ᠬᠤᠸᠠ  ᠪᠤᠬ᠎ᠠ  ᠶᠢᠨ  ᠭᠤᠤ  ᠶᠢᠨ  ᠲᠤᠮᠤᠭ
ᠨᠡᠶᠢᠲᠡᠯᠡᠭᠰᠡᠨ ᠴᠠᠭ᠄
2020-08-08
ᠬᠤᠸ᠋ᠨ   ᠪᠤᠬ᠎ᠠ   ᠶᠢᠨ  ᠭᠤᠤ   ᠨᠢ  ᠯᠢᠨᠰᠢ  ᠰᠢᠶᠠᠨ   ᠤ   ᠲᠦᠪ  ᠯᠢᠨᠰᠢ  ᠪᠠᠯᠭᠠᠰᠤᠨ   ᠠᠴᠠ ᠵᠡᠭᠦᠨ  ᠬᠤᠶᠢᠰᠢ 40 ᠺᠢᠯᠤᠮᠧᠲ᠋ᠡᠷ  ᠵᠠᠶᠢᠳᠠᠢ  ᠂ ᠭᠤᠸᠠᠨᠳᠢ  ᠪᠠᠯᠭᠠᠰᠤᠨ   ᠤ  ᠮᠠ  ᠠᠨ  ᠱᠠᠨ ᠲᠤᠰᠬᠤᠨ   ᠤ ᠵᠡᠭᠦᠨ  ᠬᠤᠶᠢᠳᠠᠢ  ᠪᠠᠶᠢᠨ᠎ᠠ  ᠃ ᠶᠡᠭᠡ   ᠲᠦᠯᠦᠪ  ᠵᠡᠭᠦᠨ  ᠬᠤᠶᠢᠳᠠᠢ   ᠠᠴᠠ ᠪᠠᠷᠠᠭᠤᠨ  ᠡᠮᠦᠨ᠎ᠡ  ᠵᠦᠭ  ᠬᠠᠷᠠᠴᠠ   ᠲᠠᠢ  ᠃  ᠬᠤᠶᠠᠷ  ᠬᠠᠵᠠᠭᠤ   ᠶᠢᠨ  ᠠᠭᠤᠯᠠᠰ   ᠨᠢ  ᠭᠠᠵᠠᠷ  ᠰᠢᠨᠵᠢᠯᠡᠭᠡᠨ ᠤ  ᠨᠡᠷ᠎ᠡ ᠨᠢ  ︿︿  ᠬᠤᠸᠠ  ᠮᠠᠩᠨᠠᠢ  ﹀﹀  ᠠᠭᠤᠯᠠ  ᠭᠡᠳᠡᠭ  ᠃   ᠬᠤᠸᠠ  ᠪᠤᠬ᠎ᠠ   ᠶᠢᠨ  ᠭᠤᠤ  ᠭᠡᠬᠦ  ᠨᠡᠷ᠎ᠡ   ᠨᠢ  ᠠᠷᠠᠳ   ᠤᠨ  ᠤᠯᠠᠮᠵᠢᠯᠠᠯ  ᠶᠠᠷᠢᠶᠠᠨ   ᠠᠴᠠ  ᠢᠷᠡᠯᠳᠠᠢ  ᠃   ᠲᠤᠬᠠᠢ   ᠶᠢᠨ  ᠤᠷᠤᠨ   ᠤ  ᠲᠠᠷᠢᠶᠠᠴᠢᠨ ᠤ  ᠶᠠᠷᠢᠬᠤ   ᠪᠠᠷ  ᠢᠷᠭᠡᠨ  ᠤᠯᠤᠰ ᠤᠨ  ᠲᠠᠪᠤᠳᠤᠭᠠᠷ  ᠤᠨ  ᠨᠠᠢᠮᠠᠨ ᠰᠠᠷ᠎ᠠ   ᠳᠤ  ︵1916  ︶ ᠠᠷᠤ  ᠮᠤᠩᠭᠤᠯ   ᠤᠨ  ᠪᠠᠪᠤᠵᠠᠪ   ᠤᠨ  ᠴᠢᠷᠡᠭ   ᠨᠢ  ᠮᠦᠭᠳᠡᠨ ᠤ 28 ᠳ᠋ᠤᠭᠠᠷ  ᠳ᠋ᠢᠸᠢᠽᠢ   ᠳᠤ  ᠶᠡᠬᠡᠳᠡ  ᠢᠯᠠᠭᠳᠠᠨ  ᠂ ᠶᠠᠫᠦᠨ  ᠲᠠᠩᠨᠠᠭᠤᠯ   ᠤᠨ  ᠬᠠᠮᠠᠭᠠᠯᠠᠯᠳᠠ  ᠲᠤᠤᠷ᠎ᠠ  ᠨᠠᠨ  ᠮᠠᠨ  ᠲᠡᠮᠦᠷ  ᠵᠠᠮ   ᠢ   ᠲᠠᠭᠠᠨ  ᠭᠦᠸᠧ  ᠵᠢᠶᠠ   ᠳ᠋ᠢᠶᠠᠨ  ᠵᠦᠭ    ᠤᠬᠤᠷᠢᠨ  ᠂ ᠶᠢᠰᠦᠨ ᠰᠠᠷ᠎ᠠ   ᠶᠢᠨ  ᠰᠡᠭᠦᠯᠴᠢ ᠪᠠᠷ   ᠺᠠᠶᠢᠯᠦ  ᠰᠢᠶᠠᠨ   ᠳᠤ  ᠬᠦᠷᠬᠦ   ᠳᠤ  ᠂ ᠪᠠᠭᠠᠷᠢᠨ   ᠠᠴᠠ  ᠬᠦᠮᠦᠨ  ᠢᠷᠡᠵᠦ  ᠄ ︿︿ᠯᠢᠨᠰᠢ  ᠪᠠᠯᠭᠠᠰᠦ   ᠳᠤ  ᠴᠢᠷᠡᠭ  ᠴᠦᠬᠡᠨ  ﹀﹀ ᠭᠡᠵᠦ  ᠮᠡᠳᠡᠭᠦᠯᠦᠭᠰᠡᠨ   ᠳᠤ  ᠂ ᠤᠷᠤᠭᠰᠢᠯᠠᠬᠤ   ᠴᠢᠭᠯᠡᠯ   ᠢᠶᠠᠨ ᠡᠷᠡᠰ  ᠦᠭᠡᠷᠴᠢᠯᠠᠵᠦ  ᠂  ᠰᠦᠭᠡ ᠱᠤᠷᠤᠩ   ᠢ  ᠬᠦᠨᠳᠡᠯᠡᠨ  ᠲᠠᠪᠠᠵᠤ  ᠂ ᠯᠢᠨᠰᠢ   ᠶᠢ ᠡᠵᠡᠯᠡᠬᠦ   ᠪᠠᠷ ᠲᠦᠯᠦᠪᠡᠯᠡᠵᠠᠢ  ᠃10 ᠰᠠᠷ᠎ᠠ   ᠶᠢᠨ  ᠨᠠᠢᠮᠠᠨ ᠤ  ᠲᠠᠤᠯᠠᠢ ᠴᠠᠭ   ᠲᠤ  ᠂ ᠴᠠᠭᠠᠨ  ᠮᠦᠷᠡᠨ   ᠢ  ᠭᠡᠳᠦᠯᠡᠵᠦ  ᠂ ᠯᠢᠨᠰᠢ ᠵᠦᠭ  ᠲᠦᠷᠭᠡᠯᠡᠨ   ᠶᠠᠪᠤᠵᠤ  ᠬᠤᠸᠠ  ᠪᠤᠬ᠎ᠠ   ᠶᠢᠨ  ᠭᠤᠤ  ᠬᠦᠷᠬᠦ  ᠦᠶᠡᠰ  ᠴᠢᠷᠡᠭ   ᠤᠨ  ᠠᠷᠠᠳ  ᠨᠢᠭᠡᠨ  ᠬᠤᠸᠠ  ᠪᠤᠬ᠎ᠠ  ᠭᠤᠤ   ᠶᠢᠨ  ᠮᠤᠬᠤᠷ  ᠵᠦᠭ  ᠤᠷᠤᠬᠤ   ᠶᠢ   ᠬᠠᠷᠠᠭᠠᠳ  ᠲᠡᠮᠡᠶᠢᠯᠡᠨ  ᠨᠡᠬᠡᠮᠵᠢᠯᠡᠵᠦ  ᠭᠤᠤ   ᠶᠢᠨ   ᠠᠳᠠᠭ  ᠬᠦᠷᠬᠦ   ᠳᠤ  ᠨᠢᠳᠦ  ᠢᠷᠡᠮᠬᠦ  ᠵᠠᠭᠤᠷ᠎ᠠ  ᠲᠡᠷᠡᠬᠦ  ᠪᠤᠬ᠎ᠠ   ᠠᠯᠠᠭ᠎ᠠ  ᠪᠤᠯᠵᠠᠢ ᠭᠡᠨ᠎ᠡ  ᠃  ᠴᠢᠷᠡᠭ   ᠤᠨ  ᠠᠷᠠᠳ   ᠦᠢᠮᠡᠯᠳᠦᠵᠦ   ᠯᠠᠩᠳᠠᠷᠮ᠎ᠠ    ᠦᠬᠡᠷ  ᠰᠢᠮᠨᠦ   ᠢᠯᠡᠷᠡᠵᠦ   ᠮᠠᠭᠤ ᠢᠷᠸ᠎ᠠ   ᠪᠤᠯᠪᠠ  ᠡᠮᠢᠶᠡᠵᠦ  ᠂  ᠯᠢᠨᠰᠢ ᠶᠢ   ᠲᠠᠭᠠᠷᠢᠬᠤ  ᠢᠳᠡᠭᠡᠯ  ᠲᠠᠰᠦᠷᠠᠨ     ᠰᠡᠵᠢᠭᠯᠡᠨ᠂   ᠴᠢᠷᠢᠭ ᠠᠷᠠᠳ   ᠤᠨ  ᠤᠷᠮ᠎ᠠ  ᠵᠤᠷᠢᠭ   ᠨᠢ  ᠲᠦᠳᠡᠬᠡᠨ᠎ᠡ   ᠪᠠᠭᠤᠷᠠᠵᠤ  ᠂    ᠨᠠᠪᠳᠠᠷ  ᠰᠠᠪᠳᠠᠷ  ᠠᠯᠬᠤᠯᠠᠭᠰᠠᠭᠠᠷ ᠨᠠᠷᠠ  ᠲᠤᠶᠠᠭᠠᠷᠠᠬᠤ   ᠦᠶᠡᠰ   ᠯᠢᠨᠰᠢ  ᠰᠢᠶᠠᠨ   ᠤ ᠬᠤᠳᠠ   ᠶᠢᠨ  ᠵᠡᠭᠦᠨ  ᠵᠠᠬ᠎ᠠ   ᠳᠤ  ᠬᠦᠷᠴᠠᠢ  ᠃  ᠲᠡᠷᠡ  ᠲᠤᠬᠠᠢ    ᠢᠵᠢᠶᠦ᠋ᠨ ᠤ  ᠲᠠᠯ᠎ᠠ   ᠶᠢᠨ  ᠬᠢᠨᠢ  ᠪᠠᠪᠤᠵᠠᠪ   ᠤᠨ  ᠴᠢᠷᠡᠭ   ᠲᠤ ᠬᠡᠳᠦᠨᠳᠡ  ᠢᠯᠠᠭᠳᠠᠵᠤ  ᠲᠦᠯᠭᠡ  ᠦᠵᠡᠭᠦᠯᠦᠭᠰᠡᠨ   ᠳᠤ  ᠲᠡᠭᠦᠨ ᠤ  ᠴᠢᠷᠡᠭ   ᠤᠨ  ᠰᠠᠭᠤᠷᠢᠨ   ᠨᠢ  ᠶᠦᠭᠵᠢᠷ ᠤᠨ  ᠰᠦᠮ᠎ᠡ   ᠳᠤ  ᠪᠠᠶᠢᠷᠰᠢᠵᠦ   ᠬᠢᠳᠡᠳ  ᠬᠡᠯᠡᠨ   ᠤ  ᠲᠠᠬᠢᠶ᠎ᠠ   ︵鸡) ᠦᠰᠦᠭ ᠲᠠᠢ  ᠬᠤᠯᠪᠤᠭᠳᠠᠵᠦ  ᠂   ᠮᠧᠢ  ᠵᠧᠨ  ᠪᠢᠶᠤᠤ   ᠶᠢᠨ  ᠮᠧᠢ  ︵米) ᠦᠰᠦᠭ   ᠢ  ᠲᠤᠶᠠᠵᠦ   ᠪᠠᠶᠢᠬᠤ ᠲᠤᠯᠠ  ᠲᠡᠶᠢᠯᠦᠭᠳᠡᠵᠦ    ᠪᠠᠶᠢᠨ᠎ᠠ  ᠂ ᠬᠡᠷᠪᠡ  ᠳ᠋ᠢᠶᠤᠤ  ᠤᠪᠤᠭᠳᠠᠢ  ᠬᠦᠮᠦᠨ   ᠢᠶᠠᠷ  ᠶᠡᠭᠡ  ᠫᠤᠤ   ᠠᠳᠬᠤᠭᠤᠯᠪᠠᠯ  ᠪᠦᠷᠭᠦᠳ  ︵雕) ᠰᠠᠶ᠋ᠢ  ᠲᠠᠬᠢᠶ᠎ᠠ   ᠶᠢ  ᠢᠳᠡᠵᠦ  ᠲᠡᠶᠢᠯᠦᠨ᠎ᠡ  ᠭᠡᠵᠤ  ᠮᠡᠷᠭᠡᠯᠠᠵᠠᠢ  ᠃  ᠲᠡᠭᠡᠭᠡᠳ  ᠰᠢᠶᠠᠨ ᠤ ᠬᠤᠳᠠᠨ   ᠠᠴᠠ  ᠡᠷᠢᠭᠰᠡᠭᠡᠷ  ᠨᠢᠭᠡᠨ  ᠳ᠋ᠢᠶᠤᠤ  ᠤᠪᠤᠭᠳᠠᠢ ᠤᠤᠯ   ᠳᠠᠭᠠᠨ ᠴᠢᠷᠡᠭ   ᠲᠤ ᠶᠠᠪᠤᠵᠤ  ᠦᠩᠭᠡᠷᠡᠭᠰᠡᠨ  ᠳ᠋ᠧᠦᠹᠦ᠋  ᠬᠤᠳᠠᠯᠳᠤᠭᠴᠢ  ᠡᠷ᠎ᠡ   ᠶᠢ  ᠤᠯᠵᠤ  ᠠᠪᠤᠭᠠᠳ  ᠶᠡᠭᠡ  ᠫᠤᠤ  ᠠᠳᠬᠤᠭᠤᠯᠵᠠᠢ  ᠃   ᠤᠳᠠᠯ  ᠦᠭᠡᠢ  ᠬᠤᠶᠠᠷ ᠲᠠᠯ᠎ᠠ ᠪᠠᠷ  ᠭᠠᠯ   ᠵᠤᠯᠭᠠᠨ   ᠢᠵᠢᠶᠦ᠋ᠨ   ᠤ  ᠲᠠᠯ᠎ᠠ   ᠶᠢᠨ  ᠬᠢᠨᠢ  ᠪᠠᠪᠤᠵᠠᠪ   ᠤᠨ  ᠴᠢᠷᠡᠭ   ᠤᠨ  ᠭᠠᠯ   ᠳᠤ  ᠲᠠᠷᠤᠭᠳᠠᠨ  ᠲᠤᠯᠤᠭᠠᠢ  ᠦᠨᠳᠡᠶᠢᠵᠦ ᠴᠢᠳᠠᠬᠤ  ᠦᠭᠡᠢ  ᠪᠤᠯᠵᠠᠢ  ᠃    ᠲᠡᠷᠡ  ᠲᠤᠬᠠᠢ   ᠪᠠᠪᠤᠵᠠᠪ   ᠲᠠᠶᠢᠨ ᠵᠢᠯᠤᠭᠤᠳᠬᠤ   ᠶᠢ  ᠯᠡ  ᠠᠩᠬᠷᠠᠵᠦ  ᠂   ᠦᠪᠡᠷ   ᠤᠨ  ᠭᠤᠴᠤᠭ   ᠤᠨ   ᠢᠶᠠᠨ   ᠨᠢᠭᠦᠯᠳᠦ  ᠭᠠᠷ  ᠰᠤᠩᠭᠠᠬᠤ   ᠶᠢ ᠠᠩᠬᠠᠷᠤᠭᠰᠠᠨ  ᠦᠭᠡᠢ  ᠃   ᠲᠡᠭᠦᠨ   ᠤ  ᠰᠢᠳᠠᠷ  ᠬᠢᠶ᠎ᠠ   ᠪᠠᠳᠦᠮᠦᠩᠬᠡ ᠨᠢ ᠪᠠᠪᠤᠵᠠᠪ   ᠲᠤ  ᠴᠢᠷᠡᠭ   ᠤᠨ  ᠴᠠᠭᠠᠵᠠ   ᠪᠠᠷ     ᠠᠪᠤᠭᠠᠴᠢᠭᠳᠠᠭᠰᠠᠨ ᠠᠬ᠎ᠠ   ᠲᠠᠭᠠᠨ  ᠦᠰᠢᠶ᠎ᠡ  ᠠᠪᠬᠤ   ᠶᠢ ᠰᠠᠨᠠᠵᠤ  ᠠᠷᠦ  ᠬᠤᠶᠢᠨ᠎ᠠ   ᠠᠴᠠ   ᠨᠢ  ᠬᠠᠷ᠎ᠠ  ᠫᠤᠤ  ᠲᠤᠤᠭᠠᠷᠭᠠᠨ  ᠠᠮᠢ   ᠶᠢ   ᠨᠢ ᠠᠪᠤᠵᠠᠢ  ᠃  ᠪᠠᠪᠤᠵᠠᠪ   ᠤᠨ  ᠴᠢᠷᠡᠭ   ᠤᠳ   ᠭᠤᠤᠯ  ᠵᠠᠩᠵᠤᠨ   ᠤ  ᠠᠮᠢ  ᠡᠷᠡᠰᠳᠡᠭᠰᠡᠨ   ᠨᠢ   ᠦᠬᠡᠷ  ᠰᠢᠮᠨᠦ  ᠯᠠᠩᠳᠠᠷᠮ᠎ᠠ  ᠢᠯᠡᠷᠡᠭᠰᠡᠨ   ᠤ  ᠰᠢᠯᠳᠠᠭᠠᠨ   ᠬᠡᠮᠡᠨ   ᠪᠠᠶᠢᠯᠳᠤᠬᠤ  ᠵᠤᠷᠢᠭ   ᠢᠶᠠᠨ ᠪᠦᠷᠢᠮᠦᠰᠨ  ᠠᠯᠳᠠᠵᠦ    ᠰᠠᠷᠨᠢᠵᠠᠢ  ᠃            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号