ᠵᠢᠷᠭᠠᠯ
ᠨᠡᠶᠢᠲᠡᠯᠡᠭᠰᠡᠨ ᠴᠠᠭ᠄
2020-08-05
 ︵ᠬᠤᠯᠪᠣᠭ᠎ᠠ︶             ᠵᠢᠷᠭᠠᠯ            ᠬᠠ᠊   ᠠᠯᠲᠠᠨᠪᠣᠯᠠᠭ ᠠᠷᠠᠯᠲᠦ ᠬᠤᠭᠤᠷ ᠢᠶᠠᠨ ᠠᠳᠬᠤᠯ᠎ᠠ ᠳ᠋ᠠ ᠠᠶᠠᠯᠭᠤ ᠭᠦᠭ ᠢ ᠨᠢ ᠲᠠᠭᠠᠷᠠᠭᠤᠯᠣᠶ᠎ᠠ ᠳ᠋ᠠ ᠠᠭᠤᠳᠠᠮ ᠲᠠᠯ᠎ᠠ ᠪᠠᠨ ᠲᠠᠭᠤᠯᠠᠶ᠎ᠠ ᠳ᠋ᠠ ᠠᠯᠪᠠᠲᠠᠨ ᠵᠢᠷᠭᠠᠯ   ᠪᠠᠨ ᠰᠠᠨᠠᠭᠠᠯᠵᠠᠶ᠎ᠠ ᠳ᠋ᠠ          ᠬᠤᠭᠤᠷ ᠬᠦᠭᠵᠢᠮ ᠢᠶᠠᠨ ᠡᠭᠡᠰᠢᠭᠯᠡᠶ᠎ᠠ ᠳ᠋ᠠ          ᠬᠤᠯᠪᠣᠭ᠎ᠠ ᠰᠢᠯᠦᠭ ᠨᠢ   ᠢᠶᠠᠨ ᠣᠶᠠᠩᠭᠠᠯᠠᠶ᠎ᠠ ᠳ᠋ᠠ          ᠦᠵᠦᠮᠦᠴᠢᠨ ᠨᠣᠳᠤᠭ ᠲᠤ ᠪᠠᠨ  ᠮᠠᠭᠳᠠᠶ᠎ᠠ ᠳ᠋ᠠ          ᠦᠢᠯᠡᠰᠴᠢ ᠵᠢᠷᠭᠠᠯ ᠢᠶᠠᠨ ᠲᠣᠷᠠᠰᠣᠶ᠎ᠠ ᠳ᠋ᠠ ᠪᠠᠳᠠᠭ ᠪᠠᠳᠠᠭ ᠢᠶᠠᠷ ᠬᠤᠯᠪᠣᠶ᠎ᠠ ᠳ᠋ᠠ ᠪᠢᠯᠢᠭ ᠣᠶᠣᠨ ᠢᠶᠠᠨ ᠬᠦᠭᠵᠢᠬᠡᠶ᠎ᠡ ᠳ᠋ᠠ ᠪᠠᠭ᠋ᠠᠳᠦᠯᠲᠦ ᠨᠣᠳᠤᠭ ᠢᠶᠠᠨ ᠰᠢᠯᠦᠭᠯᠡᠶ᠎ᠠ ᠳ᠋ᠠ ᠪᠠᠭᠠᠳᠣᠷ ᠵᠢᠷᠭᠠᠯ ᠢᠶᠠᠨ ᠠᠯᠳᠠᠷᠰᠢᠭᠤᠯᠣᠶ᠎ᠠ ᠳ᠋ᠠ         ᠦᠯᠦᠬᠡᠢ ᠪᠣᠯᠣᠭᠰᠠᠨ ᠨᠣᠳᠤᠭ ᠨᠢ         ᠡᠳᠡᠭᠡᠳ ‍ᠣᠨ‌‍ᠰᠠᠶᠢᠬᠠᠨ ᠬᠤᠷᠴᠢᠨ ᠶᠤᠮ         ᠦᠰᠴᠦ ᠲᠦᠷᠦᠭᠰᠡᠨ ᠭᠠᠵᠠᠷ ᠨᠢ         ᠦᠵᠦᠮᠦᠴᠢᠨ ᠤ ᠰᠠᠷᠠᠭᠤᠯ ᠲᠠᠯ᠎ᠠ ᠶᠤᠮ  ᠠᠰᠠᠷᠠᠵᠦ ᠡᠨᠡᠷᠢᠨ ᠪᠣᠶᠢᠵᠢᠭᠤᠯᠣᠭᠰᠠᠨ  ᠠᠭᠤᠣ ᠬᠤᠶᠠᠷ ᠪᠣᠭᠤᠷᠣᠯ ᠲᠠᠢ  ᠶᠤᠮ  ᠠᠯᠳᠠᠨ ᠲᠡᠯᠡᠬᠡᠢ ᠳᠤ ᠵᠠᠶᠠᠭᠠᠭᠰᠠᠨ  ᠠᠩᠭᠢᠷ ᠲᠠᠪᠤᠨ‌ᠡᠭᠡᠴᠢ ᠲᠡᠭᠦᠣᠰ ᠲᠠᠢ ᠶᠤᠮ           ᠣᠨᠠᠭᠠᠨ ᠪᠠᠭ᠎ᠠ ᠨᠠᠰᠣᠨ ᠠᠴᠠ ᠪᠠᠨ          ᠣᠶᠣᠨ ᠰᠣᠶᠣᠯ ᠳᠤ ᠰᠢᠮᠡᠳᠡᠭᠰᠡᠨ ᠶᠤᠮ          ᠣᠷᠢ ᠵᠠᠯᠠᠭᠤ ᠦᠶ᠎ᠡ ᠠᠴᠠ ᠪᠠᠨ          ᠣᠬᠠᠭᠠᠨ ᠵᠠᠩ ᠪᠠᠷ ᠪᠣᠯᠪᠠᠰᠣᠷᠠᠭᠰᠠᠨ ᠶᠤᠮ ᠡᠷᠳᠡᠮ ᠨᠣᠮ ᠢᠶᠠᠨ ᠰᠣᠷᠣᠭᠠᠳ ᠡᠭᠡ ᠨᠣᠳᠤᠭ ᠲᠠᠭᠠᠨ ᠪᠣᠴᠠᠭᠰᠠᠨ ᠶᠤᠮ ᠡᠭᠡᠯ ᠵᠢᠷ ᠤᠨ ᠠᠯᠪᠠᠲᠠᠨ ᠢᠶᠠᠷ ᠦᠪᠡᠷ ᠤᠨ ᠦᠢᠯᠡᠰ ᠢᠶᠠᠨ ᠪᠣᠯᠭᠠᠭᠰᠠᠨ ᠶᠤᠮ      ᠬᠤᠳᠠ ᠬᠦᠳᠡᠭᠡ ᠭᠤᠯᠣᠯ ᠦᠬᠡᠢ      ᠬᠤᠶᠢᠰᠢ ᠣᠬᠤᠷᠢᠯ ᠦᠬᠡᠢ ᠠᠵᠢᠯᠯᠠᠭᠰᠠᠨ ᠶᠤᠮ      ᠪᠠᠶᠠᠨ ᠶᠠᠳᠠᠭᠤ ᠬᠤᠪᠢᠶᠠᠯ ᠦᠬᠡᠢ      ᠪᠠᠭᠤᠵᠦ ᠰᠠᠭᠤᠨ ᠰᠠᠭᠠᠳᠠᠭᠰᠠᠨ ᠶᠤᠮᠪᠣᠷᠣᠭᠠᠨ ᠰᠠᠯᠬᠢ ᠳᠤ ᠴᠦᠬᠦᠷᠦᠯ ᠦᠬᠡᠢᠪᠣᠴᠠᠯᠳᠠ ᠦᠬᠡᠢ  ᠵᠢᠳᠭᠦᠭᠰᠡᠨ ᠶᠤᠮᠪᠣᠷᠬᠠᠨ ᠴᠠᠭᠠᠨ ᠰᠡᠳᠬᠢᠯ ᠢᠶᠠᠷᠪᠣᠶᠠᠨ ᠤ ᠦᠢᠯᠡᠰ ᠦᠢᠯᠡᠳᠦᠭᠰᠡᠨ ᠶᠤᠮ      ᠰᠠᠭᠤᠬᠤ ᠬᠡᠷ ᠢ ᠨᠢ ᠵᠠᠰᠠᠨ᠎ᠠ ᠬᠡᠳ      ᠰᠦᠨᠢ ᠡᠲᠦᠷ ᠦᠬᠡᠢ ᠬᠦᠶᠦᠳᠡᠭ ᠶᠤᠮ      ᠰᠠᠭᠤᠷᠢ ᠪᠦᠳᠦᠬᠡᠨ ᠪᠠᠶᠢᠭᠤᠯᠣᠯᠳᠠ ᠬᠡᠳ      ᠰᠡᠳᠬᠢᠯ ᠵᠢᠷᠦᠬᠡ ᠪᠠᠨ ᠴᠢᠯᠡᠭᠡᠭᠰᠡᠨ ᠶᠤᠮᠴᠠᠷᠲᠠᠮᠠᠯ ᠵᠡᠮ ᠵᠠᠰᠠᠭᠠᠳᠬᠦᠳᠡᠭᠡ ᠨᠣᠳᠤᠭ ᠢᠶᠠᠨ ᠴᠡᠴᠡᠭᠯᠡᠭᠦᠯᠦᠭᠰᠡᠨ ᠶᠤᠮᠴᠠᠬᠢᠯᠭᠠᠨ ᠳ᠋ᠸᠡᠭ ᠬᠡᠷᠡᠯᠲᠦᠬᠦᠯᠦᠭᠡᠳᠬᠦᠮᠦᠨ ᠠᠷᠠᠳ ᠢᠶᠠᠨ ᠪᠠᠶᠠᠰᠬᠠᠭᠰᠠᠨ ᠶᠤᠮ      ᠬᠦᠭᠰᠢᠳ ᠨᠠᠰᠣᠳᠠᠳ ᠲᠠᠢ ᠵᠣᠭᠤᠭᠳᠠᠭᠠᠳ      ᠬᠦᠳᠡᠭᠡ ᠭᠠᠳᠠᠭ᠎ᠠ ᠦᠬᠡᠢ ᠢᠨᠢᠶᠡᠯᠳᠦᠳᠡᠭ ᠶᠤᠮ      ᠬᠡᠣᠭᠡᠳ ᠵᠠᠯᠠᠭᠤᠴᠣᠳ ᠲᠠᠢ ᠬᠦᠬᠡᠷᠦᠯᠳᠦᠬᠡᠳ      ᠬᠦᠮᠦᠨ ᠤ ᠦᠪᠡᠷ ᠤᠨ ᠦᠬᠡᠢ ᠨᠠᠷᠭᠢᠯᠳᠣᠳᠠᠭ ᠶᠤᠮᠠᠪᠤ ᠡᠵᠢ ᠪᠠᠨ ᠭᠦᠨᠳᠦᠯᠡᠭᠡᠳᠠᠰᠠᠷᠠᠯ ᠤᠨ ᠰᠠᠶᠢᠨ ᠢᠶᠠᠷ ᠠᠴᠢᠯᠠᠳᠠᠭ ᠶᠤᠮᠠᠷᠦ ᠬᠡᠷ ᠢᠶᠠᠨ ᠣᠷᠬᠢᠭᠠᠳᠠᠷᠠᠳ ᠤᠨ ᠢᠶᠠᠨ ᠶᠠᠪᠣᠳᠠᠯ ᠳᠤ ᠶᠠᠭᠠᠷᠠᠳᠠᠭ ᠶᠤᠮ      ᠠᠵᠢᠯ ᠤᠨ ᠪᠠᠶᠢᠷᠢ ᠪᠠᠨ ᠰᠠᠬᠢᠭᠠᠳ      ᠠᠮᠠᠷᠠᠵᠦ ᠰᠠᠭᠤᠯ ᠦᠬᠡᠢ ᠴᠢᠷᠮᠠᠶᠢᠳᠠᠭ ᠶᠤᠮ      ᠠᠮᠵᠢᠯᠳᠠ ᠪᠦᠳᠦᠬᠡᠯ ᠭᠠᠷᠭᠠᠨ᠎ᠠ ᠬᠡᠳ      ᠡᠲᠦᠷ ᠰᠦᠨᠢ ᠦᠬᠡᠢ ᠵᠢᠳᠬᠦᠳᠡᠭ ᠶᠤᠮᠣᠯᠠᠶᠢᠷᠠᠭᠠᠳ ᠢᠷᠡᠭᠰᠡᠨ ᠲᠦᠢᠮᠡᠷ ᠢᠣᠷᠣᠭᠰᠢ ᠲᠠᠪᠰᠢᠨ ᠬᠤᠷᠢᠭᠯᠠᠭᠰᠠᠨ ᠶᠤᠮᠣᠩᠭᠤᠨ ᠰᠠᠶᠢᠬᠠᠨ ᠨᠣᠳᠤᠭ ᠢᠶᠠᠨᠠᠯᠳᠠᠨ ᠠᠮᠢ ᠪᠠᠨ ᠢᠶᠠᠨ ᠬᠠᠮᠠᠭᠠᠯᠠᠭᠰᠠᠨ ᠶᠤᠮ          ᠠᠭᠤᠣ ᠨᠠᠮ ᠤᠨ ᠲᠤᠭ ᠢ          ᠠᠭᠤᠳᠠᠮ ᠲᠠᠯ᠎ᠠ ᠳᠠᠭᠠᠨ ᠲᠦᠷᠡᠯᠵᠡᠬᠦᠯᠦᠭᠰᠡᠨ ᠶᠤᠮ          ᠠᠷᠠᠳ ᠤᠨ ᠠᠯᠪᠠᠲᠠᠨ ᠤ ᠵᠢᠳᠬᠦᠯ ᠢ          ᠠᠷᠢᠭᠤᠨ ᠲᠡᠣᠭᠡᠨ ᠳᠤ ᠪᠢᠴᠢᠭᠯᠡᠭᠰᠡᠨ ᠶᠤᠮᠠᠯᠪᠠᠳᠠᠨ ᠬᠦᠮᠦᠨ ᠤ ᠲᠦᠷᠬᠦ ᠶᠢᠣᠯᠣᠰ ᠲᠦᠮᠡᠨ ᠳᠡᠭᠡᠨ ᠬᠠᠷᠠᠭᠤᠯᠣᠭᠰᠠᠨ ᠶᠤᠮᠠᠷᠢᠭᠤᠨ ᠠᠮᠢ ᠶᠢᠨ ᠦᠷᠳᠡᠭ ᠢᠠᠷᠠᠳ ᠣᠯᠠᠨ ᠳᠠᠭᠠᠨ ᠮᠡᠳᠡᠭᠦᠯᠦᠭᠰᠡᠨ ᠶᠤᠮ        ᠣᠩᠭᠤᠨ ᠰᠠᠶᠢᠬᠠᠨ ᠨᠣᠳᠤᠭ ᠢᠶᠠᠨ        ᠣᠷᠭᠤᠭ᠎ᠠ ᠴᠡᠴᠡᠭ ᠲᠠᠢ ᠨᠢ ᠦᠯᠡᠳᠡᠭᠡᠭᠰᠡᠨ ᠶᠤᠮ        ᠣᠷᠢ ᠵᠠᠯᠠᠭᠤ ᠢᠶᠠᠨ ᠭᠢᠯᠪᠠᠭ᠎ᠠ ᠶᠢ        ᠣᠴᠢᠯᠠᠬᠤ ᠦᠡᠯᠡᠰ ᠲᠠᠢ ᠵᠢᠷᠣᠭᠯᠠᠭᠰᠠᠨ ᠶᠤᠮᠬᠦᠮᠦᠨ ᠤ ᠰᠣᠳᠣᠬᠠᠨ ᠦᠷ᠎ᠡ ᠬᠡᠵᠦᠵᠢᠷᠭᠠᠯ ᠪᠠᠭᠠᠳᠣᠷ ᠢᠶᠠᠨ ᠲᠠᠭᠤᠯᠠᠯ᠎ᠠᠬᠦᠳᠡᠭᠡ ᠨᠣᠳᠤᠭ ᠤᠨ ᠡᠯᠢᠬᠡᠨ ᠳᠤᠬᠦᠷᠦᠭ ᠴᠢᠨᠳᠠᠷ ᠲᠤ ᠨᠢ ᠶᠣᠰᠣᠯᠠᠯ᠎ᠠ      ᠠᠮᠢ ᠪᠠᠷ ᠢᠶᠠᠨ ᠰᠣᠯᠢᠭᠰᠠᠨ ᠲᠠᠯ᠎ᠠ ᠴᠢᠨᠢ      ᠣᠷᠴᠢᠯᠠᠩ ᠳᠤ ᠮᠦᠩᠭᠡ ᠴᠡᠩᠬᠡᠷᠯᠡᠬᠦ ᠶᠤᠮ      ᠠᠯᠳᠠ ᠪᠠᠷ ᠰᠣᠯᠢᠬᠤ ᠦᠬᠡᠢ ᠴᠢᠨᠠᠷ ᠴᠢᠨᠢ      ᠠᠷᠠᠳ ᠤᠨ ᠲᠣᠮᠳᠠ ᠪᠠᠨ ᠮᠦᠩᠭᠡᠷᠡᠭᠦ ᠶᠤᠮ          2018   ᠣᠨ ᠤ  5 ᠰᠠᠷ᠎ᠠ   ᠶᠢᠨ 16 ᠳᠤ   ᠬᠠᠶ᠋ᠢᠭ   ᠰᠢᠯᠢᠨ ᠭᠤᠣᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠨᠡᠶᠢᠭᠡᠮᠯᠢᠭ   ᠬᠠᠷᠢᠯᠴᠠᠬᠤ ᠣᠳᠠᠰᠣ   13947957276
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号