ᠬᠠᠶᠢᠷ᠎ᠠ ᠶᠢᠨ ᠮᠦᠷᠦᠬᠡᠳᠦᠯ
ᠨᠡᠶᠢᠲᠡᠯᠡᠭᠰᠡᠨ ᠴᠠᠭ᠄
2021/1/5
ᠳᠤᠭᠴᠢ ᠯᠤᠪᠰᠠᠩ ︵ᠦᠤᠰᠢᠨ︶    ᠬᠠᠶᠢᠷ᠎ᠠ ᠶᠢᠨ ᠮᠦᠷᠦᠬᠡᠳᠦᠯ ᠦᠴᠦᠬᠡᠳᠤᠷ ᠤᠨ ᠵᠡᠬᠦᠳᠤ     ᠡᠮᠵᠡᠭᠯᠡᠯ ᠪᠢᠰᠢ         ᠮᠦᠩᠬᠡ ᠶᠢᠨ ᠵᠢᠷᠭᠠᠯ ᠦᠨᠦᠳᠤᠷ ᠤᠨ ᠴᠡᠩᠬᠡᠯ     ᠬᠠᠭᠠᠴᠠᠯ ᠪᠢᠰᠢ         ᠢᠷᠡᠬᠡᠳᠤᠢ ᠶᠢᠨ ᠬᠦᠰᠡᠯ ᠳᠤᠯᠠᠭᠠᠨ ᠬᠠᠷᠠᠴᠠ     ᠬᠠᠴᠠᠷ ᠤᠨ ᠬᠤᠨᠳᠠᠭ᠎ᠠ         ᠬᠡᠯᠡᠨ ᠦᠵᠦᠬᠦᠷ ᠴᠢ ᠪᠢᠳᠡ ᠬᠤᠶᠠᠷ ᠤᠨ     ᠳᠤᠷ᠎ᠠ ᠶᠢ ᠬᠦᠳᠡᠯᠬᠡᠭᠰᠡᠨ         ᠬᠤᠷᠤᠬᠠᠢ ᠪᠠᠶᠢᠭᠰᠠᠨ ᠰᠢᠪᠠᠭ ᠤᠨ ᠨᠦᠮᠦᠷᠢ     ᠴᠠᠶᠢᠳᠠᠮ ᠤᠨ ᠳᠡᠨᠵᠢ         ᠳᠡᠷᠡᠰᠤᠨ ᠬᠤᠳᠤᠭᠤᠷ ᠴᠢ ᠪᠢᠳᠡ ᠬᠤᠶᠠᠷ ᠤᠨ     ᠰᠡᠳᠬᠢᠯ ᠤᠨ ᠪᠠᠷᠢᠯᠳᠤᠯᠭ᠎ᠠ          ᠵᠠᠭᠤᠴᠢ ᠪᠠᠶᠢᠭᠰᠠᠨ ᠰᠢᠪᠠᠭᠤᠬᠠᠢ ᠶᠢᠨ ᠵᠢᠷᠬᠢᠬᠡ     ᠬᠤᠷᠠᠭᠠᠨ ᠮᠠᠶᠢᠯᠠᠭᠠᠨ          ᠬᠤᠩᠭᠤᠷᠬᠠᠨ ᠳᠠᠭᠤ ᠴᠢ ᠪᠢᠳᠡ ᠬᠤᠶᠠᠷ ᠤᠨ     ᠬᠠᠨᠢ ᠶᠢᠨ ᠵᠠᠶᠠᠭᠠᠨ ᠤ          ᠢᠷᠦᠬᠡᠯ ᠪᠠᠶᠢᠭᠰᠠᠨ ᠳᠤᠭᠤᠷ ᠤᠨ ᠴᠡᠴᠡᠭ     ᠳᠤᠭᠤᠰ ᠤᠨ ᠰᠡᠬᠦᠯ         ᠳᠤᠯᠭᠠᠨ ᠴᠤᠭ ᠴᠢ ᠪᠢᠳᠡ ᠬᠤᠶᠠᠷ ᠤᠨ     ᠡᠩᠬᠡᠷ ᠪᠦᠳᠦᠨ         ᠢᠳᠡᠬᠡᠯ ᠪᠠᠶᠢᠭᠰᠠᠨ ᠮᠤᠳᠤᠳ ᠬᠦᠯᠦᠬᠡᠯᠡᠵᠤ     ᠨᠠᠬᠢᠶᠠᠳ ᠮᠦᠰᠢᠶᠡᠭᠰᠡᠨ          ᠨᠤᠭᠤᠭᠠᠨ ᠪᠠᠶᠢᠭᠠᠯᠢ ᠴᠢ ᠪᠢᠳᠡ ᠬᠤᠶᠠᠷ ᠤᠨ     ᠳᠤᠷᠠᠯᠠᠯ ᠢ ᠨᠠᠮᠢᠷᠠᠭᠤᠯᠤᠭᠰᠠᠨ          ᠳᠤᠷᠳᠤᠩ ᠪᠠᠶᠢᠭᠰᠠᠨ ᠰᠠᠷᠠᠨ ᠳᠡᠷᠬᠡᠯᠰᠢᠵᠤ     ᠮᠡᠴᠢᠳ ᠬᠢᠯᠠᠯᠵᠠᠭᠰᠠᠨ          ᠰᠦᠨᠢ ᠶᠢᠨ ᠬᠦᠨ ᠴᠢ ᠪᠢᠳᠡ ᠬᠤᠶᠠᠷ ᠤᠨ     ᠢᠨᠠᠭ ᠤᠨ ᠬᠠᠯᠠᠭᠤᠷᠠᠯ          ᠬᠦᠨᠵᠢᠯᠡ ᠪᠠᠶᠢᠭᠰᠠᠨ     ᠬᠠᠪᠤᠷ ᠤᠨ ᠤᠷᠢᠨ      ᠬᠤᠨ ᠬᠠᠷᠢᠶᠠᠴᠠᠢ           ᠨᠠᠮᠤᠭ ᠤᠨ ᠮᠡᠯᠡᠬᠡᠢ ᠴᠢ ᠪᠢᠳᠡ ᠬᠤᠶᠠᠷ ᠤᠨ      ᠬᠠᠶᠢᠷ᠎ᠠ ᠶᠢ ᠬᠤᠯᠪᠤᠭᠰᠠᠨ           ᠰᠢᠵᠢᠮ ᠪᠠᠶᠢᠭᠰᠠᠨ ᠤᠶᠠᠬᠠᠨ ᠠᠮᠢᠰᠬᠤᠯ     ᠨᠠᠮ ᠬᠠᠨᠢᠶᠠᠳᠤ         ᠵᠦᠬᠡᠯᠡᠨ ᠢᠷᠬᠯᠠᠯ ᠴᠢ ᠪᠢᠳᠡ ᠬᠤᠶᠠᠷ ᠤᠨ     ᠳᠡᠷ᠎ᠡ ᠨᠡᠶᠢᠯᠡᠬᠦᠯᠦᠭᠰᠡᠨ         ᠰᠢᠪᠡᠨᠡᠭᠡ ᠪᠠᠶᠢᠭᠰᠠᠨ ᠦᠤᠷ ᠤᠨ ᠴᠤᠯᠮᠤᠨ     ᠮᠠᠨᠳᠤᠬᠤ ᠨᠠᠷᠠᠨ         ᠦᠷᠯᠦᠬᠡ ᠶᠢᠨ ᠰᠠᠶᠢᠬᠠᠨ ᠴᠢ ᠪᠢᠳᠡ ᠬᠤᠶᠠᠷ ᠤᠨ     ᠠᠮᠢᠵᠢᠷᠠᠯ ᠤᠨ ᠴᠠᠭᠠᠨ         ᠳᠠᠭᠳᠠᠭ᠎ᠠ ᠪᠠᠶᠢᠭᠰᠠᠨ ᠁ ᠦᠴᠦᠬᠡᠳᠦᠷ ᠤᠨ ᠵᠡᠬᠦᠳᠤ     ᠬᠡᠶᠢᠷᠬᠡᠯ ᠪᠢᠰᠢ         ᠦᠨᠢᠳᠡ ᠶᠢᠨ ᠳᠤᠷᠠᠳᠬᠠᠯ ᠦᠨᠦᠳᠤᠷ ᠤᠨ ᠠᠮᠢᠳᠤᠷᠠᠯ     ᠨᠠᠭᠠᠳᠤᠮ ᠪᠢᠰᠢ         ᠡᠩᠬᠡ ᠶᠢᠨ ᠵᠤᠯᠠ          
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号