ᠤᠴᠢᠷᠯᠠᠯ᠂ ᠵᠦᠩᠨᠠᠯ ᠮᠢᠨᠦ ᠪᠢᠴᠢᠯᠭᠡ
ᠨᠡᠶᠢᠲᠡᠯᠡᠭᠰᠡᠨ ᠴᠠᠭ᠄
2021/1/4
 ᠪ᠊᠂ ᠪᠢᠯᠢᠭ      ᠤᠴᠢᠷᠯᠠᠯ ᠤᠨ 2020 ᠣᠨᠵᠢᠷᠠᠨ ᠵᠢᠰᠦ ᠪᠠᠨ ᠲᠤᠲᠠᠭᠤ ᠡᠷᠭᠢᠭᠰᠡᠨ  ᠵᠡᠷᠡᠮᠳᠡᠭ ᠠᠵᠠ ᠲᠠᠢ ᠲᠤᠭᠠᠯᠠᠯ ᠶᠤᠮ ᠴᠢ      ᠵᠢᠷᠦᠬᠡᠨ ᠳᠤ ᠡᠮᠵᠢᠭ ᠤᠴᠢᠷᠯᠠᠭᠳᠠᠨ᠎ᠠᠪᠣᠷᠬᠠᠨ ᠬᠦᠷᠳᠦ ᠪᠠᠨ ᠪᠤᠷᠣᠭᠤ ᠡᠷᠭᠢᠭᠦᠯᠦᠭᠰᠡᠨ  ᠪᠦᠳᠡᠬᠢ ᠠᠮᠢᠰᠬᠤᠯ ᠲᠠᠢ ᠤᠷᠣᠰᠢᠯ ᠶᠤᠮ ᠴᠢ       ᠪᠤᠳᠣᠯ ᠳᠤ ᠬᠡᠵᠢᠭ ᠤᠴᠠᠭᠠᠷᠯᠠᠭᠳᠠᠨ᠎ᠠᠰᠠᠭᠤᠯᠭ᠎ᠠ ᠪᠠᠨ ᠲᠡᠭᠦᠵᠢᠯᠡᠭᠡᠳ ᠭᠠᠷᠬᠤ ᠳᠤ   ᠰᠠᠴᠤᠯᠢ ᠶᠢᠨ ᠰᠦ ᠴᠠᠷᠴᠠᠩᠭᠤᠢ ᠪᠠᠶᠢᠯ᠎ᠠ     ᠰᠠᠷ᠎ᠠ ᠰᠢᠨ᠎ᠡ ᠰᠠᠨᠠᠭᠰᠠᠨ ᠠᠴᠠ ᠭᠠᠳᠠᠨ᠎ᠠᠬᠤᠨᠳᠠᠭ᠎ᠠ ᠪᠠᠨ ᠬᠡᠮᠨᠡᠭᠡᠳ ᠰᠠᠭᠤᠬᠤ ᠳᠤ  ᠬᠤᠭᠤᠯᠠᠢ ᠵᠠᠩᠬᠢᠷᠠᠭᠠᠳ ᠰᠦᠬᠡᠩᠭᠢ ᠪᠠᠶᠢᠯ᠎ᠠ     ᠬᠤᠨᠤᠭ ᠡᠳᠦᠷ ᠬᠦᠰᠡᠭᠰᠡᠨ ᠠᠴᠠ ᠭᠠᠳᠠᠨ᠎ᠠᠲᠤᠭᠤᠯᠵᠤ ᠢᠷᠡᠭᠰᠡᠨ ᠮᠦᠷ ᠲᠡᠭᠡᠷ᠎ᠡ   ᠢᠨᠢᠶᠡᠳᠦ ᠴᠤ ᠪᠤᠢ᠂ ᠨᠢᠯᠪᠤᠰᠤ ᠴᠤ ᠪᠤᠢ     ᠲᠤᠷᠤᠨ᠎ᠠ ᠵᠦᠭ ᠠᠴᠠ ᠨᠠᠷᠠᠨ ᠮᠠᠨᠳᠤᠭᠰᠠᠭᠠᠷᠲᠤᠷᠠᠰᠴᠣ ᠶᠠᠪᠤᠬᠤ ᠵᠡᠮ ᠲᠡᠭᠡᠷ᠎ᠡ  ᠰᠢᠯᠦᠭ ᠴᠤ ᠪᠤᠢ᠂ ᠬᠡᠰᠢᠭ ᠴᠤ ᠪᠤᠢ     ᠲᠠᠯ᠎ᠠ ᠶᠢᠨ ᠠᠶᠢᠯ ᠬᠠᠶᠢᠷ᠎ᠠ ᠪᠠᠨ ᠮᠠᠨᠠᠭᠰᠠᠭᠠᠷ    ᠵᠦᠩᠨᠡᠯ ᠤᠨ 2021 ᠣᠨᠰᠢᠯᠦᠭ ᠪᠢᠴᠢᠶ᠎ᠡ ᠭᠡᠵᠦ ᠰᠠᠨᠠᠭᠠᠳ ᠪᠠᠶᠢᠨ᠎ᠠᠡᠪᠦᠯ ᠦᠩᠭᠡᠷᠡᠬᠦ ᠪᠠᠷᠡᠩᠭᠡᠷ ᠤᠨ ᠨᠤᠭᠤᠭ᠎ᠠ ᠨᠢᠳᠦᠯᠡᠨᠡᠮᠡᠩᠭᠦᠷᠡᠢ ᠨᠤᠭᠤᠭᠠᠨ ᠵᠡᠭᠦᠳᠦ ᠶᠢ ᠨᠢ ᠬᠠᠶᠢᠷᠠᠯᠠᠭᠠᠳᠰᠢᠩᠬᠤᠨ ᠦᠦᠷ ᠰᠢᠭ ᠬᠠᠪᠤᠷ ᠢ ᠪᠢᠴᠢᠨᠠᠮᠰᠡᠳᠬᠢᠯ ᠢᠶᠠᠨ ᠪᠢᠴᠢᠶ᠎ᠡ ᠭᠡᠵᠦ ᠰᠠᠨᠠᠭᠠᠳ ᠪᠠᠶᠢᠨ᠎ᠠᠤᠯᠠᠷᠢᠯ ᠰᠢᠨᠡᠳᠬᠦ ᠪᠠᠷᠤᠪᠣᠭᠠᠳ ᠤᠨ ᠴᠢᠯᠠᠭᠤ ᠬᠥᠬᠡᠷᠡᠨᠡᠮᠤᠩᠭᠤᠨ ᠴᠠᠭᠠᠨ ᠨᠡᠷᠡᠲᠦ ᠶᠢ ᠨᠢ ᠬᠠᠶ᠋ᠢᠭᠯᠠᠭᠠᠳᠤᠷᠭᠠᠨ ᠦᠵᠦᠭᠦᠷ ᠰᠢᠭ ᠬᠠᠪᠤᠷ ᠢ ᠪᠢᠴᠢᠨᠡᠮᠨᠤᠲᠤᠭ ᠢᠶᠠᠨ ᠪᠢᠴᠢᠶ᠎ᠠ ᠭᠡᠵᠦ ᠰᠠᠨᠠᠭᠠᠳ ᠪᠠᠶᠢᠨ᠎ᠠᠨᠡᠭᠦᠳᠡᠯ ᠡᠬᠢᠯᠡᠬᠦ ᠪᠠᠷᠨᠠᠭᠤᠷ ᠤᠨ ᠰᠢᠪᠠᠭᠤᠳ ᠪᠤᠴᠠᠨᠠᠮᠨᠠᠶᠢᠷᠠᠯ ᠬᠥᠭ ᠲᠤᠨᠢ ᠰᠣᠭᠲᠤᠭᠤᠷᠠᠭᠠᠳᠨᠢᠯᠬ᠎ᠠ ᠨᠦᠷ᠎ᠠ ᠰᠢᠭ ᠨᠢᠭᠦᠯᠦᠰᠦᠩᠭᠦᠢ ᠬᠠᠪᠤᠷ ᠢ ᠪᠢᠴᠢᠨᠠᠮᠠᠮᠢᠲᠤᠷᠠᠯ ᠢᠶᠠᠨ ᠪᠢᠴᠢᠶ᠎ᠡ ᠭᠡᠵᠦ ᠰᠠᠨᠠᠭᠠᠳ ᠪᠠᠶᠢᠨ᠎ᠠᠠᠳᠤᠭᠤᠳ ᠦᠦᠷᠰᠡᠬᠦ ᠪᠠᠷᠠᠬᠢ ᠶᠢᠨ ᠰᠠᠯᠬᠢ ᠦᠶᠡᠯᠵᠡᠨᠡᠮᠠᠷᠢᠭ ᠤᠰᠤᠨ ᠳᠤᠨᠢ ᠰᠡᠷᠪᠡᠯᠵᠡᠭᠡᠳᠠᠮᠠᠷᠠᠭ ᠪᠤᠷᠤ ᠰᠢᠭ᠋ ᠠᠮᠤᠷᠯᠢᠩᠭᠤᠢ ᠬᠠᠪᠤᠷ ᠢ ᠪᠢᠴᠢᠨᠡᠮ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号