠᠶᠢᠵᠢ  ᠨᠠᠮᠵᠠ ᠢᠷᠡᠵᠦ  ᠠᠮᠤᠷ ᠢ  ᠠᠶᠢᠯᠠᠳᠬᠠᠬᠤ ᠶᠤᠰᠤ ᠬᠢᠵᠠᠢ᠃     ᠡᠩᠭᠡ ᠠᠮᠤᠭᠤᠯᠠᠩ ᠤᠨ  ᠬᠤᠷᠢᠨ   ᠨᠠᠢᠮᠠᠳᠤᠭᠠᠷ ᠤᠨ  ᠎ ᠤ ︵ ᠰᠢᠷᠠᠭᠴᠢᠨ ᠮᠤᠭᠠᠢ  ᠵᠢᠯ᠂1689 ᠤᠨ︶    ᠲᠦᠷᠪᠡᠨ  ᠰᠠᠷ᠎ᠠ ᠶᠢᠨ  ᠬᠦᠭᠡ  ᠨᠤᠬᠠᠢ ᠡᠳᠦᠷ  ᠬᠠᠭᠠᠨ ᠵᠠᠷᠯᠢᠭ ᠪᠠᠭᠤᠯᠭᠠᠵᠤ  ᠪᠠᠭᠠᠷᠢᠨ ᠬᠤᠰᠢᠭᠤᠨ  ᠎ ᠤ ᠬᠠᠯᠢᠭᠰᠠᠨ  ᠪᠠᠶᠢᠰᠠ  ᠸᠧᠨ ᠴᠦᠨ  ᠎ ᠤ ᠬᠦᠪᠡᠭᠦᠨ  ᠡᠷᠳᠡᠨᠢ  ᠎ ᠪᠠᠷ  ᠡᠴᠢᠭᠡ ᠶᠢᠨ  ᠬᠢᠨᠢ  ᠰᠠᠭᠤᠷᠢᠨ  ᠎ ᠢ  ᠎ ᠨᠢ ᠵᠠᠯᠠᠭᠠᠮᠵᠢᠯᠠᠭᠤᠵᠠᠢ᠃  ᠨᠠᠢᠮᠠᠨ ᠰᠠᠷ᠎ᠠ ᠶᠢᠨ  ᠠᠷᠪᠠᠨ ᠲᠦᠷᠪᠡᠨ  ᠎ ᠤ ᠡᠳᠦᠷ ︵ᠤᠯᠠᠭᠠᠭᠴᠢᠨ ᠦᠭᠡᠷ  ︶  ᠬᠠᠭᠠᠨ ᠰᠢᠯᠦᠭᠤᠨ ᠴᠠᠭᠠᠨ ᠬᠤᠰᠢᠭᠤᠨ  ᠬᠤᠷᠢᠶᠠᠨ ᠳᠤ ᠪᠠᠭᠤᠳᠠᠯᠯᠠᠵᠤ᠂ ᠲᠤᠰ ᠡᠳᠦᠷ ᠲᠡᠭᠡᠨ ᠲᠤᠳᠤᠭᠠᠳᠤ  ᠶᠡᠭᠡ ᠰᠠᠶᠢᠳ  ᠂ ᠮᠤᠩᠭᠤᠯ ᠵᠠᠬᠢᠷᠤᠭᠴᠢ᠂  ᠮᠠᠶᠢᠷᠡᠨ  ᠎ ᠤ ᠵᠠᠩᠬᠢ᠂  ᠡᠷᠬᠢᠮ ᠰᠠᠶᠢᠳ  ᠵᠡᠷᠭᠡ ᠤᠷᠤᠯᠴᠠᠭᠰᠠᠨ  ᠬᠤᠷᠠᠯ ᠬᠢᠵᠦ᠄  ︽ᠮᠤᠩᠭᠤᠯ ᠤᠨ  ᠡᠯ᠎ᠡ  ᠠᠶᠢᠮᠠᠭ ᠶᠠᠳᠠᠭᠤᠷᠠᠵᠤ ᠠᠮᠢᠳᠦᠷᠠᠯ ᠬᠦᠴᠢᠷᠳᠡᠭᠰᠡᠨ ᠠᠴᠠ  ᠡᠷᠭᠡᠪᠰᠢ ᠲᠡᠳᠬᠦᠬᠦ ᠬᠡᠷᠡᠭᠳᠠᠢ  ᠃ ᠮᠤᠩᠭᠤᠯ ᠤᠨ  ᠡᠯ᠎ᠡ ᠠᠶᠢᠮᠠᠭ ᠤᠨ  ᠸᠠᠩ᠂ ᠲᠠᠶᠢᠵᠢ ᠨᠠᠷ  ᠦᠪᠡᠷ  ᠎ ᠢᠶᠠᠨ ᠢᠷᠡᠵᠦ  ᠲᠡᠷᠭᠡ  ᠂ ᠲᠡᠮᠡᠭᠡ  ᠎ ᠪᠠᠷ  ᠠᠮᠤ ᠪᠤᠳᠠᠭ᠎ᠠ  ᠲᠡᠭᠡᠪᠦᠷᠢᠯᠡᠵᠦ  ᠠᠷᠠᠳ ᠤᠯᠠᠨ ᠲᠠᠭᠠᠨ  ᠲᠠᠷᠬᠠᠨ ᠦᠭᠬᠦ ᠬᠡᠷᠡᠭᠳᠠᠢ  ︾᠃     ᠡᠩᠭᠡ ᠠᠮᠤᠭᠤᠯᠠᠩ ᠤᠨ   ᠬᠤᠷᠢᠨ ᠶᠢᠰᠦᠳᠤᠭᠡᠷ  ᠤᠨ  ᠎ ᠤ ︵   ᠴᠠᠭᠠᠨ ᠮᠤᠷᠢᠨ ᠵᠢᠯ᠂1690ᠤᠨ︶   ᠲᠤᠯᠤᠭᠠᠨ ᠰᠠᠷ᠎ᠠ ᠶᠢᠨ   ᠤᠯᠠᠭᠠᠨ ᠪᠡᠴᠢᠨ  ᠡᠳᠦᠷ  ᠵᠠᠷᠯᠢᠭ  ᠎ ᠢᠶᠠᠷ  ᠠᠤᠬᠠᠨ  ᠂ ᠨᠠᠢᠮᠠᠨ  ᠂ ᠬᠠᠷᠠᠴᠢᠨ  ᠂  ᠪᠠᠭᠠᠷᠢᠨ  ᠵᠡᠷᠭᠡ ᠠᠶᠢᠮᠠᠭ ᠤᠨ ᠴᠡᠷᠢᠭ  ᠎ ᠲᠠᠢ  ᠬᠦᠷᠠ ᠭᠠᠵᠠᠷ  ᠬᠤᠷᠠᠭᠤᠯᠵᠤ  ᠂  ᠲᠤᠳᠤᠭᠠᠳᠤ ᠶᠡᠭᠡ ᠰᠠᠶᠢᠳ  ᠠᠮᠢᠳᠠ ᠪᠠᠷ ᠶᠡᠷᠦᠩᠬᠡᠶᠢᠯᠡᠭᠦᠯᠦᠨ  ᠵᠠᠬᠢᠷᠴᠦ  ᠂ ᠬᠤᠯᠠ  ᠎ ᠶᠢ  ᠠᠰᠠᠷᠠᠬᠤ  ᠶᠡᠭᠡ ᠵᠠᠩᠵᠤᠨ  ᠹᠦ᠋  ᠴᠢᠦᠸᠠᠨ  ᠎ ᠤ  ᠤᠳᠤᠷᠢᠳᠤᠭᠰᠠᠨ  ᠶᠡᠭᠡ  ᠴᠢᠷᠡᠭ  ᠎ ᠢ  ᠬᠦᠯᠢᠶ᠋ᠨᠨ  ᠂ ᠨᠠᠢᠮᠠᠨ  ᠰᠠᠷ᠎ᠠ ᠶᠢᠨ  ᠨᠢᠭᠡᠨ  ᠎ ᠤ ᠡᠳᠦᠷ  ᠴᠢᠷᠡᠭ  ᠨᠡᠶᠢᠯᠡᠵᠦ  ᠬᠡᠰᠢᠭᠳᠡᠨ ᠬᠤᠰᠢᠭᠤᠨ  ᠎ ᠤ ᠡᠮᠦᠨᠡᠳᠦ ᠬᠡᠰᠡᠩ ᠤᠨ  ᠤᠯᠠᠭᠠᠨ ᠪᠤᠳᠤᠩ ᠳᠤ  ᠭᠠᠯᠳᠠᠨ  ᠎ ᠤ ᠴᠡᠷᠢᠭ ᠲᠠᠢ  ᠰᠢᠷᠦᠭᠦᠨ  ᠪᠠᠶᠢᠯᠳᠤᠵᠤ  ᠂ ᠭᠠᠯᠳᠠᠨ ᠤ   ᠴᠡᠷᠢᠭ ᠢ  ᠶᠡᠭᠡᠳᠡ  ᠢᠯᠠᠵᠠᠢ᠃  ᠭᠠᠯᠳᠠᠨ  ᠎ ᠤ  ᠴᠢᠷᠡᠭ  ᠰᠢᠷᠠᠮᠦᠷᠡᠨ  ᠎ ᠢ  ᠬᠡᠳᠦᠯᠵᠦ  ᠭᠠᠩᠭ᠎ᠠ ᠨᠠᠭᠤᠷ ᠵᠦᠭ  ᠪᠤᠷᠤᠭᠤᠯᠵᠠᠢ᠃     ᠡᠩᠭᠡ ᠠᠮᠤᠭᠤᠯᠠᠩ ᠤᠨ   ᠭᠤᠴᠢᠳᠤᠭᠠᠷ  ᠤᠨ  ᠎ ᠤ ︵  ᠴᠠᠭᠠᠭᠴᠢᠨ ᠬᠤᠨᠢ  ᠵᠢᠯ᠂1691 ᠤᠨ︶  ᠵᠢᠷᠭᠤᠭᠠᠨ  ᠰᠠᠷ᠎ᠠ ᠶᠢᠨ  ᠬᠠᠷ᠎ᠠ ᠨᠤᠬᠠᠢ  ᠡᠳᠦᠷ   ᠬᠠᠭᠠᠨ ᠤ  ᠭᠤᠷᠪᠠᠳᠤᠭᠠᠷ ᠦᠬᠢᠨ  ᠎ ᠢ  ᠬᠤᠱᠦᠢ  ᠦᠯᠡᠮᠵᠢ ᠬᠡᠮᠵᠢᠶᠡᠳᠦ  ᠭᠦᠩᠵᠦ ᠬᠡᠮᠡᠨ ᠡᠷᠭᠦᠮᠵᠢᠯᠡᠵᠦ  ᠪᠠᠭᠠᠷᠢᠨ ᠤ ᠸᠠᠴᠢᠷ ᠸᠠᠩ ᠤᠨ  ᠬᠦᠪᠡᠭᠦᠨ  ᠦᠷᠭᠦᠨ  ᠎ ᠲᠠᠢ  ᠬᠤᠷᠢᠮᠯᠠᠭᠤᠯᠠᠨ᠂ ᠦᠷᠭᠦᠨ  ᠎ ᠢ  ᠬᠤᠱᠦᠢ  ᠲᠠᠪᠤᠨᠠᠩ  ᠎ ᠢᠶᠠᠷ ᠡᠷᠭᠦᠮᠵᠢᠯᠡᠪᠡ᠃  ᠢᠯᠡᠭᠦᠦ ᠲᠤᠯᠤᠭᠠᠨ ᠰᠠᠷ᠎ᠠ ᠶᠢᠨ  ᠴᠠᠭᠠᠭᠴᠢᠨ ᠲᠠᠬᠢᠶ᠎ᠠ ᠡᠳᠦᠷ  ᠭᠠᠯᠳᠠᠨ  ᠎ ᠲᠠᠢ ᠪᠠᠶᠢᠯᠳᠤᠭᠰᠠᠨ  ᠭᠠᠪᠢᠶ᠎ᠡ ᠶᠢ  ᠲᠤᠭᠠᠴᠢᠨ  ᠠᠤᠬᠠᠨ  ᠂ ᠨᠠᠢᠮᠠᠨ  ᠂ ᠬᠠᠷᠠᠴᠢᠨ  ᠂  ᠪᠠᠭᠠᠷᠢᠨ  ᠵᠡᠷᠭᠡ ᠠᠶᠢᠮᠠᠭ ᠤᠨ ᠴᠡᠷᠢᠭ  ᠨᠤᠶᠠᠨ  ᠎ ᠢ  ᠠᠮᠤ  ᠂ ᠮᠦᠩᠬᠦ ᠪᠠᠷ ᠱᠠᠩᠨᠠᠵᠠᠢ᠃     ᠡᠩᠭᠡ ᠠᠮᠤᠭᠤᠯᠠᠩ ᠤᠨ  ᠭᠤᠴᠢᠨ  ᠨᠠᠢᠮᠠᠳᠤᠭᠠᠷ   ᠤᠨ  ᠎ ᠤ ︵  ᠰᠢᠷᠠᠭᠴᠢᠨ ᠲᠠᠤᠯᠠᠢ  ᠵᠢᠯ᠂1699 ᠤᠨ︶   ᠨᠠᠢᠮᠠᠨ  ᠰᠠᠷ᠎ᠠ  ᠎ ᠶᠢᠨ  ᠰᠢᠷ᠎ᠠ ᠯᠤᠤ  ᠡᠳᠦᠷ ᠬᠠᠭᠠᠨ ᠡᠵᠡᠨ   ᠤᠯᠠᠳᠠᠢ ᠠᠩᠭ᠎ᠠ  ᠎ ᠳᠤ  ᠪᠠᠭᠤᠳᠠᠯᠠᠵᠤ  ᠂  ᠰᠡᠴᠡᠨ  ᠲᠡᠭᠡᠳᠦ ᠬᠦᠷᠦᠨ ᠬᠦᠩᠵᠦ  ᠂ ᠦᠯᠡᠮᠵᠢ ᠬᠡᠮᠵᠢᠶᠡᠳᠦ  ᠬᠤᠱᠤᠢ  ᠬᠦᠩᠵᠦ  ᠢᠷᠡᠵᠦ  ᠠᠮᠤᠷ  ᠠᠰᠠᠭᠤᠬᠤ ᠶᠤᠰᠤᠯᠠᠯ  ᠬᠦᠢᠴᠡᠳᠭᠡᠪᠡ᠃  ᠪᠠᠭᠠᠷᠢᠨ  ᠎ ᠤ ᠬᠤᠱᠦᠢ ᠲᠠᠪᠤᠨᠠᠩ  ᠦᠷᠭᠦᠨ  ᠪᠠᠰᠠ ᠢᠷᠡᠵᠦ  ᠬᠠᠭᠠᠨ ᠡᠵᠡᠨ ᠳᠤ  ᠶᠤᠰᠤᠯᠠᠯ ᠬᠢᠪᠡ᠃  ᠰᠢᠷᠠᠭᠴᠢᠨ ᠮᠤᠭᠠᠢ ᠡᠳᠦᠷ  ᠬᠠᠭᠠᠨ ᠡᠵᠡᠨ ᠠᠴᠠ  ᠶᠡᠭᠡ ᠰᠠᠶᠢᠳ  ᠨᠠᠷ  ᠎ ᠲᠠᠭᠠᠨ ︽ ᠮᠡᠬᠦᠰ ᠪᠢ  ᠮᠤᠩᠭᠤᠯ ᠤᠨ  ᠠᠮᠢᠳᠦᠷᠠᠯ ᠢ  ᠡᠳᠦᠷ ᠰᠦᠨᠢ ᠦᠭᠡᠢ  ᠪᠤᠳᠤᠯᠬᠢᠯᠠᠳᠠᠭ᠃   ᠤᠷᠴᠢᠮ ᠰᠤᠨᠤᠰᠬᠤ ᠎ ᠳᠤ  ᠪᠠᠭᠠᠷᠢᠨ  ᠮᠤᠩᠭᠤᠯᠴᠤᠳ  ᠎ ᠤᠨ  ᠠᠮᠢᠳᠦᠷᠠᠯ ᠬᠦᠴᠢᠷᠳᠡᠵᠦ  ᠨᠤᠳᠤᠭ ᠠᠴᠠ  ᠎ ᠪᠠᠨ ᠰᠠᠯᠵᠤ ᠶᠠᠪᠤᠭᠰᠠᠳ  ᠨᠡᠯᠢᠶᠡᠳ ᠪᠠᠶᠢᠨ᠎ᠠ  ᠂  ᠮᠡᠭᠦᠰ  ᠪᠢ    ᠬᠦᠭᠡᠷᠦᠬᠡᠶᠢᠯᠡᠵᠦ ᠪᠠᠶᠢᠨ᠎ᠠ᠃  ᠪᠠᠭᠠᠷᠢᠨ  ᠪᠤᠯᠪᠠᠯ  ᠬᠦᠩᠵᠦ ᠶᠢᠨ  ᠰᠠᠭᠤᠭᠰᠠᠨ ᠭᠠᠵᠠᠷ  ᠤᠳᠤ ᠬᠦᠮᠦᠨ ᠲᠤᠮᠢᠯᠠᠵᠤ   ᠲᠡᠳᠬᠦᠬᠦ ᠬᠡᠷᠡᠭᠳᠠᠢ  ᠡᠭᠦᠨ  ᠎ ᠳᠤ ᠲᠤᠭ ᠤᠨ  ᠵᠠᠩᠬᠢ   ᠡᠭᠡᠴᠢᠬ᠎ᠠ  ᠂ ᠰᠤᠷᠤᠭᠴᠢ  ᠲᠦᠰᠢᠮᠡᠯ  ᠰᠦᠭᠡ ᠶᠢ ᠲᠤᠮᠢᠯᠠᠵᠤ  ᠪᠠᠭᠠᠷᠢᠨ ᠳᠤ ᠬᠠᠳᠠᠭᠠᠯᠠᠵᠤ ᠪᠠᠶᠢᠭ᠎ᠠ  ᠨᠢᠭᠡ ᠮᠢᠩᠭᠠᠨ ᠳ᠋ᠠᠨ ᠠᠮᠦ ᠶᠢ  ᠶᠠᠳᠠᠭᠤ ᠡᠷᠦᠭᠡ ᠳᠤ ᠬᠤᠪᠢᠶᠠᠨ   ᠲᠡᠳᠬᠦᠭᠳᠦᠨ᠃  ᠬᠦᠷᠬᠦ ᠦᠭᠡᠢ ᠪᠤᠯᠪᠠᠯ  ᠪᠦ᠋ ᠯᠠᠢ  ᠲᠤᠰᠠᠬᠤᠨ ᠠᠴᠠ  ᠠᠮᠤ ᠭᠠᠷᠭᠠᠨ  ᠲᠡᠳᠬᠦ  ︾  ᠬᠡᠮᠡᠨ  ᠵᠢᠭᠠᠪᠤᠷᠢᠯᠠᠪᠠ᠃  ᠬᠦᠭᠡ ᠪᠡᠴᠢᠨ ᠡᠳᠦᠷ  ᠬᠠᠭᠠᠨ ᠡᠵᠡᠨ  ᠴᠢᠯᠭᠤᠳᠤ  ᠠᠩᠭ᠎ᠠ ᠳᠤ  ᠪᠠᠭᠤᠳᠠᠯᠯᠠᠵᠤ ᠬᠡᠰᠢᠭ ᠢᠶᠠᠷ ᠵᠤᠤ ᠤᠳᠠ ᠶᠢᠨ  ᠠᠷᠪᠠᠨ ᠨᠢᠭᠡᠨ ᠬᠤᠰᠢᠭᠤᠨ ᠤ  ᠸᠠᠩ᠂  ᠪᠠᠶᠢᠯᠠ  ᠂ ᠪᠠᠶᠢᠰᠠ᠂  ᠬᠦᠩ᠂  ᠲᠠᠶᠢᠵᠢ ᠨᠠᠷ  ᠎ ᠲᠤ  ᠮᠦᠩᠬᠦ  ᠂ ᠮᠠᠯᠠᠭᠠᠢ᠂  ᠡᠮᠡᠭᠡᠯ  ᠵᠡᠷᠭᠡ ᠶᠢ ᠬᠡᠰᠢᠭ  ᠬᠦᠷᠳᠡᠭᠡᠨ ᠱᠠᠩᠨᠠᠵᠠᠢ᠃     ᠡᠩᠭᠡ ᠠᠮᠤᠭᠤᠯᠠᠩ ᠤᠨ  ᠭᠤᠴᠢᠨ   ᠶᠢᠰᠦᠳᠦᠭᠡᠷ  ᠤᠨ  ᠎ ᠤ ︵ ᠴᠠᠭᠠᠨ ᠯᠤᠤ ᠵᠢᠯ᠂1700 ᠤᠨ︶    ᠴᠠᠭᠠᠨ  ᠰᠠᠷ᠎ᠠ  ᠎ ᠶᠢᠨ  ᠬᠠᠷᠠᠭᠴᠢᠨ ᠲᠠᠤᠯᠠᠢ  ᠡᠳᠦᠷ  ᠬᠠᠭᠠᠨ  ᠪᠠᠭᠠᠷᠢᠨ  ᠎ ᠤ  ᠰᠡᠴᠡᠨ  ᠲᠡᠭᠡᠳᠦ ᠬᠦᠷᠦᠨ ᠬᠦᠩᠵᠦ  ᠎ ᠶᠢᠨ ᠰᠠᠭᠤᠭ᠎ᠠ ᠤᠷᠳᠤᠨ ᠳᠤ ᠬᠦᠷᠴᠦ  ᠡᠪᠡᠳᠴᠢᠨ  ᠎ ᠤ ᠪᠠᠶᠢᠳᠠᠯ ᠢ  ᠰᠤᠷᠠᠭᠯᠠᠨ ᠠᠰᠠᠭᠤᠪᠠ᠃  ᠤᠯᠠᠭᠠᠴᠢᠨ ᠮᠤᠭᠠᠢ ᠡᠳᠦᠷ ᠬᠠᠭᠠᠨ ᠡᠵᠡᠨ  ᠰᠡᠴᠡᠨ ᠲᠡᠭᠡᠳᠦ ᠬᠦᠷᠦᠨ ᠬᠦᠩᠵᠦ ᠬᠠᠯᠢᠭᠰᠠᠨ ᠢ ᠰᠤᠨᠤᠰᠴᠦ  ᠦᠭᠦᠯᠡᠷᠦᠨ  ︽ᠬᠦᠩᠵᠦ  ᠠᠨᠤ  ᠮᠡᠬᠦᠰ ᠮᠢᠨᠦ  ᠠᠪᠠᠭ᠎ᠠ ᠡᠵᠢ  ︵ᠬᠦ᠋  ᠬᠦ᠋︶  ᠂  ᠎ ᠲᠠᠢ  ᠬᠤᠸᠠᠩ  ᠲᠠᠶᠢᠬᠡᠦ  ᠎ ᠶᠢᠨ   ᠬᠠᠶᠢᠷ᠎ᠠ ᠶᠢ ᠬᠦᠨ  ᠤᠯᠵᠠᠢ  ᠃  ᠎ ᠲᠠᠢ ᠬᠤᠸᠠᠩ ᠲᠠᠶᠢᠬᠡᠦ   ᠮᠡᠬᠦᠰ ᠨᠠᠳᠠᠳᠤ   ᠠᠪᠠᠭ᠎ᠠ  ᠡᠵᠢ  ᠎ ᠪᠠᠨ ᠰᠠᠶᠢᠬᠠᠨ ᠠᠰᠠᠷᠠᠨ  ᠬᠠᠷᠠᠭᠠᠯᠵᠠᠬᠤ ᠬᠡᠷᠡᠭᠳᠠᠢ ᠭᠡᠵᠦ ᠲᠤᠰᠬᠠᠢ  ᠨᠠᠶᠢᠳᠠᠭᠰᠠᠨ  ᠃  ᠡᠭᠦᠨ ᠳᠤ  ᠪᠢ ᠡᠮᠡᠭᠡ ᠶᠢᠨ  ᠬᠦᠰᠡᠯ ᠢ  ᠵᠦᠷᠢᠯ ᠦᠭᠡᠢ  ᠲᠠᠭᠠᠵᠤ  ᠠᠪᠠᠭ᠎ᠠ ᠡᠵᠢ  ᠨᠠᠰᠤᠨ  ᠠᠭᠰᠢᠷᠠᠭᠰᠠᠨ  ᠎ ᠤ ᠲᠠᠷᠠᠭ᠎ᠠ   ᠬᠦᠮᠦᠨ ᠲᠤᠮᠢᠯᠠᠵᠤ ᠪᠡᠭᠡᠵᠢᠩ ᠳᠤ  ᠵᠠᠯᠠᠵᠤ ᠠᠪᠴᠢᠷᠠᠨ  ᠠᠯᠢᠪᠠ ᠠᠮᠢᠳᠦᠷᠠᠯ ᠤᠨ ᠭᠡᠷᠡᠭᠰᠡᠯ ᠢ   ᠦᠪᠡᠷ ᠢᠶᠠᠨ ᠲᠠᠭᠠᠭᠠᠨ  ᠬᠠᠩᠭᠠᠵᠤ  ᠨᠠᠰᠤᠨ ᠡᠴᠦᠰᠯᠡᠬᠦ ᠪᠤᠯᠳᠠᠯ᠎ᠠ  ᠶᠤᠰᠤᠨ ᠢ  ᠬᠦᠢᠴᠡᠳᠬᠡᠪᠡ᠃  ᠬᠦᠩᠵᠦ  ᠬᠦ᠋ ᠬᠦ᠋  ᠬᠦᠨᠳᠦ ᠡᠪᠡᠳᠴᠢᠯᠡᠭᠰᠡᠨ ᠳᠤ  ᠮᠡᠭᠦᠰ ᠪᠢ  ᠪᠡᠶ᠎ᠡ ᠪᠠᠷ  ᠎ ᠢᠶᠠᠨ  ᠪᠤᠯᠭᠤᠭᠠᠨ ᠦᠵᠡᠪᠡ  ᠂  ᠬᠦᠩᠵᠦ ᠨᠠᠳᠠ ᠶᠢ  ᠬᠠᠷᠠᠭᠠᠳ ᠢᠨᠢᠶᠡᠭᠰᠡᠭᠡᠷ  ᠬᠠᠯᠢᠪᠠ ᠃  ᠬᠦᠨᠳᠦ ᠡᠪᠡᠳᠴᠢᠨ ᠲᠠᠢ ᠬᠦᠮᠦᠨ  ᠢᠨᠢᠶᠡᠨ ᠬᠠᠯᠢᠬᠤ ᠠᠨᠤ  ᠲᠤᠩ ᠴᠦᠭᠡᠨ ᠪᠤᠯᠠᠢ  ᠃  ᠬᠦ᠋ ᠬᠦ᠋  ᠡᠨᠡ ᠮᠡᠳᠦ  ᠢᠨᠢᠶᠡᠨ  ᠬᠠᠯᠢᠬᠤ ᠶᠢ  ᠮᠡᠬᠦᠰ ᠪᠢ ᠨᠢᠳᠦ ᠪᠠᠷ ᠦᠵᠡᠭᠰᠡᠨ  ᠴᠦ ᠭᠠᠶᠢᠬᠠᠨ᠎ᠠ᠃  ᠬᠦᠩᠵᠦ  ᠬᠦ᠋ ᠬᠦ᠋  ᠨᠢᠭᠡ ᠨᠠᠰᠤ  ᠠᠮᠤᠷ ᠲᠠᠶᠢᠪᠤᠩ ᠴᠠᠭ ᠲᠤ ᠲᠤᠬᠢᠶᠠᠯᠳᠤᠵᠤ  ᠮᠤᠩᠭᠤᠯ ᠤᠷᠤᠨ ᠳᠤ  ᠲᠠᠪᠢᠭᠠᠳ  ᠤᠨ  ᠠᠮᠢᠳᠤᠷᠠᠵᠤ  ᠮᠤᠩᠭᠤᠯ ᠦᠨᠳᠤᠰᠤᠳᠡᠨ  ᠎ ᠤ  ᠦᠨᠢᠳᠡ ᠶᠢᠨ  ᠬᠠᠶᠢᠷ᠎ᠠ ᠨᠠᠶᠢᠷ ᠢ  ᠡᠷᠬᠢᠮᠯᠡᠨ  ᠦᠨᠳᠦᠷ  ᠬᠤᠳᠤᠭ ᠢ  ᠤᠯᠵᠤ  ᠂ ᠬᠡᠦᠭᠡᠳ  ᠠᠴᠢ ᠨᠠᠷ  ᠎ ᠨᠢ  ᠪᠠᠳᠠᠷᠠᠩᠭᠤᠢ  ᠂  ᠬᠦᠭᠵᠢᠯᠳᠠᠢ  ᠂ ᠡᠳᠦᠭᠡ ᠢᠨᠢᠶᠡᠨ  ᠬᠠᠯᠢᠭᠰᠠᠨ  ᠎ ᠨᠢ ᠲᠦᠮᠡᠨ ᠪᠤᠶᠠᠨ ᠪᠦᠷᠢᠳᠤᠵᠠᠢ᠃  ᠮᠡᠭᠦᠰ  ᠪᠢ ᠰᠡᠭᠦᠷᠡᠰᠦ  ᠠᠯᠳᠠᠨ ᠭᠠᠰᠢᠭᠤᠳᠠᠨ  ᠲᠤᠷᠠᠳᠴᠦ ᠲᠤᠩ  ᠤᠶᠠᠷᠠᠨᠠᠮ ᠃  ᠲᠤᠰ ᠤᠨ  ᠎ ᠤ ᠬᠤᠶᠠᠷ ᠰᠠᠷ᠎ᠠ ᠶᠢᠨ   ᠨᠠᠢᠮᠠᠨ ᠤ  ᠡᠳᠦᠷ  ︵ ᠴᠠᠭᠠᠨ ᠪᠡᠴᠢᠨ︶  ᠬᠠᠭᠠᠨ ᠡᠵᠡᠨ  ᠬᠠᠭᠠᠨ ᠤ  ᠬᠦᠪᠡᠭᠦᠳ  ᠂  ᠸᠠᠩ᠂  ᠪᠠᠶᠢᠯᠠ  ᠂ ᠬᠦᠩ  ᠂ ᠪᠠᠶᠢᠰᠠ᠂  ᠡᠷᠬᠢᠮ ᠰᠠᠶᠢᠳ᠂  ᠪᠢᠴᠢᠭ ᠤᠨ  ᠳ᠋ᠠ  ᠂ ᠬᠢᠶ᠎ᠠ ᠵᠡᠷᠭᠡ ᠬᠦᠮᠦᠨ  ᠎ ᠢ  ᠲᠠᠭᠠᠭᠤᠯᠤᠨ  ᠢᠦᠢ ᠴᠧᠩ ᠸᠠᠩ ᠤᠨ  ᠬᠦᠷᠢᠶᠠᠯᠡᠩ ᠳᠤ  ᠬᠦᠷᠴᠦ   ᠪᠠᠭᠠᠷᠢᠨ  ᠎ ᠤ ᠰᠡᠴᠡᠨ ᠲᠡᠭᠡᠳᠦ  ᠬᠦᠷᠦᠨ ᠬᠦᠩᠵᠦ  ᠎ ᠶᠢᠨ  ᠱᠠᠷᠢᠯ ᠢ  ᠠᠪᠰᠠᠯᠠᠪᠠ  ᠃  ᠬᠠᠭᠠᠨ  ᠡᠵᠡᠨ  ᠠᠪᠰᠠᠨ ᠤ   ᠬᠠᠵᠠᠭᠤ ᠳᠤ  ᠭᠠᠰᠢᠭᠤᠳᠠᠨ ᠤᠬᠢᠯᠠᠬᠤ ᠳᠤ  ᠲᠦᠰᠢᠮᠡᠯ ᠨᠠᠷ  ᠎ ᠨᠢ ᠭᠤᠷᠪᠠᠨᠳᠠ  ᠢᠳᠬᠠᠨ  ᠲᠠᠶᠢᠳᠬᠠᠷᠠᠭᠤᠯᠬᠤ ᠳᠤ  ᠰᠠᠶ᠋ᠢ ᠤᠷᠳᠤᠨ ᠳᠠᠭᠠᠨ ᠪᠤᠴᠠᠪᠠ᠃  ᠠᠷᠪᠠᠨ ᠨᠢᠭᠡᠨ  ᠎ ᠤ ᠡᠳᠦᠷ  ︵ᠬᠠᠷᠠᠭᠴᠢᠨ  ᠭᠠᠭ᠋ᠠᠢ  ︶  ᠭᠠᠳᠠᠭᠠᠳᠤ ᠮᠤᠩᠭᠤᠯ ᠤᠨ  ᠲᠦᠷᠦ  ᠎ ᠶᠢ  ᠵᠠᠰᠠᠬᠤ  ᠶᠠᠮᠤᠨ  ᠎ ᠤ ᠰᠠᠶᠢᠳ  ᠎ ᠠᠴᠠ  ︽ ᠪᠠᠭᠠᠷᠢᠨ ᠤ  ᠰᠡᠴᠡᠨ ᠲᠡᠭᠡᠳᠦ ᠬᠦᠷᠦᠨ  ᠬᠦᠩᠵᠦ ᠴᠠᠭᠠᠨ ᠰᠠᠷ᠎ᠠ ᠶᠢᠨ  ᠠᠷᠪᠠᠨ ᠤ  ᠡᠳᠦᠷ  ᠪᠡᠭᠡᠵᠢᠩ ᠳᠤ  ᠲᠡᠭᠷᠢ ᠳᠤ  ᠬᠠᠯᠢᠭᠰᠠᠨ  ᠂ ᠤᠳᠤ  ᠪᠠᠰᠠ    ᠨᠢᠭᠡ ᠤᠳᠠᠭ᠎ᠠ ᠲᠠᠬᠢᠯ  ᠲᠠᠯᠪᠢᠬᠤ  ᠶᠤᠰᠤ ᠲᠠᠢ᠃  ᠬᠦᠩᠵᠦ ᠶᠢᠨ  ᠭᠡᠭᠡᠨ ᠢ  ᠪᠠᠭᠠᠷᠢᠨ ᠵᠦᠭ  ᠬᠦᠷᠬᠡᠬᠦ ᠲᠤᠬᠠᠢ  ᠡᠷᠭᠡᠪᠰᠢ  ᠲᠤᠳᠤᠭᠠᠳᠤ ᠶᠡᠭᠡ ᠰᠠᠶᠢᠳ  ᠬᠢᠶ᠎ᠡ  ᠵᠡᠷᠭᠡ ᠬᠦᠮᠦᠨ  ᠬᠠᠮᠠᠭᠠᠯᠠᠨ ᠬᠦᠷᠭᠡᠬᠦ ᠬᠡᠷᠡᠭᠳᠠᠢ  ︾ ᠭᠡᠵᠦ  ᠠᠶᠢᠯᠠᠳᠬᠠᠭᠰᠠᠨ ᠳᠤ  ᠬᠠᠭᠠᠨ ᠡᠵᠡᠨ  ︽ ᠬᠠᠭᠠᠨ ᠤ  ᠬᠦᠪᠡᠭᠦᠳ  ᠬᠦᠩᠵᠦ ᠶᠢᠨ  ᠭᠡᠭᠡᠨ ᠢ  ᠬᠠᠮᠠᠭᠠᠯᠠᠨ  ᠬᠦᠷᠭᠡᠬᠦ ᠬᠡᠷᠡᠭᠳᠠᠢ  ᠂ ᠠᠯᠢᠪᠠ  ᠲᠠᠬᠢᠯ ᠤᠨ  ᠭᠡᠷᠡᠭᠰᠡᠯ ᠢ  ᠪᠦᠬᠦᠨ ᠢ  ᠪᠡᠭᠡᠵᠢᠩ ᠠᠴᠠ  ᠪᠡᠯᠡᠳᠭᠡᠨ  ᠬᠦᠷᠭᠡᠬᠦ  ᠬᠡᠷᠡᠭᠳᠠᠢ  ︾   ᠭᠡᠵᠦ ᠵᠠᠷᠯᠢᠭ ᠪᠤᠯᠪᠠ᠃      ᠲᠤᠰ ᠤᠨ  ᠎ ᠤ ᠠᠷᠪᠠᠨ ᠨᠢᠭᠡᠨ ᠰᠠᠷ᠎ᠠ ᠶᠢᠨ  ᠠᠷᠪᠠᠨ ᠲᠠᠪᠤᠨ ᠤ  ︵ᠬᠦᠭᠡᠭᠴᠢᠨ ᠮᠤᠭᠠᠢ︶  ᠡᠳᠦᠷ  ᠬᠠᠭᠠᠨ ᠡᠵᠡᠨ ᠵᠠᠷᠯᠢᠭ ᠪᠤᠯᠵᠤ  ᠪᠦ᠋ ᠯᠠᠢ ᠲᠤᠰᠬᠤᠨ ᠤ  ᠠᠮᠤ ᠶᠢ ᠭᠠᠷᠭᠠᠨ  ᠬᠤᠶᠠᠷ ᠪᠠᠭᠠᠷᠢᠨ ᠤ  ᠦᠭᠡᠶᠢᠭᠦᠦ ᠶᠠᠳᠠᠭᠤ ᠠᠷᠠᠳ  ᠎ ᠢ  ᠲᠤᠰᠠᠯᠠᠪᠠ᠃      ᠡᠩᠭᠡ ᠠᠮᠤᠭᠤᠯᠠᠩ ᠤᠨ  ᠲᠦᠴᠢᠨ  ᠲᠦᠷᠪᠡᠳᠦᠭᠡᠷ  ᠤᠨ  ᠎ ᠤ ︵  ᠬᠦᠭᠡᠭᠴᠢᠨ ᠲᠠᠬᠢᠶ᠎ᠠ ᠵᠢᠯ᠂1705ᠤᠨ︶    ᠠᠷᠪᠠᠨ ᠬᠤᠶᠠᠷ  ᠰᠠᠷ᠎ᠠ  ᠎ ᠶᠢᠨ ᠬᠦᠭᠡ  ᠯᠤᠤ  ᠡᠳᠦᠷ  ᠪᠠᠭᠠᠷᠢᠨ ᠬᠤᠰᠢᠭᠤᠨ  ᠪᠠᠶᠢᠰᠠ  ᠤᠷᠴᠠ ᠬᠠᠯᠢᠭᠰᠠᠨ ᠳᠤ ᠬᠠᠭᠠᠨ ᠡᠵᠡᠨ    ᠬᠦᠮᠦᠨ  ᠲᠤᠮᠢᠯᠠᠵᠤ  ᠲᠠᠬᠢᠯ ᠲᠠᠯᠪᠢᠭᠤᠯᠪᠠ᠃        ᠡᠩᠭᠡ ᠠᠮᠤᠭᠤᠯᠠᠩ ᠤᠨ  ᠲᠦᠴᠢᠨ ᠲᠠᠪᠤᠳᠤᠭᠠᠷ ᠤᠨ  ᠎ ᠤ ︵ ᠤᠯᠠᠭᠠᠨ  ᠨᠤᠬᠠᠢ ᠵᠢᠯ᠂1706ᠤᠨ︶   ᠴᠠᠭᠠᠨ ᠰᠠᠷ᠎ᠠ ᠶᠢᠨ  ᠠᠷᠪᠠᠨ ᠲᠦᠷᠪᠡᠨ  ᠡᠳᠦᠷ  ︵ᠬᠠᠷᠠᠭᠴᠢᠨ ᠲᠠᠬᠢᠶ᠎ᠠ  ︶  ᠎ ᠤᠨ  ᠦᠳᠡ ᠳᠤ  ᠬᠠᠭᠠᠨ ᠡᠵᠡᠨ  ᠴᠠᠩ ᠴᠦᠨ ᠶᠤᠸᠠᠨ ᠤᠷᠳᠤᠨ  ᠎ ᠤ ᠲᠤᠳᠤᠷᠠᠬᠢ  ᠸᠠᠨ  ᠱᠤ᠋    ᠾᠦᠩ ᠰᠢᠶᠠ  ᠤᠷᠳᠤᠨ ᠳᠤ   ᠲᠦᠷᠦ ᠳᠤ ᠢᠷᠡᠭᠰᠡᠨ  ᠭᠠᠳᠠᠭᠠᠳᠤ ᠮᠤᠩᠭᠤᠯ ᠤᠨ  ᠸᠠᠩ ᠬᠦᠩ ᠨᠠᠷ ᠢ  ᠵᠤᠴᠢᠯᠠᠵᠤ  ᠂ ᠪᠠᠭᠠᠷᠢᠨ  ᠎ ᠤ ᠵᠠᠰᠠᠭ ᠲᠦᠷᠦ ᠶᠢᠨ  ᠵᠢᠶᠦ᠋ᠨ ᠸᠠᠩ  ᠦᠷᠭᠦᠨ  ᠂  ᠂ ᠬᠤᠰᠢᠭᠤ ᠶᠢᠨ  ᠪᠠᠶᠢᠰᠠ ᠡᠷᠳᠡᠨᠢ᠂  ᠤᠯᠤᠰ  ᠎ ᠲᠤᠷ ᠲᠤᠰᠠᠬᠠᠯᠠᠬᠤ ᠬᠦᠩ  ᠭᠡᠷᠡᠯᠳᠦ ᠵᠡᠷᠭᠡ  ᠡᠯ᠎ᠡ ᠬᠤᠰᠢᠭᠤᠳ ᠤᠨ  ᠸᠠᠩ ᠬᠦᠩ  ᠨᠠᠷ ᠤᠷᠤᠯᠴᠠᠵᠤ  ᠬᠠᠭᠠᠨ ᠡᠵᠡᠨ  ᠭᠠᠷ ᠡᠷᠭᠦᠵᠦ  ᠤᠯᠠᠨ ᠲᠠᠢ ᠨᠠᠶᠢᠷᠠᠯᠳᠤᠪᠠ᠃  ᠲᠤᠯᠤᠭᠠᠨ ᠰᠠᠷ᠎ᠠ ᠶᠢᠨ  ᠬᠤᠷᠢᠨ ᠲᠤᠯᠤᠭᠠᠨ  ᠎ ᠤ ᠡᠳᠦᠷ  ᠬᠠᠭᠠᠨ ᠡᠵᠡᠨ  ᠰᠢᠯᠦᠭᠤᠨ ᠬᠦᠭᠡ ᠬᠤᠰᠢᠭᠤᠨ  ᠎ ᠤ ᠶᠤᠯᠤ  ᠠᠶᠢᠯ ᠳᠤ   ᠪᠠᠭᠤᠳᠠᠯᠯᠠᠭᠰᠠ ᠳᠤ  ᠪᠠᠭᠠᠷᠢᠨ  ᠎ ᠤ ᠦᠯᠡᠮᠵᠢ ᠬᠡᠮᠵᠢᠶᠡᠳᠦ  ᠬᠤᠱᠦᠢ  ᠬᠦᠩᠵᠦ   ᠢᠷᠡᠵᠦ  ᠠᠮᠤᠷ ᠢ  ᠠᠰᠠᠭᠤᠬᠤ ᠶᠤᠰᠤᠨ  ᠎ ᠢ  ᠬᠢᠵᠠᠢ᠃  ᠶᠢᠰᠦᠨ ᠰᠠᠷ᠎ᠠ ᠶᠢᠨ  ᠰᠢᠷ᠎ᠠ ᠯᠤᠤ ᠡᠳᠦᠷ ᠬᠠᠭᠠᠨ ᠡᠵᠡᠨ   ᠨᠤᠮᠤᠬ᠎ᠠ  ᠠᠭᠤᠯᠠᠨ ᠳᠤ  ᠪᠠᠭᠤᠳᠠᠯᠯᠠᠵᠤ ᠬᠡᠰᠢᠭ  ᠎ ᠢᠶᠠᠷ   ᠪᠠᠭᠠᠷᠢᠨ   ᠵᠡᠷᠭᠡ ᠠᠷᠪᠠᠨ ᠠᠶᠢᠮᠠᠭ ᠤᠨ  ᠸᠠᠩ ᠬᠦᠩ  ᠂  ᠲᠠᠶᠢᠵᠢ᠂   ᠲᠠᠪᠤᠨᠠᠩ  ᠂ ᠨᠠᠷ  ᠎ ᠲᠤ ᠲᠡᠷᠯᠢᠭ᠂  ᠲᠤᠷᠭ᠎ᠠ ᠱᠠᠩᠨᠠᠵᠠᠢ᠃  ᠠᠷᠪᠠᠨ ᠬᠤᠶᠠᠷ ᠰᠠᠷ᠎ᠠ ᠶᠢᠨ  ᠭᠤᠴᠢᠨ ᠤ  ᠡᠳᠦᠷ ︵ᠬᠦᠭᠡ ᠪᠠᠷᠰ︶  ᠦᠳᠡ ᠳᠤ  ᠬᠠᠭᠠᠨ ᠡᠵᠡᠨ ᠪᠤᠤ ᠾᠧ ᠳ᠋ᠢᠶᠠᠨ ᠤᠷᠳᠤᠨ  ᠎ ᠳᠤ ᠶᠡᠭᠡ ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ  ᠪᠠᠭᠠᠷᠢᠨ ᠬᠤᠰᠢᠭᠤ ᠶᠢᠨ  ᠪᠠᠶᠢᠰᠠ  ᠸᠠᠴᠢᠷᠰᠡᠷᠡᠭ᠂  ᠬᠤᠱᠤᠢ  ᠲᠠᠪᠤᠨᠠᠩ  ᠰᠡᠷᠡᠩ  ᠵᠡᠷᠭᠡ ᠡᠯ᠎ᠡ ᠠᠶᠢᠮᠠᠭ ᠤᠨ  ᠸᠠᠩ ᠬᠦᠩ  ᠂ ᠲᠠᠶᠢᠵᠢ᠂ ᠲᠠᠪᠤᠨᠠᠩ ᠨᠠᠷ ᠲᠠᠢ ᠭᠠᠷ ᠡᠷᠭᠦᠨ  ᠴᠡᠩᠭᠡᠯᠳᠦᠪᠡ᠃     ᠡᠩᠭᠡ ᠠᠮᠤᠭᠤᠯᠠᠩ ᠤᠨ  ᠲᠦᠴᠢᠨ  ᠵᠢᠷᠭᠤᠳᠤᠭᠠᠷ ᠤᠨ  ᠎ ᠤ ︵  ᠤᠯᠠᠭᠠᠭᠴᠢ  ᠭᠠᠭ᠋ᠠᠢ  ᠵᠢᠯ᠂1707ᠤᠨ ︶   ᠲᠤᠯᠤᠭᠠᠨ ᠰᠠᠷ᠎ᠠ ᠶᠢᠨ   ᠬᠦᠭᠡᠭᠴᠢᠨ ᠲᠠᠤᠯᠠᠢ  ᠡᠳᠦᠷ  ᠬᠠᠭᠠᠨ ᠡᠵᠡᠨ  ᠢᠴᠢᠷᠰᠢᠷᠡᠭᠡ  ᠎ ᠳᠤ  ᠪᠠᠭᠤᠳᠠᠯᠯᠠᠭᠰᠠ ᠳᠤ  ᠪᠠᠭᠠᠷᠢᠨ  ᠎ ᠤ ᠦᠯᠡᠮᠵᠢ ᠬᠡᠮᠵᠢᠶᠡᠳᠦ  ᠬᠤᠱᠦᠢ  ᠬᠦᠩᠵᠦ   ᠢᠷᠡᠵᠦ  ᠠᠮᠤᠷ ᠢ  ᠠᠰᠠᠭᠤᠬᠤ ᠶᠤᠰᠤᠨ  ᠎ ᠢ  ᠬᠢᠵᠠᠢ᠃   ᠪᠠᠭᠠᠷᠢᠨ  ᠎ ᠤ ᠬᠤᠱᠤᠢ  ᠲᠠᠪᠤᠨᠠᠩ  ᠦᠷᠭᠦᠨ  ᠂   ᠤᠯᠤᠰ  ᠎ ᠲᠤᠷ ᠲᠤᠰᠠᠬᠠᠯᠠᠬᠤ ᠬᠦᠩ  ᠭᠡᠷᠡᠯᠳᠦ ᠵᠡᠷᠭᠡ  ᠳ᠋ᠥ‌‍ᠲ᠋ᠡᠷᠯᠢᠭ᠂  ᠲᠤᠷᠭ᠎ᠠ ᠱᠠᠩᠨᠠᠵᠠᠢ᠃  ᠨᠠᠢᠮᠠᠨ ᠰᠠᠷ᠎ᠠ ᠶᠢᠨ  ᠴᠠᠭᠠᠭᠴᠢᠨ ᠮᠤᠭᠠᠢ ᠡᠳᠦᠷ  ᠬᠠᠭᠠᠨ ᠡᠵᠡᠨ  ᠦᠯᠡᠮᠵᠢ ᠬᠡᠮᠵᠢᠶᠡᠳᠦ ᠬᠦᠩᠵᠦ ᠶᠢᠨ  ᠤᠷᠳᠤᠨ ᠳᠤ ᠪᠠᠭᠤᠳᠠᠯᠯᠠᠵᠤ ᠲᠦᠷᠦ ᠶᠢᠨ  ᡁᠢ   ᠵᠢᠶᠦ᠋ᠨ ᠸᠠᠩ  ᠶᠦᠨ ᠱᠢ  ᠂  ᠲᠤᠭ ᠤᠨ  ᠵᠠᠩᠬᠢ  ᠲᠠᠶᠢᠬ᠎ᠠ  ᠎ ᠶᠢ ᠲᠤᠮᠢᠯᠠᠵᠤ ᠰᠡᠴᠡᠨ ᠲᠡᠭᠡᠳᠦ  ᠬᠦᠷᠦᠨ ᠬᠦᠩᠵᠦ ᠶᠢᠨ  ᠭᠡᠭᠡᠨ ᠳᠤ ᠠᠷᠢᠬᠢ  ᠰᠠᠴᠤᠵᠤ  ᠲᠠᠬᠢᠯ ᠲᠠᠯᠪᠢᠭᠤᠯᠵᠠᠢ᠃  ᠬᠠᠷᠠᠭᠴᠢᠨ ᠬᠤᠨᠢ ᠡᠳᠦᠷ  ᠬᠠᠭᠠᠨ ᠡᠵᠡᠨ  ᠭᠤᠷᠭᠤᠯᠳᠠᠢ  ᠬᠠᠷ᠎ᠠ ᠤᠰᠤ  ᠎ ᠶᠢᠨ  ᠭᠠᠵᠠᠷ ᠪᠠᠭᠤᠳᠠᠯᠠᠯᠭᠰᠠᠨ  ᠎ ᠳᠤ  ᠪᠠᠭᠠᠷᠢᠨ ᠬᠤᠰᠢᠭᠤᠨ  ᠎ ᠤ ᠪᠠᠶᠢᠰᠠ  ᠸᠡᠴᠢᠷᠰᠡᠷᠩ  ᠢᠷᠡᠵᠦ ᠵᠤᠯᠭᠠᠯᠳᠠ  ᠬᠢᠭᠰᠡᠨ  ᠬᠠᠭᠠᠨ ᠡᠵᠡᠨ   ᠲᠡᠷᠯᠢᠭ᠂  ᠲᠤᠷᠭ᠎ᠠ ᠱᠠᠩᠨᠠᠵᠠᠢ᠃     ᠡᠩᠭᠡ ᠠᠮᠤᠭᠤᠯᠠᠩ ᠤᠨ  ᠲᠦᠴᠢᠨ  ᠨᠠᠢᠮᠠᠳᠤᠭᠠᠷ ᠤᠨ  ᠎ ᠤ ︵ ᠰᠢᠷᠠᠭᠴᠢᠨ ᠦᠭᠡᠷ ᠵᠢᠯ᠂1709ᠤᠨ︶    ᠭᠤᠷᠪᠠᠨ ᠰᠠᠷ᠎ᠠ ᠶᠢᠨ   ᠠᠷᠪᠠᠨ ᠵᠢᠷᠭᠤᠭᠠᠨ  ︵ᠤᠯᠠᠭᠠᠭᠴᠢᠨ ᠭᠠᠭ᠋ᠠᠢ  ︶  ᠎ ᠤ ᠡᠳᠦᠷ  ᠬᠠᠭᠠᠨ ᠡᠵᠡᠨ ᠵᠠᠷᠯᠢᠭ ᠪᠤᠯᠵᠤ  ᠪᠠᠭᠠᠷᠢᠨ  ᠎ ᠤ  ᠦᠷᠭᠦᠨ ᠲᠠᠪᠤᠨᠠᠩ ᠳᠤ ᠮᠤᠷᠳᠠᠭᠰᠠᠨ  ᠪᠠᠭᠠᠷᠢᠨ  ᠎ ᠤ ᠦᠯᠡᠮᠵᠢ ᠬᠡᠮᠵᠢᠶᠡᠳᠦ  ᠬᠤᠱᠦᠢ  ᠬᠦᠩᠵᠦ  ᠎ ᠶᠢ ᠬᠦᠷᠦᠨ ᠬᠦᠩᠵᠦ   ᠡᠷᠭᠦᠮᠵᠢᠯᠡᠵᠦ  ᠦᠷᠭᠦᠨ ᠢ  ᠬᠦᠷᠦᠨ  ᠲᠠᠪᠤᠨᠠᠩ ᠢᠶᠠᠷ ᠲᠡᠪᠰᠢᠬᠦᠯᠬᠦ  ᠎ ᠪᠠᠷ  ᠲᠤᠭᠳᠠᠪᠠ᠃  ᠵᠢᠷᠭᠤᠭᠠᠨ ᠰᠠᠷ᠎ᠠ  ᠎ ᠶᠢᠨ  ᠬᠦᠭᠡᠭᠴᠢᠨ ᠬᠤᠨᠢ ᠡᠳᠦᠷ  ᠪᠠᠭᠠᠷᠢᠨ ᠵᠢᠶᠦ᠋ᠨ ᠸᠠᠩ  ᠬᠦᠷᠦᠨ ᠲᠠᠪᠤᠨᠠᠩ  ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃     ᠡᠩᠭᠡ ᠠᠮᠤᠭᠤᠯᠠᠩ ᠤᠨ  ᠲᠦᠴᠢᠨ  ᠶᠢᠰᠦᠳᠤᠭᠡᠷ ᠤᠨ  ᠎ ᠤ ︵ ᠴᠠᠭᠠᠨ  ᠪᠠᠷᠰ  ᠵᠢᠯ᠂1710 ᠤᠨ︶     ᠲᠠᠪᠤᠨ  ᠰᠠᠷ᠎ᠠ ᠶᠢᠨ  ᠤᠯᠠᠭᠠᠭᠴᠢᠨ ᠦᠭᠡᠷ ᠡᠳᠦᠷ  ᠬᠠᠭᠠᠨ ᠡᠵᠡᠨ  ᠬᠠᠯᠠᠭᠤᠨ ᠭᠤᠤᠯ ᠤᠨ  ᠰᠠᠭᠤᠬᠤ  ᠤᠷᠳᠤᠨ ᠎ ᠳᠤ  ᠪᠠᠭᠤᠳᠠᠯᠯᠠᠭᠰᠠᠨ ᠳᠤ  ᠪᠠᠭᠠᠷᠢᠨ  ᠎ ᠤ  ᠦᠷᠭᠦᠨ ᠵᠢᠶᠦ᠋ᠨ ᠸᠠᠩ  ᠢᠷᠡᠵᠦ   ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃  ᠲᠤᠯᠤᠭᠠᠨ ᠰᠠᠷ᠎ᠠ  ᠎ ᠳᠤ  ᠬᠠᠭᠠᠨ ᠡᠵᠡᠨ  ᠯᠦᠩ ᠬᠤᠸᠠ  ᠎ ᠶᠢᠨ  ᠪᠤᠷᠦᠬᠤᠳᠠ  ᠎ ᠳᠤ  ᠪᠠᠭᠤᠳᠠᠯᠯᠠᠭᠰᠠᠨ ᠳᠤ  ᠪᠠᠭᠠᠷᠢᠨ  ᠎ ᠤ  ᠦᠷᠭᠦᠨ ᠵᠢᠶᠦ᠋ᠨ ᠸᠠᠩ  ᠢᠷᠡᠵᠦ   ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃     ᠡᠩᠭᠡ ᠠᠮᠤᠭᠤᠯᠠᠩ ᠤᠨ  ᠲᠠᠪᠢᠨ ᠨᠢᠭᠡᠳᠦᠭᠡᠷ  ᠤᠨ  ᠎ ᠤ ︵ ᠬᠠᠷ᠎ᠠ ᠯᠤᠤ  ᠵᠢᠯ᠂1711 ᠤᠨ︶   ᠲᠤᠯᠤᠭᠠᠨ  ᠰᠠᠷ᠎ᠠ ᠶᠢᠨ  ᠬᠠᠷᠠᠭᠴᠢᠨ ᠲᠠᠤᠯᠠᠢ  ᠡᠳᠦᠷ  ᠪᠠᠭᠠᠷᠢᠨ ᠬᠤᠰᠢᠭᠤᠨ ᠤ ᠪᠠᠶᠢᠰᠠ  ᠸᠡᠴᠢᠷᠰᠡᠷᠡᠩ  ᠲᠦᠷᠦ  ᠎ ᠳᠤ ᠢᠷᠡᠵᠦ   ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃       ᠤᠯᠠᠭᠠᠭᠴᠢᠨ ᠮᠤᠭᠠᠢ  ᠡᠳᠦᠷ  ᠎ ᠳᠤ  ᠬᠠᠭᠠᠨ ᠡᠵᠡᠨ  ᠯᠦᠩ ᠬᠤᠸᠠ  ᠎ ᠶᠢᠨ  ᠪᠤᠷᠦᠬᠤᠳᠠ  ᠎ ᠳᠤ  ᠪᠠᠭᠤᠳᠠᠯᠯᠠᠭᠰᠠᠨ ᠳᠤ ᠪᠠᠭᠠᠷᠢᠨ ᠤ  ᠦᠯᠡᠮᠵᠢ ᠬᠡᠮᠵᠢᠶᠡᠳᠦ  ᠭᠦᠷᠦᠨ ᠬᠦᠩᠵᠦ   ᠢᠷᠡᠵᠦ   ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃   ᠶᠢᠰᠦᠨ ᠰᠠᠷ᠎ᠠ  ᠎ ᠶᠢᠨ ᠴᠠᠭᠠᠨ ᠪᠠᠷᠰ ᠡᠳᠦᠷ  ᠬᠠᠭᠠᠨ ᠡᠵᠡᠨ  ᠨᠠᠮᠰᠠᠩᠵᠠᠰᠠᠨ  ᠎ ᠳᠤ ᠪᠠᠭᠤᠳᠠᠯᠯᠠᠵᠤ , ᠬᠡᠰᠢᠭ ᠢᠶᠠᠷ  ᠲᠦᠷᠦ ᠳᠤ ᠢᠷᠡᠭᠰᠡᠨ  ᠪᠠᠭᠠᠷᠢᠨ ᠵᠡᠷᠭᠡ ᠠᠷᠪᠠᠨ ᠲᠤᠯᠤᠭᠠᠨ  ᠬᠤᠰᠢᠭᠤᠨ  ᠎ ᠤ  ᠸᠠᠩ  ᠂ ᠪᠠᠶᠢᠯᠠ  ᠂ ᠪᠠᠶᠢᠰᠠ᠂  ᠲᠠᠪᠤᠨᠠᠩ᠂  ᠬᠦᠩ᠂  ᠲᠠᠶᠢᠵᠢ ᠵᠡᠷᠭᠡ ᠳᠤ  ᠡᠮᠡᠭᠡᠯ  ᠂ ᠲᠤᠷᠭ᠎ᠠ᠂  ᠮᠦᠩᠬᠦ᠂  ᠱᠠᠩᠨᠠᠵᠠᠢ᠃  ᠬᠠᠭᠠᠨ ᠢ  ᠎ ᠲᠠᠭᠠᠨ     ᠡᠶᠢᠨᠯᠠᠭᠰᠡᠨ  ︵2︶  ᠡᠩ ᠤᠨ  ᠮᠤᠩᠭᠤᠯ ᠴᠡᠷᠢᠭ  ᠎ ᠲᠤ  ᠲᠤᠰ ᠲᠤᠰ  ᠮᠦᠩᠬᠦ᠂  ᠪᠦᠰ ᠱᠠᠩᠨᠠᠵᠠᠢ᠃     ᠡᠩᠭᠡ ᠠᠮᠤᠭᠤᠯᠠᠩ ᠤᠨ   ᠲᠠᠪᠢᠨ ᠬᠤᠶᠠᠳᠤᠭᠠᠷ ᠤᠨ  ᠎ ᠤ ︵ ᠬᠠᠷᠠᠭᠴᠢᠨ ᠮᠤᠭᠠᠢ  ᠵᠢᠯ᠂1713ᠤᠨ︶   ᠲᠤᠯᠤᠭᠠᠨ ᠰᠠᠷ᠎ᠠ ᠶᠢᠨ   ᠤᠯᠠᠭᠠᠭᠴᠢᠨ ᠲᠠᠤᠯᠠᠢ  ᠡᠳᠦᠷ  ᠬᠠᠭᠠᠨ ᠡᠵᠡᠨ ᠯᠦᠩ ᠬᠤᠸᠠ  ᠎ ᠶᠢᠨ ᠪᠤᠷᠤᠬᠤᠳᠠ ᠳᠤ      ᠪᠠᠭᠤᠳᠠᠯᠯᠠᠭᠰᠠ ᠳᠤ  ᠪᠠᠭᠠᠷᠢᠨ  ᠎ ᠤ ᠦᠯᠡᠮᠵᠢ ᠬᠡᠮᠵᠢᠶᠡᠳᠦ    ᠬᠦᠷᠦᠨ ᠬᠦᠩᠵᠦ   ᠢᠷᠡᠵᠦ  ᠬᠠᠭᠠᠨ ᠡᠴᠢᠭᠡ  ᠎ ᠳᠡᠭᠡᠨ ᠠᠮᠤᠷ ᠢ  ᠠᠰᠠᠭᠤᠬᠤ ᠶᠤᠰᠤᠨ  ᠎ ᠢ  ᠬᠢᠵᠠᠢ᠃      ᠡᠩᠭᠡ ᠠᠮᠤᠭᠤᠯᠠᠩ ᠤᠨ   ᠲᠠᠪᠢᠨ ᠭᠤᠷᠪᠠᠳᠤᠭᠠᠷ ᠤᠨ  ᠎ ᠤ ︵  ᠬᠦᠭᠡ ᠮᠤᠷᠢᠨ ᠵᠢᠯ᠂1714ᠤᠨ︶   ᠴᠠᠭᠠᠨ ᠰᠠᠷ᠎ᠠ ᠶᠢᠨ  ᠠᠷᠪᠠᠨ ᠲᠦᠷᠪᠡᠨ  ᠎ ᠤ ᠡᠳᠦᠷ  ︵ ᠤᠯᠠᠭᠠᠨ  ᠯᠤᠤ  ︶  ᠎ ᠤᠨ  ᠦᠳᠡ ᠳᠤ  ᠬᠠᠭᠠᠨ ᠡᠵᠡᠨ  ᠴᠠᠩ ᠴᠦᠨ ᠶᠤᠸᠠᠨ ᠤᠷᠳᠤᠨ  ᠎ ᠤ ᠲᠤᠳᠤᠷᠠᠬᠢ  ᠲᠦᠮᠡᠨ  ᠨᠠᠰᠤᠳᠤ  ᠲᠠᠩᠬᠢᠮ  ᠎ ᠳᠤ  ᠪᠠᠭᠠᠷᠢᠨ  ᠎ ᠤ ᠵᠠᠰᠠᠭ ᠲᠦᠷᠦ ᠎ ᠶᠢᠨ  ᠵᠢᠶᠦ᠋ᠨ ᠸᠠᠩ  ᠦᠷᠭᠦᠨ  ᠂᠂ ᠬᠤᠰᠢᠭᠤ ᠶᠢᠨ  ᠪᠠᠶᠢᠰᠠ ᠷᠠᠰᠢᠨᠠᠮᠵᠢᠯ  ᠵᠡᠷᠭᠡ ᠲᠦᠷᠦ ᠳᠤ ᠢᠷᠡᠭᠰᠡᠨ  ᠭᠠᠳᠠᠭᠠᠳᠤ ᠮᠤᠩᠭᠤᠯ ᠤᠨ   ᠬᠤᠷᠢᠨ  ᠨᠠᠢᠮᠠᠨ  ᠬᠤᠰᠢᠭᠤ  ᠎ ᠶᠢᠨ  ᠸᠠᠩ ᠢ  ᠵᠤᠴᠢᠯᠠᠵᠤ  ᠂ ᠬᠠᠭᠠᠨ ᠤᠯᠠᠨ ᠲᠠᠢ ᠠᠷᠢᠬᠢ ᠤᠤᠭᠤᠵᠤ  ᠴᠡᠩᠭᠡᠯᠳᠦᠪᠡ  ᠃       ᠲᠠᠪᠤᠨ  ᠰᠠᠷ᠎ᠠ ᠶᠢᠨ  ᠬᠤᠷᠢᠨ ᠵᠢᠷᠭᠤᠭᠠᠨ  ᠎ ᠤ ᠡᠳᠦᠷ  ᠬᠠᠭᠠᠨ ᠡᠵᠡᠨ  ᠬᠠᠯᠠᠭᠤᠨ ᠭᠤᠤᠯ ᠤᠨ  ᠰᠠᠭᠤᠬᠤ  ᠤᠷᠳᠤᠨ ᠳᠤ  ᠪᠠᠭᠤᠳᠠᠯᠯᠠᠭᠰᠠᠨ ᠳᠤ  ᠪᠠᠭᠠᠷᠢᠨ ᠤ  ᠦᠯᠡᠮᠵᠢ ᠬᠡᠮᠵᠢᠶᠡᠳᠦ ᠬᠦᠷᠦᠨ  ᠬᠦᠩᠵᠦ   ᠢᠷᠡᠵᠦ   ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃  ᠵᠢᠷᠭᠤᠭᠠᠨ  ᠰᠠᠷ᠎ᠠ ᠶᠢᠨ   ᠬᠦᠭᠡᠭᠴᠢᠨ ᠮᠤᠭᠠᠢ  ᠡᠳᠦᠷ   ᠪᠠᠭᠠᠷᠢᠨ  ᠎ ᠤ  ᠵᠠᠰᠠᠭ ᠲᠦᠷᠦ  ᠎ ᠶᠢᠨ  ᠵᠢᠶᠦ᠋ᠨ ᠸᠠᠩ  ᠬᠦᠷᠦᠨ ᠲᠠᠪᠤᠨᠠᠩ ᠦᠷᠭᠦᠨ   ᠢᠷᠡᠵᠦ   ᠬᠠᠭᠠᠨ ᠡᠵᠡᠨ ᠤ  ᠠᠮᠦᠷ ᠤᠨ  ᠶᠤᠰᠤᠯᠠᠯ ᠢ  ᠬᠦᠢᠴᠡᠳᠭᠡᠪᠡ᠃     ᠠᠷᠪᠠᠨ   ᠬᠤᠶᠠᠷ  ᠰᠠᠷ᠎ᠠ  ᠎ ᠶᠢᠨ ᠬᠤᠷᠢ ᠶᠢᠰᠦᠨ  ᠎ ᠤ  ᠡᠳᠦᠷ  ︵ ᠤᠯᠠᠭᠠᠭᠴᠢᠨ  ᠲᠠᠬᠢᠶ᠎ᠠ ᠡᠳᠦᠷ  ︶᠎ ᠤᠨ ᠦᠳᠡ ᠳᠤ   ᠬᠠᠭᠠᠨ ᠡᠵᠡᠨ ᠪᠤᠤ  ᠾᠧ ᠳ᠋ᠢᠶᠠᠨ ᠤᠷᠳᠤᠨ ᠳᠤ   ᠰᠢᠨ᠎ᠡ ᠵᠢᠯ  ᠎ ᠢ ᠤᠭᠳᠤᠬᠤ  ᠶᠡᠭᠡ ᠲᠠᠶᠢᠯᠠᠯᠭ᠎ᠠ ᠬᠢᠵᠦ  ᠲᠦᠷᠦ ᠳᠤ ᠢᠷᠡᠭᠰᠡᠨ  ᠪᠠᠭᠠᠷᠢᠨ  ᠠᠶᠢᠮᠠᠭ ᠤᠨ  ᠪᠠᠶᠢᠰᠠ  ᠸᠠᠴᠢᠷᠰᠡᠷᠡᠩ ᠭᠠᠳᠠᠭᠠᠳᠤ ᠮᠤᠩᠭᠤᠯ ᠤᠨ  ᠡᠯ᠎ᠡ ᠸᠠᠩ  ᠵᠡᠷᠭᠡ  ᠬᠤᠷᠢᠨ ᠭᠤᠷᠪᠠᠨ ᠬᠤᠰᠢᠭᠤ  ᠎ ᠶᠢᠨ   ᠸᠠᠩ ᠬᠦᠩ  ᠎ ᠲᠠᠢ ᠠᠷᠢᠬᠢᠳᠠᠨ ᠴᠡᠩᠭᠡᠯᠳᠦᠪᠡ᠃  ᠪᠦᠬᠦᠳᠡᠭᠡᠷ ᠬᠠᠭᠠᠨ ᠤ ᠭᠡᠰᠢᠭ ᠲᠤ ᠶᠡᠭᠡᠳᠡ ᠲᠠᠯᠠᠷᠬᠠᠵᠠᠢ᠃     ᠡᠩᠭᠡ ᠠᠮᠤᠭᠤᠯᠠᠩ ᠤᠨ   ᠲᠠᠪᠢᠨ  ᠲᠠᠪᠤᠳᠤᠭᠠᠷ   ᠤᠨ  ᠎ ᠤ ︵  ᠬᠦᠭᠡᠭᠴᠢᠨ ᠬᠤᠨᠢ ᠵᠢᠯ᠂1715 ᠤᠨ︶    ᠴᠠᠭᠠᠨ ᠰᠠᠷ᠎ᠠ ᠶᠢᠨ ᠠᠷᠪᠠᠨ  ᠲᠦᠷᠪᠡᠨ  ᠎ ᠤ ᠡᠳᠦᠷ    ︵ ᠴᠠᠭᠠᠭᠴᠢᠨ ᠭᠠᠭ᠋ᠠᠢ︶᠎ ᠤᠨ   ᠦᠳᠡ ᠳᠤ   ᠬᠠᠭᠠᠨ ᠡᠵᠡᠨ  ᠴᠠᠩ ᠴᠦᠨ ᠶᠤᠸᠠᠨ ᠤ  ᠵᠢᠦ ᠵᠢᠩ  ᠰᠠᠨ ᠱᠢ  ᠎ ᠳᠤ  ᠴᠠᠭᠠᠨ ᠰᠠᠷ᠎ᠠ ᠶᠢᠨ ᠠᠷᠪᠠᠨ ᠲᠠᠪᠤᠨ ᠤ ᠰᠠᠷᠬᠤᠳ ᠤᠨ  ᠪᠠᠶᠠᠷ  ᠭᠡᠮᠡᠨ  ᠶᠡᠭᠡ ᠲᠠᠶᠢᠯᠠᠯᠭ᠎ᠠ ᠬᠢᠵᠦ  ᠲᠦᠷᠦ ᠳᠤ ᠢᠷᠡᠭᠰᠡᠨ  ᠪᠠᠭᠠᠷᠢᠨ  ᠠᠶᠢᠮᠠᠭ ᠤᠨ  ᠬᠤᠰᠢᠭᠤᠨ  ᠎ ᠤ  ᠪᠠᠶᠢᠰᠠ  ᠸᠠᠴᠢᠷᠰᠡᠷᠡᠩ  ᠵᠡᠷᠭᠡ  ᠭᠠᠳᠠᠭᠠᠳᠤ ᠮᠤᠩᠭᠤᠯ ᠤᠨ  ᠬᠤᠷᠢᠨ  ᠭᠤᠷᠪᠠᠨ ᠬᠤᠰᠢᠭᠤ  ᠎ ᠶᠢᠨ  ᠲᠡᠷᠢᠭᠦᠨ  ᠤᠷᠤᠯᠴᠠᠵᠠᠢ᠃  ᠬᠠᠭᠠᠨ  ᠡᠵᠡᠨ ᠤᠯᠠᠨ  ᠎ ᠲᠠᠢ    ᠠᠷᠬᠢᠳᠠᠨ ᠴᠡᠩᠭᠡᠯᠳᠦᠪᠡ᠃ ᠨᠠᠢᠮᠠᠨ ᠰᠠᠷ᠎ᠠ ᠎ ᠶᠢᠨ ᠠᠷᠪᠠᠨ   ᠲᠠᠪᠤᠨ  ᠎ ᠤ  ᠡᠳᠦᠷ    ︵ ᠰᠢᠷ᠎ᠠ ᠪᠠᠷᠰ︶᠎ ᠤᠨ  ᠬᠤᠨᠢᠨ ᠴᠠᠭ ᠲᠤ    ᠬᠠᠭᠠᠨ ᠡᠵᠡᠨ    ᠴᠢᠩ ᠴᠧᠩ  ᠬᠤᠳᠠ ᠳᠤ  ᠪᠠᠭᠠᠷᠢᠨ ᠤ  ᠦᠯᠡᠮᠵᠢ ᠬᠡᠮᠵᠢᠶᠡᠳᠦ  ᠬᠦᠷᠦᠨ ᠬᠦᠩᠵᠦ   ᠢᠷᠡᠵᠦ   ᠬᠠᠭᠠᠨ ᠡᠵᠡᠨ ᠤ  ᠠᠮᠦᠷ  ᠠᠰᠠᠭᠤᠨ  ᠠᠯᠪᠠ  ᠪᠠᠷᠢᠬᠤ   ᠶᠤᠰᠤᠯᠠᠯ ᠢ  ᠬᠦᠢᠴᠡᠳᠭᠡᠪᠡ᠃  ᠠᠷᠪᠠᠨ ᠬᠤᠶᠠᠷ ᠰᠠᠷ᠎ᠠ ᠶᠢᠨ  ᠴᠠᠭᠠᠭᠴᠢᠨ ᠲᠠᠤᠯᠠᠢ ᠡᠳᠦᠷ  ᠬᠠᠭᠠᠨ ᠡᠵᠡᠨ ᠪᠤᠤ  ᠾᠧ ᠳ᠋ᠢᠶᠠᠨ ᠤᠷᠳᠤᠨ ᠳᠤ   ᠦᠳᠡᠰᠢᠯᠭᠡ  ᠎ ᠶᠢᠨ ᠲᠠᠶᠢᠯᠠᠯᠭ᠎ᠠ ᠬᠢᠵᠦ ᠲᠦᠷᠦ ᠎ ᠳᠤ ᠢᠷᠡᠭᠰᠡᠨ    ᠪᠠᠭᠠᠷᠢᠨ  ᠎ ᠤ  ᠵᠠᠰᠠᠭ ᠲᠦᠷᠦ  ᠎ ᠶᠢᠨ  ᠵᠢᠶᠦ᠋ᠨ ᠸᠠᠩ  ᠬᠦᠷᠦᠨ ᠲᠠᠪᠤᠨᠠᠩ ᠦᠷᠭᠦᠨ᠂ ᠲᠦᠷᠦ  ᠎ ᠶᠢᠨ ᠪᠠᠶᠢᠯᠠ  ᠷᠠᠰᠢᠨᠠᠮᠵᠢᠯ  ᠵᠡᠷᠭᠡ   ᠬᠤᠷᠢᠨ ᠵᠢᠷᠭᠤᠭᠠᠨ  ᠠᠶᠢᠮᠠᠭ ᠬᠤᠰᠢᠭᠤᠨ  ᠎ ᠤ  ᠸᠠᠩ  ᠨᠤᠶᠠᠳ    ᠤᠷᠤᠯᠴᠠᠵᠠᠢ᠃  ᠬᠠᠭᠠᠨ ᠡᠵᠡᠨ  ᠤᠯᠠᠨ ᠲᠠᠢ ᠠᠷᠬᠢᠳᠠᠨ ᠴᠡᠩᠭᠡᠯᠳᠦᠪᠡ᠃  ᠲᠤᠯᠤᠭᠠᠨ ᠰᠠᠷ᠎ᠠ ᠶᠢᠨ  ᠬᠤᠷᠢᠨ ᠲᠤᠯᠤᠭᠠᠨ ᠤ  ᠡᠳᠦᠷ  ︵ᠬᠦᠭᠡ ᠪᠡᠴᠢ︶  ᠬᠠᠭᠠᠨ ᠡᠵᠡᠨ ᠴᠢᠩ ᠴᠧᠩ  ᠬᠤᠳᠠ ᠳᠤ ᠪᠠᠭᠠᠷᠢᠨ ᠤ  ᠦᠯᠡᠮᠵᠢ ᠬᠡᠮᠵᠢᠶᠡᠳᠦ  ᠬᠦᠷᠦᠨ ᠬᠦᠩᠵᠦ   ᠢᠷᠡᠵᠦ   ᠬᠠᠭᠠᠨ ᠡᠵᠡᠨ ᠤ  ᠠᠮᠦᠷ  ᠠᠰᠠᠭᠤᠨ  ᠠᠯᠪᠠ  ᠪᠠᠷᠢᠬᠤ   ᠶᠤᠰᠤᠯᠠᠯ ᠎ ᠢ  ᠬᠦᠢᠴᠡᠳᠭᠡᠪᠡ᠃  ᠶᠢᠰᠦᠨ ᠰᠠᠷ᠎ᠠ ᠶᠢᠨ ᠭᠤᠷᠪᠠᠨ ᠤ  ᠡᠳᠦᠷ  ︵ᠰᠢᠷᠠᠭᠴᠢᠨ ᠬᠤᠨᠢ  ︶ ᠬᠠᠭᠠᠨ ᠡᠵᠡᠨ ᠴᠢᠩ ᠴᠧᠩ  ᠬᠤᠳᠠ ᠳᠤ ᠪᠠᠭᠠᠷᠢᠨ ᠤ  ᠦᠯᠡᠮᠵᠢ ᠬᠡᠮᠵᠢᠶᠡᠳᠦ ᠬᠦᠷᠦᠨ ᠬᠦᠩᠵᠦ   ᠭᠡᠰᠢᠭ  ᠎ ᠢᠶᠠᠷ  ᠲᠦᠷᠦ  ᠎ ᠳᠤ  ᠢᠷᠡᠵᠦ   ᠬᠠᠭᠠᠨ ᠡᠵᠡᠨ ᠤ  ᠠᠮᠦᠷ  ᠠᠰᠠᠭᠤᠨ  ᠠᠯᠪᠠ  ᠪᠠᠷᠢᠬᠤ   ᠶᠤᠰᠤᠯᠠᠯ ᠢ  ᠬᠦᠢᠴᠡᠳᠭᠡᠪᠡ᠃       ᠡᠩᠭᠡ ᠠᠮᠤᠭᠤᠯᠠᠩ ᠤᠨ   ᠲᠠᠪᠢᠨ  ᠵᠢᠷᠭᠤᠳᠤᠭᠠᠷ   ᠤᠨ  ᠎ ᠤ ︵ ᠤᠯᠠᠭᠠᠭᠴᠢᠨ  ᠲᠠᠬᠢᠶ᠎ᠠ‌ᠵᠢᠯ᠂1717 ᠤᠨ︶    ᠴᠠᠭᠠᠨ ᠰᠠᠷ᠎ᠠ ᠶᠢᠨ ᠠᠷᠪᠠᠨ  ᠲᠦᠷᠪᠡᠨ  ᠎ ᠤ ᠡᠳᠦᠷ    ︵ ᠴᠠᠭᠠᠭᠴᠢᠨ ᠭᠠᠭ᠋ᠠᠢ︶᠎ ᠤᠨ   ᠦᠳᠡ ᠳᠤ   ᠬᠠᠭᠠᠨ ᠡᠵᠡᠨ  ᠴᠠᠩ ᠴᠦᠨ ᠶᠤᠸᠠᠨ ᠤ  ᠵᠢᠦ ᠵᠢᠩ  ᠰᠠᠨ ᠱᠢ  ᠎ ᠳᠤ  ᠴᠠᠭᠠᠨ ᠰᠠᠷ᠎ᠠ ᠶᠢᠨ ᠠᠷᠪᠠᠨ ᠲᠠᠪᠤᠨ  ᠭᠡᠮᠡᠨ  ᠶᠡᠭᠡ ᠲᠠᠶᠢᠯᠠᠯᠭ᠎ᠠ ᠬᠢᠵᠦ᠂   ᠲᠦᠷᠦ ᠳᠤ ᠢᠷᠡᠭᠰᠡᠨ  ᠪᠠᠭᠠᠷᠢᠨ  ᠠᠶᠢᠮᠠᠭ ᠤᠨ  ᠬᠤᠰᠢᠭᠤᠨ  ᠎ ᠤ  ᠪᠠᠶᠢᠰᠠ  ᠸᠠᠴᠢᠷᠰᠡᠷᠡᠩ  ᠂ ᠤᠯᠤᠰ ᠤᠨ ᠲᠦᠰᠢᠶ᠎ᠡ ᠭᠦᠩ  ᠰᠦᠯᠢ ᠵᠡᠷᠭᠡ  ᠭᠠᠳᠠᠭᠠᠳᠤ ᠮᠤᠩᠭᠤᠯ ᠤᠨ  ᠬᠤᠷᠢᠨ  ᠬᠤᠶᠠᠷ  ᠬᠤᠰᠢᠭᠤᠨ  ᠎ ᠤ  ᠸᠠᠩ  ᠨᠤᠶᠠᠨ    ᠤᠷᠤᠯᠴᠠᠵᠠᠢ᠃  ᠬᠠᠭᠠᠨ  ᠡᠵᠡᠨ ᠤᠯᠠᠨ  ᠎ ᠲᠠᠢ    ᠠᠷᠬᠢᠳᠠᠨ ᠴᠡᠩᠭᠡᠯᠳᠦᠪᠡ᠃  ᠲᠠᠪᠤᠨ ᠰᠠᠷ᠎ᠠ ᠶᠢᠨ  ᠬᠤᠷᠢ ᠶᠢᠰᠦᠨ ᠤ  ᠡᠳᠦᠷ  ᠬᠠᠭᠠᠨ ᠡᠵᠡᠨ  ᠰᠢᠷ᠎ᠠ ᠰᠢᠷᠦᠢ ᠶᠢᠨ  ᠡᠷᠬᠢ ᠳᠤ  ᠪᠠᠭᠤᠳᠠᠯᠯᠠᠵᠤ᠂  ᠲᠤᠰ ᠡᠳᠦᠷ  ᠪᠠᠭᠠᠷᠢᠨ  ᠎ ᠤ  ᠲᠤᠰᠠᠯᠠᠭᠴᠢ  ᠲᠠᠶᠢᠵᠢ  ᠳ᠋ᠠᠨᠽᠠᠨ    ᠲᠦᠷᠦ ᠳᠤ ᠢᠷᠡᠵᠦ ᠡᠵᠡᠨ ᠬᠠᠭᠠᠨ ᠤ  ᠠᠮᠤᠷ  ᠎ ᠢ  ᠠᠰᠠᠭᠤᠨ ᠠᠯᠪᠠ ᠪᠠᠷᠢᠵᠠᠢ᠃  ᠲᠤᠯᠤᠭᠠᠨ ᠰᠠᠷ᠎ᠠ ᠶᠢᠨ   ᠬᠤᠷᠢᠨ ᠨᠢᠭᠡᠨ ᠤ  ᠡᠳᠦᠷ  ︵ᠬᠠᠷᠠᠭᠴᠢᠨ  ᠲᠠᠬᠢᠶ᠎ᠠ  ︶  ᠪᠠᠭᠠᠷᠢᠨ ᠬᠤᠰᠢᠭᠤᠨ  ᠎ ᠤ ᠪᠠᠶᠢᠰᠠ  ᠷᠠᠰᠢᠨᠠᠮᠵᠢᠯ  ᠬᠡᠰᠢᠭ ᠢᠶᠠᠷ  ᠲᠦᠷᠦ  ᠎ ᠳᠤ ᠢᠷᠡᠵᠦ  ᠠᠮᠦᠷ ᠢ  ᠠᠰᠠᠭᠤᠨ  ᠠᠯᠪᠠ  ᠪᠠᠷᠢᠪᠠ᠃     ︵1︶ ᠤᠳᠤᠷᠯᠠᠵᠤ — — ᠬᠠᠪᠤᠷ ᠤᠨ  ᠠᠪᠠ  ᠂ ︵ ︽ᠲᠠᠪᠤᠨ ᠵᠦᠢᠯ ᠤᠨ  ᠦᠰᠦᠭ ᠬᠠᠪᠰᠤᠷᠭᠠᠭᠰᠠᠨ  ᠮᠠᠨᠵᠦ ᠦᠭᠡᠨ ᠤ  ᠲᠤᠯᠢ  ᠪᠢᠴᠢᠭ  ︾᠎ ᠤᠨ 100 ᠳ᠋ᠤᠭᠠᠷ ᠨᠢᠭᠤᠷ︶     ︵2︶ ᠡᠶᠢᠨᠯᠠᠭᠰᠠᠨ——   ᠨᠠᠮᠦᠷ ᠤᠨ  ᠠᠪᠠ  ︵︽ᠲᠠᠪᠤᠨ ᠵᠦᠢᠯ ᠤᠨ  ᠦᠰᠦᠭ  ᠎ ᠢᠶᠠᠷ ᠬᠠᠪᠰᠤᠷᠭᠠᠭᠰᠠᠨ ᠮᠠᠨᠵᠦ ᠦᠭᠡᠨ ᠤ ᠲᠤᠯᠢ ᠪᠢᠴᠢᠭ  ︾ 1001 ᠳ᠋ᠤᠭᠡᠷ ᠨᠢᠭᠤᠷ︶     ᠲᠤᠰ  ᠲᠡᠮᠳᠡᠭᠯᠡᠯ  ᠎ ᠢ  ᠡᠦ  ᠶᠦᠩ ᠱᠠᠨ  ᠂ ᠲᠤᠭᠳᠠᠬᠤ  ︽ᠡᠩᠭᠡ ᠠᠮᠤᠭᠤᠯᠠᠩ ᠤᠨ  ᠪᠤᠰᠬᠤ ᠰᠠᠭᠤᠬᠤ  ᠡᠳᠦᠷ ᠤᠨ  ᠲᠡᠮᠳᠡᠭᠯᠡᠯ  ︾᠂ ︽ᠡᠩᠭᠡ ᠠᠮᠤᠭᠤᠯᠠᠩ ᠤᠨ  ᠦᠨᠡᠨ ᠲᠡᠮᠳᠡᠭᠯᠡᠯ  ︾  ᠎ ᠠᠴᠠ  ᠪᠠᠭᠤᠯᠭᠠᠪᠠ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号