ᠮᠤᠳᠤᠳ ᠤᠨ ᠵᠠᠶᠢᠴᠠ ᠪᠠᠷ ᠰᠠᠷᠠ ᠰᠢᠷᠲᠡᠬᠦ ᠬᠤᠷᠤᠮ
ᠨᠡᠶᠢᠲᠡᠯᠡᠭᠰᠡᠨ ᠴᠠᠭ᠄
2021/1/5
        ᠵᠢ᠊᠂ ᠨᠠᠰᠤᠨᠳᠡᠯᠭᠡᠷ ᠰᠠᠯᠬᠢᠨ ᠤ ᠠᠶᠠᠰ ᠢᠶᠠᠷ ᠰᠡᠮᠬᠡᠨ ᠰᠠᠵᠢᠯᠠᠬᠤ ᠰᠠᠷᠠᠨ ᠳᠤ ᠰᠡᠳᠭᠢᠯ ᠢᠶᠠᠨ ᠦᠭᠭᠦᠭᠡᠴᠢ ᠭᠡᠵᠦ ᠦᠨᠡᠨᠴᠢᠬᠡᠨ ᠰᠢᠪᠡᠨᠡᠭᠰᠡᠨ ᠰᠠᠳᠠᠷᠠᠨ ᠮᠦᠩᠭᠦᠷᠡᠬᠦ ᠲᠤᠶᠠᠭ᠎ᠠ ᠨᠢ ᠨᠠᠮᠬᠠᠨ ᠴᠡᠴᠡᠷᠬᠢᠯᠡᠵᠦ ᠰᠡᠷᠴᠢᠭᠢᠨᠡᠬᠦ ᠮᠤᠳᠤᠳ ᠤᠨ ᠨᠠᠪᠴᠢᠨ ᠳᠤ ᠲᠣᠳᠤᠬᠠᠨ ᠭᠡᠷᠡᠯᠳᠦᠨ᠎ᠡ ᠰᠠᠶᠢᠬᠠᠨ ᠪᠦᠬᠦᠨ ᠮᠢᠨᠦᠬᠢ ᠪᠣᠯᠳᠠᠭ ᠠᠯᠪᠠ ᠦᠭᠡᠢ ᠶᠢᠨ ᠬᠤᠶᠢᠨ᠎ᠠ ᠰᠠᠨᠠᠨ ᠪᠣᠳᠤᠬᠤ ᠬᠠᠶᠢᠷ᠎ᠠ ᠦᠳᠭᠡᠷᠡᠬᠦ ᠶᠢᠨ ᠲᠤᠳᠤᠮ ᠡᠮᠵᠡᠭᠬᠡᠨ ᠰᠠᠭᠯᠠᠭᠠᠷ ᠤᠳᠠᠨ ᠤ ᠲᠤᠤᠷ᠎ᠠ ᠮᠦᠷᠦ ᠢᠪᠡᠯᠴᠡᠬᠦ ᠶᠢᠨ ᠬᠤᠷᠤᠮ ᠰᠠᠯᠬᠤ ᠦᠭᠡᠢ ᠶᠠᠪᠤᠬᠤ ᠶᠢᠨ ᠲᠠᠩᠭᠠᠷᠢᠭ ᠬᠡᠵᠢᠶᠡᠳᠡ ᠬᠡᠪᠡᠷᠡᠭᠬᠡᠨ ᠶᠠᠯᠢᠩ ᠴᠠᠭᠠᠨ ᠮᠦᠩᠭᠦᠨ ᠳᠤ ᠦᠭᠴᠡᠢ ᠭᠡᠬᠦ ᠠᠴᠠ ᠶᠠᠭ ᠦᠭᠡᠢ ᠬᠠᠴᠢᠨ ᠭᠤᠮᠤᠷᠬᠠᠯ ᠢᠶᠠᠷ ᠦᠪᠡᠷ ᠢ ᠪᠠᠨ ᠤᠷᠢᠶᠠᠯᠭᠠᠵᠦ ᠬᠤᠯᠠ ᠶᠢᠨ ᠬᠤᠯᠠ ᠳᠤ ᠬᠠᠷᠢᠯᠠᠭᠰᠠᠨ ᠬᠦᠭᠡᠷᠦᠬᠦᠨ ᠬᠡᠣᠬᠡᠨ ᠤ ᠠᠷᠤ ᠠᠴᠠ ᠬᠤᠩᠭᠤᠷᠬᠠᠨ ᠲᠤᠷᠠᠳᠬᠠᠯ ᠬᠦᠪᠦᠷᠡᠭᠦᠯᠬᠦ ᠬᠠᠶᠢᠷ᠎ᠠ ᠭᠡᠳᠡᠭ ᠢ ᠮᠡᠳᠡᠷᠡᠵᠦ ᠴᠢᠭᠢᠭ ᠨᠡᠪᠳᠡ ᠲᠠᠯ᠎ᠠ ᠶᠢᠨ ᠡᠯᠢᠭᠡᠨ ᠳᠤ ᠰᠠᠯᠬᠢᠨ ᠤ ᠴᠢᠮᠡᠭᠡ ᠪᠦᠳᠦᠴᠢᠨ ᠴᠢᠳᠦᠷ ᠲᠠᠢ ᠮᠤᠷᠢᠨ ᠤ ᠲᠤᠷᠬᠢᠬᠤ ᠲᠠᠭᠤ ᠰᠦᠨᠢ ᠶᠢᠨ ᠠᠨᠢᠷ ᠢ ᠴᠤᠭᠤᠴᠢᠨ ᠴᠢᠩ ᠦᠨᠡᠨ ᠲᠣᠷᠠᠯᠠᠯ ᠤᠨ ᠲᠤᠬᠠᠢ ᠠᠮᠠᠷᠠᠭ ᠦᠯᠢᠭᠡᠷ ᠤᠳ ᠬᠤᠭᠤᠰᠳᠠᠨ ᠴᠢᠨᠦᠬᠢ ᠬᠦᠭᠡᠷᠦᠬᠦᠨ ᠲᠤᠷᠮᠤᠭᠤᠷ ᠬᠠᠷᠠᠴᠠ ᠰᠠᠷᠠᠨ ᠤ ᠭᠡᠷᠡᠯ ᠳᠤ ᠪᠦᠳᠡᠭᠢᠷᠡᠨ ᠴᠠᠯᠭᠢᠵᠦ ᠢᠷᠡᠭᠡᠳ ᠴᠠᠬᠢᠯᠤᠨ ᠤᠳᠬᠤ ᠴᠠᠭ ᠭᠡᠭᠴᠢ ᠬᠡᠨ ᠳᠤ ᠭᠡᠯ᠎ᠡ ᠢᠵᠢᠯᠢᠬᠡᠨ ᠴᠠᠮᠨᠠᠨ ᠬᠤᠯᠠᠳᠠᠬᠤ ᠵᠠᠯᠠᠭᠤ ᠨᠠᠰᠤ ᠡᠷᠭᠢᠵᠦ ᠤᠯᠳᠠᠬᠤ ᠦᠭᠡᠢ ᠡᠩᠭᠦᠷᠡᠶᠢᠬᠡᠨ ᠴᠠᠬᠢᠯᠳᠠᠭ ᠬᠦᠬᠡ ᠪᠠᠷ ᠢᠶᠠᠨ ᠪᠠᠶᠢᠳᠠᠭ ᠦᠭᠡᠢ ᠬᠠᠭᠤᠴᠢ ᠦᠭᠡ ᠦᠨᠡᠨᠬᠡᠨ ᠴᠠᠭᠠᠰᠤᠨ ᠠᠴᠠ ᠨᠢᠮᠭᠡᠨ ᠲᠠᠪᠢᠯᠠᠩ ᠲᠠᠢ ᠦᠩᠭᠡᠪᠴᠢ ᠬᠠᠶᠢᠷ᠎ᠠ ᠶᠠᠳᠠᠷᠠᠭᠤᠬᠠᠨ ᠰᠠᠯᠬᠢᠨ ᠤ ᠠᠶᠠᠰ ᠢᠶᠠᠷ ᠨᠠᠮᠬᠠᠨ ᠱᠤᠤᠭᠢᠬᠤ ᠮᠤᠳᠤᠳ ᠤᠨ ᠵᠠᠶᠢᠴᠠ ᠪᠠᠷ ᠰᠠᠷᠠᠨ ᠤ ᠢᠯᠭᠤᠮ ᠲᠤᠶᠠᠭ᠎ᠠ ᠬᠦᠯᠬᠦᠵᠦ ᠮᠦᠷᠦᠭᠡᠳᠦᠯ ᠳᠤ ᠤᠨᠠᠨ᠎ᠠ ᠰᠠᠨᠠᠵᠦ ᠤᠶᠢᠷᠠᠳᠤᠨ ᠰᠠᠯᠵᠦ ᠵᠠᠶᠢᠳᠠᠳᠠᠭ ᠬᠤᠷᠸ᠎ᠠ ᠶᠢᠨ ᠲᠡᠭᠰᠢ ᠦᠭᠡᠢ ᠳᠤ ᠰᠡᠭᠦᠷᠡᠰᠦ ᠲᠠᠮᠨᠠᠭᠰᠠᠨ ᠰᠢᠯᠦᠭ ᠤᠨ ᠱᠠᠳ ᠡᠭᠦᠯᠡᠰᠢᠵᠦ ᠢᠷᠡᠨ᠎ᠡ……          地址:通辽市扎鲁特旗格日朝鲁苏木敖包嘎查016号          笔名:吉·那申德力格尔          实名:那申德力格尔          手机:13754055788          邮编:029119
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号