ᠪᠤᠷᠤᠭᠠᠨ ᠳᠤ ᠢᠯᠡᠭᠡᠬᠦ ᠪᠤᠳᠤᠯ ᠤᠨ ᠲᠠᠰᠤᠷᠠᠬᠠᠢ……
ᠨᠡᠶᠢᠲᠡᠯᠡᠭᠰᠡᠨ ᠴᠠᠭ᠄
2020-08-05
ᠨᠠᠨᠳᠢᠨ ᠪᠤᠷᠤᠭᠠᠨ ᠳᠤ ᠢᠯᠡᠭᠡᠬᠦ ᠪᠤᠳᠤᠯ ᠤᠨ ᠲᠠᠰᠤᠷᠠᠬᠠᠢ…… ᠨᠢᠭᠡ ᠴᠢᠮ᠎ᠠ ᠶᠢ ᠪᠢ ᠮᠦᠷᠦᠭᠡᠳᠴᠤ ᠪᠠᠶᠢᠨ᠎ᠠ ᠴᠢᠨᠤ ᠯᠡ ᠰᠡᠭᠦᠳᠡᠷ ᠲᠤᠤᠷ᠎ᠠ ᠡᠷᠭᠡᠯᠡᠬᠦ ᠴᠢᠨᠤ ᠯᠡ ᠠᠨᠢᠷ ᠢᠶᠠᠷ ᠬᠤᠷᠸ᠎ᠠ ᠠᠮᠢᠷᠯᠠᠵᠦ᠂ ᠵᠢᠰᠤ ᠪᠠᠨ ᠭᠤᠶᠤᠯᠠᠬᠤ ᠲᠡᠭᠡᠭᠡᠳ  ᠪᠢ ᠱᠤᠭᠤᠮᠠᠯ ᠰᠢᠭ᠋ ᠤᠳᠠᠳᠠᠯ᠎ᠠ ᠵᠤᠭᠰᠤᠵᠦ ᠴᠢᠨᠤ ᠲᠡᠷᠭᠡᠳᠡ ᠮᠢᠨᠢ ᠢᠷᠡᠭᠰᠡᠨ ᠢ ᠵᠦᠩ ᠢᠶᠠᠷ ᠢᠶᠠᠨ ᠮᠡᠳᠡᠷᠡᠬᠦ…… ᠬᠤᠶᠠᠷ ᠴᠢᠨᠤ ᠲᠠᠰᠤᠯᠬᠠᠨ ᠦᠨᠦᠷ ᠦᠨᠦᠰᠳᠡᠵᠦ ᠪᠠᠶᠢᠭ᠎ᠠ ᠰᠢᠭ᠋ ᠴᠢᠬᠢᠭ ᠲᠠᠢ ᠰᠠᠯᠬᠢ᠂ ᠴᠢᠨᠤ ᠲᠠᠰᠤᠯᠬᠠᠨ ᠲᠦᠷᠢ ᠪᠦᠷᠦᠯᠵᠡᠵᠦ ᠪᠠᠶᠢᠭ᠎ᠠ ᠰᠢᠭ᠋ ᠡᠭᠦᠯᠡ ᠲᠠᠢ ᠤᠭᠳᠠᠷᠭᠤᠢ᠂ ᠴᠢᠨᠤ ᠲᠠᠰᠤᠯᠬᠠᠨ ᠲᠠᠭᠤᠨ ᠲᠤᠭᠤᠯᠳᠠᠵᠦ ᠡᠬᠢᠯᠡᠯ᠎ᠡ ᠪᠤᠷᠤᠭᠠᠨ ᠤ ᠰᠢᠪᠡᠷᠡᠭᠡ…… ᠭᠤᠷᠪᠠ ᠦᠷᠬᠦᠯᠵᠢᠯᠡᠬᠦ ᠪᠤᠷᠤᠭᠠᠨ ᠤ ᠬᠠᠮᠳᠦ ᠦᠭᠡᠶᠢᠯᠡᠭᠰᠡᠨ ᠰᠡᠳᠬᠢᠯ ᠴᠢᠨᠢ ᠨᠠᠳᠠ ᠲᠡᠭᠡᠷ᠎ᠡ ᠠᠰᠬᠠᠷᠠᠨ᠎ᠠ᠂ ᠦᠯᠢᠭᠡᠷ ᠤᠨ ᠲᠤᠮᠤᠭ ᠮᠡᠳᠦ ᠮᠦᠷᠦᠭᠡᠳᠦᠯ ᠤᠨ ᠵᠡᠭᠦᠳᠦᠨ ᠴᠢᠨᠢ ᠰᠤᠯᠤᠩᠭᠠᠨ ᠲᠤᠯᠤᠭᠠᠨ ᠦᠩᠭᠡ ᠪᠠᠷ ᠵᠢᠷᠤᠭᠯᠠᠭᠳᠠᠨ᠎ᠠ᠂ ᠦᠩᠭᠡᠷᠡᠭᠰᠡᠨ ᠰᠦᠨᠢ ᠴᠢᠨᠤ ᠭᠠᠯ ᠤᠯᠠᠭᠠᠨ ᠵᠡᠭᠦᠳᠦᠨ ᠶᠢᠷᠳᠢᠨᠴᠤ ᠪᠠᠷ ᠵᠤᠷᠴᠢᠬᠤ ᠳᠤ ᠲᠡᠩᠳᠡᠭᠦᠦ ᠢᠨᠠᠭᠬᠠᠨ ᠪᠤᠯᠬᠤᠷ ᠪᠤᠷᠤᠭᠠᠨ ᠤᠯᠠᠮ ᠱᠠᠭᠠᠬᠢᠬᠤ…… ᠲᠦᠷᠪᠡ ᠪᠤᠷᠤᠭᠠᠨ ᠲᠠᠢ ᠬᠠᠮᠳᠦ  ᠱᠠᠬᠢᠬᠤ ᠶᠤᠮ ᠰᠠᠨ ᠬᠠᠶᠢᠷᠠᠳᠦ ᠮᠢᠨᠢ᠂ ᠪᠦᠯᠢᠶᠡᠭᠡᠨ  ᠤᠷᠤᠭᠤᠯ ᠤᠨ ᠴᠢᠨᠢ ᠠᠨᠢᠷ ᠢᠶᠠᠷ ᠵᠢᠩᠳᠡᠭᠦᠭᠡᠨ ᠠᠭᠠᠷ ᠢ ᠤᠮᠠᠷᠳᠠᠵᠦ ᠪᠤᠷᠬᠠᠨ ᠤ ᠬᠠᠶᠢᠷᠠᠯᠠᠭᠰᠠᠨ ᠷᠠᠰᠢᠶᠠᠨ ᠳᠤ ᠴᠡᠴᠡᠭᠡᠰ ᠲᠡᠯᠭᠡᠷᠡᠳᠡᠯ᠎ᠡ ᠵᠤᠭᠰᠤᠬᠤ ᠶᠤᠮ ᠰᠠᠨ ᠬᠠᠨᠢ ᠮᠢᠨᠢ…… ᠲᠠᠪᠤ ᠪᠤᠷᠤᠭᠠᠨ ᠤ ᠲᠠᠷᠠᠭᠠᠬᠢ ᠬᠤᠷᠸ᠎ᠠ ᠰᠢᠨ᠎ᠡ ᠪᠡᠷᠢ ᠰᠢᠭ ᠪᠤᠯᠤᠷ ᠲᠤᠩᠭᠠᠯᠠᠭ ᠠᠭᠠᠷ ᠨᠢ ᠲᠠᠭᠦᠨ ᠤ ᠰᠠᠶᠢᠬᠠᠨ ᠠᠭᠠᠯᠢ ᠰᠢᠭ᠋᠂ ᠤᠷᠭᠤᠬᠤ ᠤᠯᠠᠭᠠᠨ ᠨᠠᠷᠠ ᠨᠢ ᠲᠤᠯᠤᠭᠠᠢ ᠳᠤ ᠪᠠᠨ ᠵᠡᠭᠦᠭᠰᠡᠨ ᠠᠯᠴᠢᠭᠤᠷ ᠰᠢᠭ᠋᠂ ᠤᠭᠠᠯᠵᠠᠯᠠᠬᠤ ᠤᠷᠤᠰᠬᠠᠯᠳᠦ ᠭᠤᠤᠯ ᠨᠢ ᠴᠡᠩᠭᠡᠷ ᠲᠤᠷᠳᠤᠩ ᠪᠦᠰᠡ ᠨᠢ ᠰᠢᠭ᠂ ᠤᠰᠤᠨ ᠳᠤ ᠬᠢᠯᠳᠤᠭᠠᠨᠠᠬᠤ ᠴᠢᠯᠠᠭᠤᠳ ᠨᠢ ᠴᠢᠬᠢᠨ ᠳᠤ ᠨᠢ ᠵᠡᠭᠦᠭᠰᠡᠨ ᠭᠤᠶᠤᠯᠠᠯ ᠰᠢᠭ᠋᠂ ᠠᠭᠤᠳᠠᠮ ᠨᠤᠭᠤᠭᠠᠨ ᠲᠠᠯ᠎ᠠ ᠨᠢ ᠤᠷᠠᠯᠠᠨ ᠤᠶᠤᠭᠰᠠᠨ ᠲᠡᠷᠯᠢᠭ ᠨᠢ ᠰᠢᠭ᠂ ᠰᠢᠪᠠᠭᠤᠳ ᠤᠨ ᠬᠦᠭᠡᠷᠦᠬᠦᠨ ᠵᠢᠷᠬᠢᠭᠡ ᠨᠢ ᠬᠠᠨᠢ ᠳᠤ ᠪᠠᠨ ᠡᠷᠬᠡᠯᠡᠬᠦ  ᠲᠤᠨᠢᠷᠬᠠᠯ  ᠰᠢᠭ᠋᠂ ᠰᠢᠬᠦᠳᠡᠷᠢ ᠶᠢᠨ ᠤᠶᠠᠬᠠᠨ ᠮᠦᠬᠦᠯᠢᠭ ᠨᠢ ᠨᠤᠳᠤᠭ   ᠢᠶᠠᠨ ᠰᠠᠨᠠᠭᠰᠠᠨ ᠨᠢᠯᠪᠤᠰᠤ ᠰᠢᠭ᠋᠂ ᠨᠠᠭᠤᠷ ᠤᠨ ᠠᠮᠤᠭᠤᠯᠠᠩ ᠬᠤᠨ ᠨᠢ ᠠᠮᠢᠳᠤᠷᠠᠯ ᠤᠨ ᠪᠤᠷᠤ ᠵᠢᠷᠤᠭᠯᠠᠯ ᠰᠢᠭ᠋᠂ ᠨᠢᠭᠡᠨ ᠰᠢᠨᠡᠭᠡᠨ ᠦᠷᠯᠦᠭᠡ ᠰᠠᠶᠢᠬᠠᠨ ᠡᠬᠢᠯᠡᠯ ᠲᠠᠢ ᠡᠶᠢᠮᠦᠷᠬᠦ ᠯᠡ  ᠪᠠᠶᠢᠬᠤ… ᠵᠢᠷᠭᠤᠭ᠎ᠠ ᠢᠨᠢᠶᠡᠮᠰᠦᠭᠯᠡᠬᠦ ᠳᠤ ᠨᠢ ᠲᠤᠳᠤᠷᠠᠬᠤ ᠲᠡᠷᠡ ᠪᠦᠰᠡᠭᠦᠢ ᠶᠢᠨ ᠬᠠᠴᠠᠷ ᠤᠨ ᠬᠤᠨᠳᠠᠭ᠎ᠠ ᠰᠢᠭ᠋᠂ ᠶᠢᠷᠳᠢᠨᠴᠤ ᠳᠤ ᠢᠷᠡᠭᠰᠡᠨ ᠮᠦᠷ ᠢ ᠴᠢᠨᠢ ᠦᠭᠡᠶᠢᠯᠡᠵᠦ ᠡᠭᠡᠷᠡᠮ᠎ᠡ ᠲᠠᠯ᠎ᠠ᠂ ᠭᠤᠪᠢ ᠪᠠᠯᠠᠷ ᠢᠶᠠᠷ ᠡᠷᠢᠵᠦ ᠴᠦᠬᠦᠯ᠎ᠡ ᠴᠢᠮ᠎ᠠ ᠶᠢ ᠪᠠᠨ᠂ ᠴᠢᠮ᠎ᠠ ᠶᠢ ᠮᠦᠷᠦᠭᠡᠳᠴᠤ ᠵᠢᠷᠦᠭᠡ ᠮᠢᠨᠢ ᠡᠮᠵᠡᠭᠯᠡᠬᠦ ᠪᠤᠢ ᠭᠡᠵᠦ ᠴᠢᠪ ᠴᠢᠮᠡᠭᠡ ᠦᠭᠡᠢ ᠠᠶᠠᠷᠯᠠᠵᠦ ᠤᠳᠬᠤ ᠳᠤ ᠪᠠᠨ ᠴᠢᠩ ᠬᠠᠯᠠᠭᠤᠨ ᠬᠠᠶᠢᠷ᠎ᠠ ᠪᠠᠨ ᠤᠷᠬᠢᠪᠠ ᠤᠤ ᠴᠢ ᠮᠢᠨᠢ  ᠂ ᠨᠠᠷᠠ ᠲᠦᠭᠡᠨᠡᠭᠰᠡᠨ ᠡᠳᠦᠷ ᠤᠳ ᠲᠠᠩᠳᠠ ᠦᠷᠬᠦᠯᠵᠢᠯᠡᠭᠦ…         ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ                  ᠪᠤᠷᠤᠡᠤᠰᠤ ᠮᠤᠩᠭᠤᠯ ᠪᠠᠭ᠎ᠠ ᠰᠤᠷᠭᠠᠭᠤᠯᠢ        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号