ᠪᠠᠭᠠᠷᠢᠨ  ᠸᠠᠩ  ᠠᠷᠭᠤᠮᠠᠭ  ᠬᠦᠯᠦᠭ   ᠢᠶᠠᠨ  ᠠᠯᠳᠠᠭᠰᠠᠨ  ᠦᠯᠢᠭᠡᠷ
ᠨᠡᠶᠢᠲᠡᠯᠡᠭᠰᠡᠨ ᠴᠠᠭ᠄
2020-08-08
      ᠴᠤᠤ  ᠶᠦᠩ  ᠭᠦᠩ  ᠬᠠᠶᠢᠯᠨᠨᠴᠠ  ᠪᠤᠯᠪᠠᠰᠤ  ᠲᠡᠭᠷᠢ  ᠲᠡᠳᠬᠦᠭᠴᠢ  ᠬᠠᠭᠠᠨ   ᠤ  ᠰᠢᠳᠠᠷ  ᠲᠦᠰᠢᠮᠡᠯ  ᠮᠦᠨ   ᠮᠦᠷᠳᠡᠭᠡᠨ ᠲᠤᠬᠠᠢ   ᠶᠢᠨ  ᠦᠶ᠎ᠡ  ᠴᠢᠷᠡᠭ   ᠤᠨ  ᠲᠦᠰᠢᠮᠡᠯ   ᠤᠨ  ᠲᠡᠷᠢᠭᠦᠨ  ᠪᠠᠶᠢᠪᠠ  ᠃ ᠰᠠᠷᠳᠠᠭᠤᠯ  ᠂ ᠶᠢᠨ  ᠴᠤᠸᠠᠨ  ᠂  ᠲᠠᠶᠢᠸᠠᠨ   ᠵᠡᠷᠭᠡ ᠭᠠᠵᠠᠷ   ᠢ  ᠲᠡᠶᠢᠯᠠᠨ  ᠪᠠᠶᠢᠯᠳᠤᠵᠤ  ᠲᠠᠶᠢᠨ   ᠤ  ᠭᠠᠪᠢᠶ᠎ᠠ   ᠨᠢ  ᠪᠤᠰᠤᠳ   ᠠᠴᠠ   ᠬᠡᠳᠦᠶᠢᠳᠡᠭᠰᠡᠨ    ᠪᠤᠯᠬᠤᠷ  ᠲᠠᠪᠤᠨ  ᠵᠡᠷᠭᠡ    ᠨᠠᠮᠡᠨ   ᠡᠷᠭᠦᠮᠵᠢᠯᠡᠭᠳᠡᠵᠠᠢ  ᠃  ᠦᠷᠭᠦᠯᠵᠢ  ᠬᠤᠤᠰ  ᠨᠦᠬᠡᠳᠦ   ᠴᠡᠴᠡᠭᠳᠦ  ᠰᠤᠨᠤᠪᠳᠤᠷ  ᠵᠡᠭᠦᠵᠦ   ᠶᠠᠪᠤᠳᠠᠭ  ᠃  ᠨᠡᠶᠢᠰᠯᠡᠯ  ᠬᠤᠳᠠᠨ   ᠳᠤ  ᠵᠢᠵᠢᠭᠦᠷᠯᠡᠬᠦ   ᠳᠡᠭᠡᠨ   ᠲᠤᠬᠠᠢ ᠶᠢᠨ  ᠦᠶ᠎ᠡ   ᠶᠢᠨ  ᠵᠤᠤ  ᠤᠳᠠ  ᠴᠢᠭᠤᠯᠭᠠᠨ   ᠤ  ᠲᠠᠷᠤᠭ᠎ᠠ  ᠂ ᠪᠠᠭᠠᠷᠢᠨ  ᠪᠠᠷᠠᠭᠤᠨ  ᠬᠤᠰᠢᠭᠤᠨ   ᠤ  ᠸᠠᠩ  ᠪᠠᠳᠦ ᠲᠠᠢ ᠤᠴᠠᠷᠠᠵᠠᠢ᠃ ᠪᠠᠳᠦ ᠸᠠᠩ  ᠠᠨᠤ  ᠷᠢᠨᠴᠢᠨ  ᠸᠠᠩ   ᠤᠨ  ᠬᠤᠶᠠᠳᠤᠭᠠᠷ  ᠬᠦᠪᠡᠭᠦᠨ  ᠂ ᠪᠠᠭᠠᠷᠢᠨ ᠪᠠᠷᠠᠭᠤᠨ ᠬᠤᠰᠢᠭᠤᠨ   ᠤ  ᠲᠤᠯᠤᠳᠤᠭᠠᠷ   ᠦᠶ᠎ᠡ   ᠶᠢᠨ ᠸᠠᠩ  ᠂ ᠲᠡᠭᠷᠢ  ᠲᠡᠳᠬᠦᠭᠴᠢ   ᠶᠢᠨ  ᠬᠤᠷᠢᠨ  ᠬᠤᠶᠠᠷ  ᠤᠨ   ᠳᠤ   ᠵᠠᠰᠠᠭ  ᠵᠢᠶᠦ᠋ᠨ  ᠸᠠᠩ  ᠬᠡᠷᠬᠡᠮ   ᠢ  ᠵᠠᠯᠭᠠᠮᠵᠢᠠᠯᠵᠠᠢ  ᠂  ᠲᠦᠴᠢᠨ ᠨᠠᠢᠮᠠᠨ ᠤᠨ ᠳᠤ ᠴᠢᠨ ᠸᠠᠩ   ᠡᠷᠭᠦᠮᠵᠢᠯᠡᠭᠳᠡᠨ  ᠂ ᠰᠠᠶᠢᠰᠢᠶᠠᠯ  ᠢᠷᠦᠭᠡᠯᠳᠦ   ᠶᠢᠨ  ᠲᠦᠷᠪᠡᠨ  ᠤᠨ   ᠳᠤ  ᠬᠠᠯᠢᠵᠠᠢ  ᠃  ᠲᠠᠳᠡᠨᠡᠷ   ᠤᠨ  ᠵᠠᠩ    ᠠᠷᠠᠭᠰᠢᠨ ᠠᠳᠠᠯᠢᠬᠠᠨ  ᠪᠤᠯᠬᠤᠷ   ᠤᠳᠠᠯ  ᠦᠭᠡᠢ  ᠬᠠᠷᠢᠯᠴᠠᠨ  ᠲᠠᠨᠢᠯᠴᠠᠵᠦ  ᠲᠤᠭᠯᠠᠨ  ᠨᠠᠭᠠᠳᠤᠬᠤ  ᠪᠤᠯᠵᠠᠢ  ᠃ ᠬᠠᠶᠢᠯᠠᠨᠴᠠ  ᠭᠦᠩ  ᠬᠢᠭᠡᠳ  ᠪᠠᠳᠦ  ᠸᠠᠩ  ᠬᠤᠶᠠᠭᠤᠯᠠ ᠳᠤ   ᠲᠤᠰ  ᠲᠤᠰ  ᠨᠢᠭᠡᠨ  ᠠᠷᠭᠤᠮᠠᠭ  ᠬᠦᠯᠦᠭ   ᠲᠠᠢ  ᠃ ᠬᠠᠶᠢᠯᠠᠨᠴᠠ  ᠭᠦᠩ   ᠤᠨ   ᠬᠢ   ᠨᠢ  ᠰᠠᠭᠠᠷᠠᠯ   ᠮᠤᠷᠢ  ᠂ ᠪᠠᠳᠦ ᠸᠠᠩ ᠤᠨ   ᠬᠢ   ᠨᠢ   ᠬᠤᠯᠠ ᠮᠤᠷᠢ    ᠪᠠᠶᠢᠵᠦ  ᠂ ᠴᠦᠨᠮ ︿︿ ᠮᠢᠩᠭᠠᠨ  ᠭᠠᠵᠠᠷ   ᠤᠨ  ᠬᠦᠯᠦᠭ  ﹀﹀ ᠭᠡᠵᠦ ᠠᠯᠳᠠᠷᠰᠢᠵᠠᠢ  ᠃ ᠲᠡᠭᠷᠢ  ᠲᠡᠳᠬᠦᠭᠴᠢ   ᠶᠢᠨ  ᠭᠤᠴᠢᠨ  ᠣᠨ   ᠤ  ︵1765︶  7 ᠰᠠᠷ᠎ᠠ   ᠶᠢᠨ 14 ᠤ  ᠡᠳᠦᠷ  ᠂  ᠲᠡᠭᠷᠢ  ᠲᠡᠳᠬᠦᠭᠴᠢ  ᠬᠠᠭᠠᠨ  ᠰᠢᠳᠠᠷ  ᠴᠢᠷᠡᠭ   ᠢᠶᠠᠨ  ᠲᠠᠭᠠᠭᠤᠯᠠᠨ  ᠮᠦᠯᠠᠨ  ᠬᠤᠮᠤᠷᠭᠠᠨ  ᠲᠠᠯᠠᠪᠠᠢ  ᠨᠠᠮᠤᠷ   ᠤᠨ  ᠠᠪᠠ    ᠲᠠᠯᠪᠢᠬᠤ   ᠳᠤ  ᠬᠠᠶᠢᠯᠠᠨᠴᠠ  ᠬᠢᠭᠡᠳ  ᠪᠠᠳᠦ   ᠨᠠᠷ   ᠰᠢᠳᠠᠷᠯᠠᠨ   ᠶᠠᠪᠤᠵᠠᠢ᠃   ᠠᠪᠠ   ᠲᠡᠭᠤᠰᠤᠭᠰᠠᠨ   ᠤ   ᠲᠠᠷᠠᠭ᠎ᠠ ᠲᠡᠭᠷᠢ  ᠲᠡᠳᠬᠦᠭᠴᠢ ᠬᠠᠭᠠᠨ  ᠵᠠᠩ ᠰᠠᠨ  ᠢᠩᠽᠢ  ᠬᠡᠮᠡᠬᠦ ᠭᠠᠵᠠᠷ  ᠬᠠᠭᠠᠨ   ᠤ   ᠰᠢᠷ᠎ᠠ  ᠴᠡᠴᠷ  ᠪᠤᠰᠬᠠᠵᠦ  ᠶᠡᠭᠡ  ᠬᠤᠷᠢᠮ  ᠲᠠᠯᠪᠢᠨ  ᠠᠪᠠ   ᠶᠢᠨ    ᠢᠯᠡᠯᠳᠡ ᠪᠠᠨ   ᠪᠡᠯᠭᠡᠯᠡᠵᠠᠢ᠃  ᠠᠮᠠᠨ  ᠶᠠᠷᠢᠶᠠᠨ   ᠳᠤ  ᠡᠨᠡᠬᠦ  ᠨᠠᠶᠢᠷ   ᠢ ︿︿ ᠶᠡᠭᠡ   ᠮᠤᠩᠭᠤᠯ  ᠭᠡᠷ ᠤᠨ  ᠨᠠᠶᠢᠷ  ﹀﹀   ᠭᠡᠳᠡᠭ  ᠃  ᠬᠤᠷᠢᠮ ᠤᠨ  ᠲᠠᠷᠠᠭ᠎ᠠ   ᠪᠠᠳᠦ ᠸᠠᠩ  ᠂ ᠬᠠᠶᠢᠯᠠᠨᠴᠠ  ᠭᠦᠩ ᠳᠤ  ᠄ ︿ ︿ᠮᠢᠨᠦ  ᠠᠷᠭᠤᠮᠠᠭ  ᠬᠦᠯᠦᠭ   ᠢᠶᠠᠷ  ᠴᠢᠨᠦ  ᠮᠢᠩᠭᠠᠨ  ᠭᠠᠵᠠᠷ   ᠤᠨ  ᠮᠤᠷᠢᠨ   ᠢ  ᠰᠤᠯᠢᠪᠠᠰᠦ  ᠶᠠᠮᠠᠷ︖﹀﹀  ᠭᠡᠰᠡᠨ   ᠳᠤ   ᠬᠠᠶᠢᠯᠠᠨᠴᠠ ᠭᠦᠩ  ᠄ ︿︿ᠴᠢᠨᠦ  ᠮᠤᠷᠢ   ᠶᠢᠨ ᠵᠢᠰᠦᠮ   ᠨᠢ   ᠮᠢᠨᠦᠬᠢ   ᠶᠢ  ᠬᠦᠷᠬᠦ  ᠦᠭᠡᠢ᠂  ᠪᠢ ᠰᠤᠯᠢᠬᠤ  ᠦᠭᠡᠢ  ﹀﹀   ᠭᠡᠵᠠᠢ  ᠃   ᠡᠭᠦᠨ   ᠳᠤ ᠪᠠᠳᠦ ᠸᠠᠩ  ᠄ ︿︿ᠴᠢ ᠰᠤᠯᠢᠬᠤ  ᠦᠭᠡᠢ ᠪᠤᠯᠪᠠᠯ  ᠪᠢ ᠰᠦᠨᠢ   ᠪᠠᠷ   ᠬᠤᠯᠠᠭᠠᠶᠢᠯᠠᠵᠤ  ᠠᠪᠤᠨ᠎ᠠ  ᠂  ᠨᠠᠳᠠᠳᠦ   ᠳᠤ   ᠠᠭᠤᠷᠯᠠᠵᠤ   ᠪᠤᠯᠬᠤ  ᠦᠭᠡᠢ  ᠃﹀﹀  ᠭᠡᠰᠡᠨ ᠳᠤ   ᠬᠠᠶᠢᠯᠠᠨᠴᠠ  ᠭᠦᠩ   ᠢᠨᠢᠶᠡᠨ  ᠄ ︿︿   ᠲᠡᠭᠡᠪᠡᠯ ᠲᠤᠩ ᠰᠠᠶᠢᠨ  ᠂ ᠴᠢ ᠬᠤᠯᠠᠭᠠᠶᠢᠯᠠᠵᠤ  ᠲᠡᠶᠢᠯᠳᠡᠭ  ᠯᠡ  ᠶᠤᠮ  ᠪᠤᠯᠪᠠᠯ  ᠬᠤᠯᠠᠭᠭᠠᠶᠢᠯᠠ  ᠂ ᠪᠢ  ᠯᠠᠪᠳᠠᠢ   ᠠᠭᠤᠷᠯᠠᠬᠤ  ᠦᠭᠡᠢ  ﹀﹀ ᠭᠡᠵᠠᠢ  ᠃ ᠰᠦᠨᠢ   ᠪᠠᠳᠦ ᠸᠠᠩ   ᠤᠨ  ᠲᠤᠮᠢᠯᠠᠭᠰᠠᠨ  ᠮᠤᠷᠢ  ᠬᠤᠯᠠᠭᠠᠶᠢᠯᠠᠬᠤ    ᠬᠦᠮᠦᠨ   ᠬᠠᠶᠢᠯᠠᠨᠴᠠ  ᠭᠦᠩ   ᠤᠨ  ᠰᠠᠭᠠᠷᠠᠯ ᠮᠤᠷᠢ  ᠪᠡᠯᠴᠢᠭᠡᠷ   ᠲᠤ  ᠢᠳᠡᠰᠢᠯᠡᠵᠦ ᠪᠠᠶᠢᠬᠤ ᠶᠢ  ᠬᠠᠷᠠᠭᠠᠳ    ᠪᠠᠷᠢᠵᠦ  ᠠᠪᠬᠤ   ᠶᠢ ᠠᠯᠳᠠᠳᠠᠯ᠎ᠠ  ᠂  ᠴᠤᠯᠪᠤᠭᠤᠷ   ᠢ   ᠨᠢ  ᠠᠳᠬᠤᠨ ᠨᠦᠬᠡᠨ   ᠳᠤ   ᠨᠢᠭᠤᠵᠤ  ᠪᠠᠶᠢᠭᠰᠠᠨ    ᠪᠤᠶᠢᠳᠠᠢ  ᠠᠬ᠎ᠠ    ᠬᠠᠷᠠᠶᠢᠨ  ᠭᠠᠷᠴᠦ    ᠢᠷᠡᠨ  ᠲᠡᠭᠦᠨ   ᠢ  ᠪᠠᠷᠢᠵᠤ  ᠠᠪᠤᠭᠠᠳ  ᠦᠨᠳᠦᠷ ᠲᠠᠭᠤᠨ   ᠢᠶᠠᠷ  ᠄  ︿︿  ᠴᠢ ᠦᠪᠡᠷ   ᠤᠨ  ᠸᠠᠩ   ᠳᠠᠭᠠᠨ  ᠬᠡᠯᠡᠵᠦ   ᠦᠭ  ᠂  ᠬᠠᠶᠢᠯᠠᠨᠴᠠ  ᠭᠦᠩ    ᠮᠤᠷᠢ   ᠶᠢ   ᠨᠢ  ᠬᠤᠯᠠᠭᠠᠶᠢᠯᠠᠬᠤ  ᠭᠡᠵᠦ ᠪᠤᠢ    ﹀﹀  ᠭᠡᠵᠠᠢ  ᠃  ᠸᠠᠩ   ᠤᠨ   ᠵᠠᠷᠤᠳᠠᠰᠤ  ᠲᠠᠷᠦᠶᠢᠬᠠᠨ  ᠪᠤᠴᠠᠵᠤ ᠸᠠᠩ  ᠨᠤᠶᠠᠨ ᠳᠠᠭᠠᠨ᠄ ︿︿ ᠬᠠᠶᠢᠯᠠᠨᠴᠠ  ᠭᠦᠩ    ᠲᠠᠨ   ᠤ ᠮᠤᠷᠢ   ᠶᠢ ᠬᠤᠯᠠᠭᠠᠶᠢᠯᠠᠬᠤ  ᠭᠡᠵᠦ ᠪᠤᠢ  ᠂   ᠪᠠᠰᠠ   ᠨᠠᠳᠠ   ᠪᠠᠷ  ᠴᠢᠮᠠᠳᠦ  ᠴᠢᠩᠭ᠎ᠠ ᠰᠡᠷᠭᠡᠶᠢᠯᠡᠬᠦ  ᠭᠡᠷᠡᠭᠳᠠᠢ  ᠭᠡᠵᠦ  ᠲᠠᠮᠵᠢᠭᠤᠯᠵᠠᠢ  ﹀﹀  ᠭᠡᠵᠦ  ᠠᠶᠢᠯᠠᠳᠬᠠᠵᠠᠢ  ᠃   ᠰᠦᠨᠢ  ᠲᠦᠯᠢ   ᠶᠢᠨ  ᠦᠶᠡᠰ   ᠢᠶᠠᠷ  ᠪᠠᠳᠤ ᠸᠠᠩ   ᠤᠨ  ᠴᠡᠴᠷ   ᠤᠨ  ᠭᠠᠳᠠᠨ᠎ᠠ  ᠬᠦᠮᠦᠰ ᠤᠶᠢᠮᠡᠯᠳᠦᠨ  ︿︿ ᠮᠤᠷᠢᠨ ᠬᠤᠯᠠᠭᠠᠶᠢᠴᠢ  ᠸᠠᠩ   ᠤᠨ   ᠠᠷᠭᠤᠮᠠᠭ ᠢ    ᠤᠨᠤᠵᠤ  ᠲᠤᠳᠠᠭᠠᠪᠠ﹀﹀ ᠭᠡᠵᠦ   ᠠᠭᠤᠯᠠ  ᠨᠤᠷᠠᠵᠦ  ᠭᠠᠵᠠᠷ ᠶᠡᠭᠦᠷᠡᠬᠦ ᠮᠡᠳᠦ  ᠴᠢᠬᠢ  ᠲᠦᠯᠡᠶᠢᠷᠡᠮ᠎ᠡ   ᠬᠠᠰᠬᠢᠷᠠᠯᠴᠤᠭᠰᠠᠨ   ᠳᠤ  ᠪᠠᠳᠦ ᠸᠠᠩ   ᠤᠨ  ᠠᠳᠤᠭᠤᠨ ᠰᠦᠷᠦᠭ  ᠦᠷᠭᠦᠨ  ᠰᠠᠷᠨᠨᠢᠵᠠᠢ  ᠃   ᠸᠠᠩ   ᠤᠨ  ᠬᠠᠷᠢᠶᠠᠳᠦ ᠨᠠᠷ   ᠨᠢ    ᠠᠳᠤᠭᠤ   ᠪᠠᠨ   ᠬᠤᠷᠢᠶᠠᠵᠦ  ᠬᠤᠷᠢᠬᠤ   ᠦᠶᠡᠰ  ᠠᠷᠭᠤᠮᠠᠭ  ᠬᠦᠯᠦᠭ   ᠨᠢ ᠨᠢᠭᠡᠨᠳᠡ   ᠦᠭᠡᠢ ᠪᠤᠯᠵᠠᠢ᠃  ᠤᠤᠯ   ᠨᠢ  ᠰᠦᠨᠢ  ᠲᠦᠯᠢ   ᠶᠢᠨ  ᠦᠶᠡᠰ  ᠬᠠᠶᠢᠯᠠᠨᠴᠠ  ᠭᠦᠩ   ᠪᠠᠳᠤ ᠸᠠᠩ   ᠤᠨ  ᠴᠡᠴᠡᠷ   ᠤᠨ   ᠠᠷᠤ   ᠳᠤ  ᠨᠢᠭᠤᠭᠳᠠᠨ  ᠂ ᠲᠠᠭᠠᠭᠰᠠᠳ   ᠢᠶᠠᠷ   ᠢᠶᠠᠨ   ᠦᠢᠮᠡᠯᠳᠡᠭᠦᠯᠦᠨ  ᠪᠠᠬᠢᠷᠠᠭᠤᠯᠵᠤ  ᠂ ᠪᠠᠳᠦ ᠸᠠᠩ   ᠤᠨ   ᠵᠠᠷᠤᠳᠠᠰᠤᠨ   ᠨᠠᠷ ᠮᠤᠷᠢᠨ ᠰᠠᠷᠠᠪᠴᠢ ᠳᠤ ᠬᠦᠷᠴᠦ   ᠭᠡᠳᠡᠬᠦ   ᠠᠴᠠ  ᠰᠡᠷᠭᠡᠶᠢᠯᠡᠵᠠᠢ  ᠃   ᠲᠡᠭᠡᠭᠡᠳ  ᠤᠯᠠᠨ  ᠵᠠᠷᠤᠳᠠᠰᠤ   ᠠᠳᠤᠭᠤ  ᠬᠤᠷᠢᠶᠠᠬᠤ   ᠪᠠᠷ  ᠶᠠᠪᠤᠭᠰᠠᠨ ᠰᠡᠯᠡᠭᠦᠦ   ᠪᠠᠷ  ᠪᠠᠳᠤ ᠸᠠᠩ   ᠤᠨ   ᠮᠤᠷᠢᠨ   ᠢ  ᠤᠨᠤᠵᠦ  ᠵᠢᠭᠤᠳᠠᠵᠠᠢ  ᠃ ᠮᠠᠷᠭᠠᠰᠢ ᠨᠢ  ᠬᠤᠶᠠᠷ ᠬᠦᠮᠦᠨ  ᠵᠤᠯᠭᠠᠨ  ᠠᠯᠠᠭ᠎ᠠ  ᠲᠠᠰᠢᠨ  ᠢᠨᠢᠶᠡᠵᠦ  ᠂ ᠡᠳᠦᠷᠵᠢᠨ  ᠪᠠᠶᠠᠰᠦᠨ ᠠᠷᠬᠢᠳᠠᠵᠠᠢ  ᠃ ᠪᠠᠳᠤ ᠸᠠᠩ  ᠬᠠᠶᠢᠯᠠᠨᠴᠠ ᠭᠦᠩ ᠤᠨ  ᠤᠷᠠᠨ  ᠤᠬᠠᠭᠠᠨ   ᠢ  ᠶᠡᠭᠡᠳᠡ ᠪᠢᠰᠢᠷᠡᠨ  ᠂ ᠦᠪᠡᠷ   ᠤᠨ  ᠮᠢᠩᠭᠠᠨ  ᠭᠠᠵᠠᠷ ᠶᠠᠪᠤᠬᠤ  ᠠᠷᠭᠤᠮᠠᠭ  ᠬᠦᠯᠦᠭ   ᠢᠶᠠᠨ  ᠲᠤᠷᠳᠠᠶ᠎ᠠ ᠪᠡᠯᠭᠡᠯᠡᠵᠠᠢ᠃  ᠲᠡᠭᠡᠷᠡᠬᠢ    ᠤᠴᠠᠷᠠᠯ  ︿︿  ᠠᠭᠤᠳᠠᠮ ᠠᠮᠤᠭᠤᠯᠠᠩ   ᠲᠡᠮᠳᠡᠭᠡᠯᠡᠯ  ﹀﹀ ᠳᠠᠬᠢ  ᠴᠠᠢ ᠱᠤᠤ  ᠳ᠋ᠢ  ︿︿ᠮᠤᠷᠢ   ᠬᠤᠯᠠᠭᠠᠶᠢᠯᠠᠭᠰᠠᠨ  ﹀﹀ ᠲᠠᠢ  ᠤᠨᠴᠠᠭᠠᠢ  ᠤᠶᠢᠷᠠᠯᠴᠠᠭ᠎ᠠ  ᠃ ᠡᠷᠳᠡ ᠡᠳᠦᠭᠡ   ᠢ  ᠠᠷᠤᠤᠬᠠᠨ  ᠪᠠᠭᠠᠳᠤᠳ  ᠦᠪᠡᠰᠦᠪᠡᠨ   ᠦᠯᠦ  ᠲᠠᠪᠠᠭᠤᠷᠠᠬᠤ   ᠪᠠᠷ  ᠬᠠᠤᠯᠠᠢ    ᠪᠤᠯᠭᠠᠨᠠᠮ᠃  ᠪᠦᠬᠦ  ᠵᠤᠬᠢᠶᠠᠯ   ᠢ  ᠤᠩᠰᠢᠰᠦ  ᠬᠡᠮᠡᠪᠡᠰᠦ  ᠴᠢᠩ  ᠤᠯᠤᠰ   ᠤᠨ  ᠵᠤᠤ   ᠯᠢᠶᠠᠨ   ᠤ ︿︿ᠱᠤᠤᠭᠢᠶᠠᠨ  ᠲᠠᠩᠬᠢᠮ ᠤᠨ  ᠲᠡᠮᠳᠡᠭᠡᠯᠡᠯ  ﹀﹀  ᠲᠦᠴᠢᠨ  ᠬᠤᠶᠠᠳᠤᠭᠠᠷ  ᠪᠦᠯᠦᠭ  ︿︿ ᠬᠠᠢ ᠴᠤᠤ  ᠶᠦᠩ ᠮᠤᠷᠢ  ᠬᠤᠯᠠᠭᠠᠶᠢᠯᠠᠭᠰᠠᠨ  ﹀﹀   ᠢ  ᠦᠵᠡᠭᠡᠷᠠᠢ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号