ᠵᠡᠬᠡᠯᠢ ᠶᠢᠨ ᠨᠤᠬᠠᠢ
ᠨᠡᠶᠢᠲᠡᠯᠡᠭᠰᠡᠨ ᠴᠠᠭ᠄
2021/1/4
ᠳᠤᠭᠴᠢ ᠯᠤᠪᠰᠠᠩ ︵ᠦᠤᠰᠢᠨ︶     ᠵᠡᠬᠡᠯᠢ ᠶᠢᠨ ᠨᠤᠬᠠᠢ             ︵ᠬᠦᠳᠦᠯᠦᠬᠡ ᠨᠢᠬᠡ︶ ᠵᠡᠬᠡᠯᠢ ᠶᠢᠨ ᠨᠤᠬᠠᠢ ᠰᠦᠷᠦᠭᠯᠡᠵᠤ ᠪᠠᠶᠢᠨ᠎ᠠ ᠵᠦᠭ ᠴᠢᠭ ᠦᠬᠡᠢ ᠱᠤᠩᠰᠢᠯᠳᠤᠵᠤ ᠪᠠᠶᠢᠨ᠎ᠠ ᠵᠡᠬᠡᠯᠢ ᠶᠢᠨ ᠨᠤᠬᠠᠢ ᠪᠤᠵᠠᠷ ᠪᠠᠶᠢᠨ᠎ᠠ ᠪᠠᠭᠠᠰᠤ ᠰᠢᠩᠰᠢᠯᠡᠬᠡᠳ ᠵᠤᠳᠤᠯᠳᠤᠵᠤ ᠪᠠᠶᠢᠨ᠎ᠠ ᠵᠡᠬᠡᠯᠢ ᠶᠢᠨ ᠨᠤᠬᠠᠢ ᠬᠡᠳᠦᠷᠡᠵᠤ ᠪᠠᠶᠢᠨ᠎ᠠ ᠴᠠᠭᠠᠨ ᠪᠤᠳᠠᠭᠠᠨ ᠠᠴᠠ ᠭᠠᠷᠴᠤ ᠪᠠᠶᠢᠨ᠎ᠠ ᠵᠡᠬᠡᠯᠢ ᠶᠢᠨ ᠨᠤᠬᠠᠢ ᠰᠢᠨᠵᠢ ᠦᠬᠡᠢ ᠪᠠᠶᠢᠨ᠎ᠠ ᠰᠢᠬᠡᠰᠤ ᠪᠠᠨ ᠰᠠᠷᠢᠭᠠᠳ ᠭᠠᠶᠢᠬᠠᠭᠤᠯᠵᠤ ᠪᠠᠶᠢᠨ᠎ᠠ ᠵᠡᠬᠡᠯᠢ ᠶᠢᠨ ᠨᠤᠬᠠᠢ ᠤᠯᠢᠭ ᠦᠬᠡᠢ ᠪᠠᠶᠢᠨ᠎ᠠ ᠬᠡᠳᠦᠬᠦᠯᠡ ᠪᠤᠯᠤᠭᠠᠳ ᠤᠨᠤᠯᠴᠠᠵᠤ ᠪᠠᠶᠢᠨ᠎ᠠ ᠵᠡᠬᠡᠯᠢ ᠶᠢᠨ ᠨᠤᠬᠠᠢ ᠵᠤᠯᠪᠢᠩ ᠪᠠᠶᠢᠨ᠎ᠠ ᠰᠠᠷᠢᠰᠤᠨ ᠪᠤᠷᠪᠢ ᠶᠢ ᠮᠢᠷᠢᠶᠠᠵᠤ ᠪᠠᠶᠢᠨ᠎ᠠ ᠵᠡᠬᠡᠯᠢ ᠶᠢᠨ ᠨᠤᠬᠠᠢ ᠡᠷᠬᠡ ᠲᠠᠢ ᠪᠠᠶᠢᠨ᠎ᠠ ᠬᠡᠨ ᠳᠤ ᠴᠤ ᠬᠡᠳ ᠬᠤᠴᠠᠵᠤ ᠪᠠᠶᠢᠨ᠎ᠠ ᠵᠡᠬᠡᠯᠢ ᠶᠢᠨ ᠨᠤᠬᠠᠢ ᠬᠦᠬᠡᠷᠦᠬᠦᠢ ᠪᠠᠶᠢᠨ᠎ᠠ ᠪᠦᠰᠡᠬᠦᠢ ᠦᠵᠡᠪᠡᠯ ᠬᠦᠬᠦᠮᠠᠷ ᠪᠠᠶᠢᠨ᠎ᠠ ᠵᠡᠬᠡᠯᠢ ᠶᠢᠨ ᠨᠤᠬᠠᠢ ᠨᠢᠭᠤᠷ ᠦᠬᠡᠢ ᠪᠠᠶᠢᠨ᠎ᠠ ᠪᠠᠩᠵᠠᠯ ᠳᠤᠤᠭᠤᠷ ᠰᠢᠷᠭᠤᠵᠤ ᠪᠠᠶᠢᠨ᠎ᠠ ᠵᠡᠬᠡᠯᠢ ᠶᠢᠨ ᠨᠤᠬᠠᠢ ᠪᠢᠯᠳᠠᠤ ᠪᠠᠶᠢᠨ᠎ᠠ ᠡᠷᠬᠡ ᠮᠦᠩᠬᠦᠳᠡᠨ ᠳᠤ ᠰᠢᠷᠪᠠᠵᠤ ᠪᠠᠶᠢᠨ᠎ᠠ ᠵᠡᠬᠡᠯᠢ ᠶᠢᠨ ᠨᠤᠬᠠᠢ ᠬᠡᠷᠴᠡᠬᠡᠢ ᠪᠠᠶᠢᠨ᠎ᠠ ᠦᠨᠦᠴᠢᠨ ᠶᠠᠳᠠᠭᠤ ᠶᠢ ᠠᠶᠤᠯᠭᠠᠵᠤ ᠪᠠᠶᠢᠨ᠎ᠠ ᠵᠡᠬᠡᠯᠢ ᠶᠢᠨ ᠨᠤᠬᠠᠢ ᠬᠡᠴᠡᠬᠦᠤ ᠪᠠᠶᠢᠨ᠎ᠠ ᠡᠵᠡᠨ ᠴᠤ ᠦᠬᠡᠢ ᠭᠠᠯᠵᠠᠭᠤᠷᠠᠵᠤ ᠪᠠᠶᠢᠨ᠎ᠠ     ᠶᠠᠳᠠᠷᠠᠯ ᠪᠦᠭᠰᠡ ᠤᠷᠤᠭᠤ ᠭᠠᠯ ᠴᠠᠬᠢᠭᠤᠯᠵᠤ ᠪᠦᠳᠦᠨ ᠡᠳᠤᠷ ᠶᠠᠭᠠᠷᠠᠯ᠎ᠠ ᠪᠦᠬᠡᠷ᠎ᠡ ᠪᠠᠨ ᠠᠪᠤᠭᠤᠯᠤᠭᠰᠠᠨ ᠢᠰᠢᠬᠡ ᠰᠢᠭ ᠪᠦᠭᠴᠦᠶᠢᠵᠤ ᠢᠷᠡᠬᠡᠳ ᠬᠡᠪᠳᠡᠯ᠎ᠡ ᠪᠦᠯᠢᠶᠡᠨ ᠳᠤᠯᠠᠭᠠᠨ ᠬᠡᠷ ᠬᠡᠵᠤ ᠪᠦᠳᠦᠨ ᠰᠠᠶᠢᠬᠠᠨ ᠵᠢᠷᠭᠠᠯ ᠪᠠᠶᠢᠨ᠎ᠠ ᠪᠦᠰᠡᠬᠦᠢ ᠶᠢᠨ ᠳᠡᠪᠢᠰᠦᠭᠰᠡᠨ ᠤᠷᠤ ᠬᠡᠵᠤ ᠪᠦᠪᠡᠢ ᠬᠠᠯᠠᠭᠤᠨ ᠬᠠᠶᠢᠷ᠎ᠠ ᠪᠠᠶᠢᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号