ᠶᠢᠰᠦᠨ ᠰᠠᠷ᠎ᠠ ᠶᠢᠨ ᠨᠢᠭᠡᠨ
ᠨᠡᠶᠢᠲᠡᠯᠡᠭᠰᠡᠨ ᠴᠠᠭ᠄
2020-07-29
                   — ᠦᠢᠯᠡᠰ        ᠦᠨᠦᠳᠦᠷ ᠲᠡᠭᠷᠢ ᠲᠠᠯᠪᠢᠭᠤᠷᠠᠵᠤ ᠡᠬᠦᠯᠡᠰ ᠬᠦᠪᠪᠦᠯᠵᠡᠭᠰᠡᠨ ᠰᠠᠶᠢᠬᠠᠨ ᠡᠳᠦᠷ᠃ ᠬᠦᠮᠦᠰ ᠵᠦᠭ ᠪᠦᠷᠢ ᠠᠴᠠ ᠬᠤᠳᠠ ᠶᠢᠨ ᠮᠤᠩᠭᠤᠯ ᠴᠡᠴᠡᠷᠯᠢᠭ ᠲᠤ ᠬᠡᠦᠬᠡᠳ ᠢᠶᠠᠨ ᠬᠦᠷᠭᠡᠨ ᠢᠷᠡᠵᠦ ᠪᠠᠶᠢᠯ᠎ᠠ᠃    ᠭᠠᠨᠳᠢᠭᠪᠦ᠋ᠷᠬᠦᠳ ᠪᠤᠯᠤᠨ ᠨᠠᠷᠠᠨᠰᠠᠶᠢᠬᠠᠨ ᠬᠤᠶᠠᠷ ᠴᠤ ᠰᠠᠨᠠᠵᠤ ᠤᠳᠠᠭᠰᠠᠨ ᠲᠦᠯᠦᠪᠯᠡᠭᠡ ᠶᠤᠰᠤᠭᠠᠷ ᠭᠤᠷᠪᠠᠨ ᠨᠠᠰᠤᠳᠠᠢ ᠤᠮᠪᠤᠯᠤ ᠪᠠᠨ ᠴᠤᠯ ᠮᠤᠩᠭᠤᠯ ᠠᠩᠬᠢ ᠳᠤ ᠨᠢ ᠬᠦᠷᠭᠡᠵᠦ ᠦᠭᠭᠦᠭᠡᠳ ᠪᠤᠴᠠᠬᠤ ᠳᠠᠭᠠᠨ ᠠᠮᠢᠳᠤ ᠶᠠᠪᠤᠬᠤ ᠡᠨᠡ ᠨᠠᠰᠤᠨ ᠤ ᠬᠠᠮᠤᠭ ᠵᠠᠩᠬᠢᠯᠭ᠎ᠠ ᠶᠢᠨ ᠨᠢᠭᠡ ᠠᠰᠠᠭᠤᠳᠠᠯ ᠢ ᠦᠭᠡᠳᠡ ᠮᠦᠷ ᠲᠠᠢ ᠬᠦᠢᠴᠡᠳ ᠰᠠᠶᠢᠬᠠᠨ ᠪᠡᠶᠡᠯᠡᠬᠦᠯᠦᠭᠰᠡᠨ ᠪᠤᠯᠵᠤ ᠬᠤᠭᠤᠷᠤᠨᠳᠤ ᠪᠠᠨ ᠦᠬᠡ ᠵᠤᠭᠤᠭ ᠲᠠᠢ ᠶᠠᠪᠤᠨ᠎ᠠ᠃   — ᠮᠤᠩᠭᠤᠯᠰᠠᠨᠠᠭ᠎ᠠ ᠮᠢᠨᠢ ᠦᠨᠦᠳᠦᠷ ᠠᠴᠠ ᠡᠬᠢᠯᠡᠵᠦ ᠴᠡᠴᠡᠷᠯᠢᠭ ᠤᠨ ᠬᠡᠦᠬᠡᠳ ᠪᠤᠯᠴᠢᠬᠠᠯ᠎ᠠ᠃ ᠬᠤᠵᠢᠮ ᠳᠤ ᠨᠢᠭᠡ ᠦᠪᠡᠷ ᠤᠨ ᠢᠶᠠᠨ ᠦᠬᠡ ᠬᠡᠯᠡ ᠲᠠᠢ ᠬᠦᠮᠦᠨ ᠪᠤᠯᠤᠨ᠎ᠠ ᠳ᠋ᠡ︕ ᠬᠦᠭᠡᠷᠦᠬᠦᠢ ᠮᠢᠨᠢ ᠭᠡᠭᠰᠡᠭᠡᠷ ᠭᠠᠨᠳᠢᠭᠪᠦ᠋ᠷᠬᠦᠳ ᠨᠢᠭᠡ ᠤᠳᠠᠭᠠᠨ ᠤ ᠢᠯᠡᠵᠦ ᠢᠯᠠᠭᠳᠠᠬᠤ ᠶᠢᠨ ᠪᠠᠴᠢᠮ ᠲᠤᠯᠤᠯᠲᠤᠭᠠᠨ ᠳᠤ ᠠᠩᠬᠠᠨ ᠤ ᠰᠢᠪᠲᠤᠯᠤᠯᠲᠠ ᠬᠢᠭᠰᠡᠨ ᠬᠤᠰᠢᠭᠤᠴᠢ ᠪᠠᠶᠢᠯᠳᠤᠭᠴᠢ ᠶᠤᠮᠰᠢᠭ ᠬᠦᠭᠰᠢᠨ ᠵᠦᠭ ᠢᠶᠠᠨ ᠬᠦᠭᠵᠢᠯᠳᠡᠢ ᠬᠠᠷᠠᠵᠤ ᠮᠡᠯᠮᠡᠯᠵᠡᠳᠡᠯ᠎ᠡ ᠢᠨᠢᠶᠠᠮᠰᠦᠭᠯᠡᠵᠦ ᠭᠠᠷᠪᠠ᠃   — ᠴᠢ ᠭᠡᠵᠢ ᠳ᠋ᠡ︕ ᠠᠮᠠᠷ ᠴᠤ ᠦᠬᠡᠢ ᠶᠢᠨ ᠨᠢᠭᠡᠨ ᠶᠤᠮ ᠡ᠃ ᠲᠦᠷᠦᠭᠰᠡᠨ ᠬᠦᠦ ᠲᠠᠢ ᠪᠠᠨ ᠤᠮᠪᠤᠯᠤ ᠪᠠᠨ ᠪᠤᠯᠢᠶᠠᠯᠳᠤᠵᠤ ᠦᠬᠦᠬᠦ ᠢᠶᠠᠷ ᠢᠶᠠᠨ ᠰᠢᠬᠠᠮᠳᠠᠭᠤᠯᠵᠤ ᠪᠠᠶᠢᠭᠠᠳ ᠵᠠᠪᠠᠯ ᠮᠤᠩᠭᠤᠯ ᠢᠶᠠᠷ ᠰᠤᠷᠭᠠᠨ᠎ᠠ ᠭᠡᠳᠡᠭ ᠴᠢᠨᠢ ᠡᠨᠡ ᠶᠢᠷᠳᠢᠨᠴᠦ ᠳᠤ ᠪᠠᠷᠤᠭ ᠴᠢ ᠯᠡ ᠭᠠᠭᠴᠠᠭᠠᠷ ᠪᠠᠶᠢᠯᠭᠤᠢ ᠭᠡᠳ ᠦᠪᠡᠷ ᠤᠨ ᠡᠷᠬᠡ ᠦᠬᠡᠢ ᠦᠷ᠎ᠡ ᠶᠢᠨ ᠭᠠᠭᠴᠠ ᠬᠦᠦ  ᠪᠠᠨ ᠦᠷᠦᠪᠳᠦᠨ ᠡᠬᠢᠯᠡᠵᠦ ᠰᠠᠨᠠᠭ᠎ᠠ ᠠᠯᠲᠠᠭᠰᠠᠨ ᠪᠤᠯᠪᠠᠴᠤ ᠴᠠᠭᠠᠨ᠎ᠠ ᠪᠠᠨ ᠪᠠᠰᠠ ᠡᠪᠦᠭᠡᠨ ᠠᠴᠠ ᠪᠠᠨ ᠲᠤᠲᠠᠭᠤ ᠦᠬᠡᠢ ᠪᠠᠶᠠᠰᠤᠯ ᠬᠦᠷᠴᠦ ᠪᠠᠶᠢᠭᠰᠠᠨ ᠨᠢ ᠢᠯᠡᠷᠬᠡᠢ᠃   ᠡᠪᠦᠭᠡᠨ ᠬᠦᠭᠰᠢᠨ ᠬᠤᠶᠠᠷ ᠲᠤ ᠠᠷᠠᠭᠠᠮᠵᠢᠶ᠎ᠠ ᠭᠡᠳᠡᠭ ᠭᠠᠭᠴᠠᠬᠠᠨ ᠬᠦᠦ ᠲᠠᠢ᠃ ᠬᠤᠳᠠ ᠭᠠᠵᠠᠷ ᠦᠰᠴᠦ ᠬᠢᠳᠠᠳ ᠬᠡᠯᠡ ᠲᠠᠢ ᠮᠤᠩᠭᠤᠯ ᠬᠦᠮᠦᠨ ᠤ ᠨᠢᠭᠡᠨ ᠪᠤᠯᠵᠠᠢ᠃ ᠪᠠᠭ᠎ᠠ ᠳᠠᠭᠠᠨ ᠭᠡᠷ ᠵᠠᠭᠤᠷ᠎ᠠ ᠳᠠᠭᠠᠨ ᠠᠪᠤ ᠡᠵᠢ ᠲᠠᠢ  ᠪᠠᠨ ᠮᠤᠩᠭᠤᠯ ᠢᠶᠠᠷ ᠢᠶᠠᠨ ᠬᠡᠯᠡᠯᠴᠡᠵᠦ ᠶᠠᠷᠢᠳᠠᠭ ᠪᠠᠶᠢᠭᠰᠠᠨ ᠪᠤᠯᠪᠠᠴᠤ ᠰᠡᠬᠦᠯ ᠰᠡᠬᠦᠯ ᠳᠡᠭᠡᠨ ᠦᠪᠡᠷ ᠤᠨ ᠨᠡᠷ᠎ᠡ  ᠳᠡᠭᠡᠨ ᠬᠦᠷᠳᠡᠯ᠎ᠡ ᠶᠠᠷᠰᠢᠭᠯᠠᠬᠤ ᠪᠤᠯᠤᠭᠰᠠᠨ ᠨᠢ ᠡᠪᠦᠭᠡᠨ ᠬᠦᠭᠰᠢᠨ ᠬᠤᠶᠠᠭᠤᠯᠠ ᠶᠢᠨ ᠶᠠᠭᠠᠬᠢᠭᠰᠠᠨ ᠴᠤ ᠵᠠᠰᠠᠭᠤᠯᠬᠤ ᠠᠪᠬᠤ ᠤᠴᠢᠷᠳᠠᠢ ᠰᠡᠳᠬᠢᠯ ᠤᠨ ᠬᠦᠨᠳᠦ ᠭᠡᠮ ᠪᠤᠯᠪᠠ᠃     ᠡᠬᠦᠨ ᠢ ᠴᠤ ᠪᠠᠰᠠ ᠶᠠᠭᠠᠬᠢᠯᠳᠠᠢ ᠶᠤᠮ ᠪᠢᠯᠡ᠃ ᠲᠡᠷᠡᠬᠦ ᠰᠢᠷᠦᠶᠢᠨ ᠲᠦᠮᠡ ᠪᠠᠷ ᠭᠠᠭᠴᠠ ᠬᠡᠯᠡᠨ ᠳᠤ ᠬᠠᠵᠠᠶᠢᠭᠰᠠᠨ ᠶᠡᠭᠡ ᠨᠡᠶᠢᠭᠡᠮ ᠢ ᠡᠪᠦᠭᠡᠨ ᠬᠦᠭᠰᠢᠨ ᠡᠨᠡ ᠬᠤᠶᠠᠷ ᠬᠦᠮᠦᠨ ᠬᠦᠰᠢᠭᠡᠳ ᠲᠡᠶᠢᠯᠳᠡᠭ ᠶᠠᠭᠤᠮ᠎ᠠ ᠪᠢᠰᠢ᠂  ᠬᠤᠵᠢᠮ ᠰᠡᠬᠦᠯᠡᠷ ᠨᠠᠰᠤᠨ ᠳᠤ ᠬᠦᠷᠴᠦ ᠪᠡᠷᠢ ᠬᠡᠯᠡᠯᠴᠡᠬᠦ ᠦᠶ᠎ᠡ ᠳᠤ ᠨᠢ ᠶᠠᠭᠠᠬᠢᠵᠤ ᠪᠠᠶᠢᠭᠠᠳ ᠴᠤ  ᠵᠠᠪᠠᠯ ᠨᠢᠭᠡ ᠦᠪᠡᠷ ᠤᠨ ᠢᠶᠠᠨ ᠦᠬᠡ ᠬᠡᠯᠡ ᠲᠠᠢ ᠮᠤᠩᠭᠤᠯ ᠬᠡᠦᠬᠡᠨ ᠢᠶᠠᠨ ᠡᠷᠢᠵᠦ ᠦᠭᠭᠦ ᠲᠤᠬᠠᠢ ᠪᠤᠳᠤᠯᠭ᠎ᠠ ᠲᠤᠭᠲᠠᠵᠤ ᠬᠦᠦ  ᠲᠠᠢ ᠪᠠᠨ ᠬᠡᠷ᠎ᠡ ᠪᠢᠴᠢᠭ ᠤᠨ ᠪᠠᠳᠤᠯᠭ᠎ᠠ ᠬᠢᠵᠦ ᠠᠪᠤᠭᠰᠠᠨ ᠶᠤᠮ᠃     ᠲᠡᠭᠷᠢ ᠳᠤ ᠡᠬᠦᠯᠡ ᠭᠠᠷᠬᠤ ᠨᠢ ᠨᠢᠭᠡ ᠵᠦᠢ᠃ ᠲᠤᠤᠷ᠎ᠠ ᠨᠢ ᠠᠮᠢᠲᠤᠷᠠᠭᠰᠠᠨ ᠬᠦᠮᠦᠨ ᠴᠤ ᠬᠦᠳᠡᠯᠭᠡᠭᠡᠨ ᠲᠤᠮᠲᠠ ᠤᠷᠤᠰᠢᠳᠠᠭ ᠪᠤᠯᠬᠤᠷ ᠶᠠᠭᠤ ᠪᠦᠬᠦᠨ ᠰᠠᠨᠠᠭᠰᠠᠨ ᠢᠶᠠᠷ ᠪᠤᠯᠵᠤ ᠦᠭᠳᠡᠭ ᠦᠬᠡᠢ ᠨᠢ ᠵᠦᠩᠳᠡᠭᠡᠨ᠃ ᠬᠦᠦ  ᠨᠢ ᠬᠤᠳᠠ ᠭᠠᠵᠠᠷ ᠰᠡᠳᠬᠢᠯ ᠳᠤ ᠪᠠᠭᠤᠭᠰᠠᠨ ᠮᠤᠩᠭᠤᠯ ᠬᠡᠦᠬᠡᠨ ᠤᠯᠳᠠᠬᠤ ᠨᠢ ᠪᠡᠷᠭᠡ  ᠭᠡᠵᠦ ᠰᠢᠯᠲᠠᠭ ᠪᠢᠰᠢ ᠨᠦᠭᠦᠴᠡᠯ ᠲᠤᠷᠠᠳᠤᠭᠰᠠᠭᠠᠷ ᠪᠠᠶᠢᠵᠤ ᠡᠴᠦᠰ ᠲᠡᠭᠡᠨ ᠬᠠᠰᠢᠯ᠎ᠠ ᠡᠪᠦᠭᠡᠨ ᠬᠦᠭᠰᠢᠨ  ᠬᠤᠶᠠᠷ ᠢ ᠠᠷᠤ ᠪᠠᠷ ᠨᠢ ᠰᠠᠭᠤᠯᠭᠠᠵᠤ ᠨᠢᠭᠡᠨ ᠨᠠᠷᠢᠨ ᠨᠢᠷᠤᠭᠤ ᠲᠠᠢ ᠦᠨᠳᠦᠷ ᠰᠢᠷ᠎ᠠ ᠬᠡᠦᠬᠡᠨ ᠲᠠᠢ ᠨᠢᠭᠤᠴᠠ ᠪᠠᠷ ᠤᠷᠤᠭ ᠤᠨ ᠪᠠᠳᠤᠯᠠᠪᠤᠷᠢ ᠠᠪᠴᠤ ᠲᠠᠷᠠᠭ᠎ᠠ ᠵᠢᠯ ᠳᠤ ᠨᠢ ᠠᠰᠢᠬᠦᠢ ᠪᠤᠬᠠᠨ ᠴᠠᠭᠠᠨ ᠬᠦᠦ ᠲᠠᠢ ᠪᠤᠯᠤᠭᠰᠠᠨ ᠨᠢ ᠶᠠᠭᠤ ᠴᠤ ᠭᠡᠰᠡᠨ ᠡᠪᠦᠬᠡᠨ ᠬᠦᠭᠰᠢᠨ ᠤ ᠵᠢᠷᠦᠬᠡᠨ ᠡᠭᠡᠳᠡᠷᠡᠭᠡ ᠢ ᠨᠢᠭᠡ ᠬᠡᠮᠵᠢᠶᠡᠨ ᠳᠤ ᠨᠠᠮᠵᠢᠷᠠᠭᠤᠯᠤᠭᠠᠳ ᠵᠤᠯ ᠵᠢᠷᠭᠠᠯ ᠭᠡᠭᠴᠢ ᠶᠠᠭᠤ ᠪᠤᠯᠬᠤ ᠶᠢ ᠮᠡᠳᠡᠬᠦᠯᠵᠡᠢ᠃    ᠬᠦᠦ ᠳᠡᠭᠡᠨ ᠨᠢᠭᠡᠯ᠎ᠡ ᠢᠳᠡᠭᠡᠵᠦ᠂ ᠪᠠᠰᠠ ᠲᠤᠭᠲᠠᠭᠠᠭᠰᠠᠨ ᠬᠡᠷ᠎ᠡ ᠪᠢᠴᠢᠭ ᠲᠡᠭᠡᠨ ᠪᠠᠷᠳᠠᠮ ᠢᠳᠡᠭᠡᠵᠦ ᠪᠠᠶᠢᠭᠠᠳ ᠠᠷᠤ ᠲᠤᠬᠤ ᠪᠠᠷ ᠢᠶᠠᠨ ᠲᠠᠯᠪᠢᠭᠳᠠᠭᠰᠠᠨ ᠡᠪᠦᠭᠡᠨ ᠮᠠᠨᠢ ᠤᠮᠪᠤᠯᠤ ᠲᠠᠢ ᠪᠤᠯᠤᠭᠰᠠᠨ ᠬᠤᠶᠢᠨ᠎ᠠ ᠰᠢᠨ᠎ᠡ ᠨᠢᠭᠡ ᠰᠠᠨᠠᠭ᠎ᠠ ᠲᠦᠷᠦᠭᠳᠡᠵᠦ ᠤᠢ ᠲᠤᠯᠤᠭᠰᠠᠨ ᠡᠳᠦᠷ ᠨᠢ ᠤᠮᠪᠤᠯᠤ ᠪᠠᠨ ᠦᠪᠡᠷ ᠤᠨ ᠲᠠᠯ᠎ᠠ ᠳᠠᠭᠠᠨ ᠲᠤᠰᠴᠤ ᠠᠪᠴᠢᠷᠠᠪᠠ᠃ ᠦᠵᠡᠵᠦ ᠪᠠᠶᠢᠲᠠᠯ᠎ᠠ ᠤᠮᠪᠤᠯᠤ ᠨᠢ ᠭᠤᠷᠪᠠᠨ ᠤᠢ ᠲᠤᠯᠵᠤ ᠴᠡᠴᠡᠷᠯᠢᠭ ᠲᠤ ᠤᠷᠤᠬᠤ ᠪᠤᠯᠤᠭᠰᠠᠨ ᠳᠤ ᠬᠦᠦ ᠪᠤᠯᠤᠨ ᠪᠡᠷᠢ ᠬᠤᠶᠠᠭᠤᠯᠠ ᠨᠢ ᠵᠠᠪᠳᠠᠨ ᠢᠷᠡᠵᠦ ᠬᠢᠳᠡᠳ ᠴᠡᠴᠡᠷᠯᠢᠭ ᠲᠤ ᠬᠦᠷᠭᠡᠨ᠎ᠡ ᠭᠡᠵᠦ ᠬᠡᠳᠦᠨ ᠡᠳᠦᠷ ᠠᠭᠠᠰᠢ ᠠᠯᠳᠠᠭᠰᠠᠨ ᠪᠤᠯᠪᠠᠴᠤ ᠡᠪᠦᠭᠡᠨ ᠨᠢᠭᠡᠯᠭᠡᠨ ᠬᠦᠨᠳᠡᠯᠡᠨ ᠬᠦᠰᠢᠵᠦ ᠵᠦᠪᠰᠢᠶᠡᠷᠡᠨ᠎ᠡ ᠭᠡᠳᠡᠭ ᠦᠬᠡ ᠶᠢ ᠠᠮᠠᠨ ᠲᠤᠲᠤᠷ᠎ᠠ  ᠪᠠᠨ ᠲᠠᠰᠤ ᠵᠠᠭᠤᠭᠠᠳ ᠰᠢᠭᠤᠷᠬᠠᠢ ᠲᠤᠳᠤᠭᠰᠢᠪᠠᠨ ᠵᠠᠯᠬᠢᠪᠠ᠃    ᠡᠪᠦᠭᠡᠨ ᠤᠮᠪᠤᠯᠤ ᠶᠢ ᠮᠢᠨᠢ ᠬᠡᠷᠪᠡ ᠮᠠᠨ ᠤ ᠲᠠᠯ᠎ᠠ ᠠᠴᠠ ᠠᠪᠴᠤ ᠶᠠᠪᠤᠪᠠᠯ ᠪᠢ ᠲᠡᠨ ᠤ ᠬᠤᠶᠠᠷ ᠤᠨ ᠡᠮᠦᠨ᠎ᠡ ᠪᠠᠷᠢᠨ ᠲᠤᠯᠤᠭᠠᠢ ᠪᠠᠷ ᠢᠶᠠᠨ ᠬᠠᠨ᠎ᠠ ᠮᠦᠷᠬᠦᠵᠦ ᠦᠬᠦᠨ᠎ᠡ ᠬᠡᠮᠡᠨ ᠰᠦᠷᠳᠡᠬᠦᠯᠬᠦ ᠨᠢ ᠮᠡᠳᠦ᠂ ᠦᠨᠡᠨ ᠲᠡᠭᠡᠨ ᠴᠤ ᠪᠠᠰᠠ ᠲᠡᠶᠢᠮᠦ ᠶᠤᠮᠰᠢᠭ ᠬᠡᠳᠦ ᠤᠳᠠᠭ᠎ᠠ ᠵᠠᠭᠤᠳᠠᠯ ᠬᠠᠳᠠᠭᠤ ᠤᠷᠤᠯᠳᠤᠭᠰᠠᠨ ᠪᠠ ᠨᠢᠭᠡ ᠡᠳᠦᠷ ᠵᠤᠷᠢᠭᠤᠳᠠ ᠤᠨᠲᠠᠭᠤᠯᠬᠤ ᠡᠮ ᠪᠠᠨ ᠢᠯᠡᠬᠦᠦ ᠢᠳᠡᠵᠦ ᠵᠢᠷᠦᠬᠡᠨ ᠬᠠᠳᠬᠤᠭ᠎ᠠ ᠨᠢ ᠲᠠᠬᠢᠭᠠᠳ ᠡᠮᠨᠡᠯᠭᠡ ᠳᠤ ᠰᠠᠭᠤᠭᠰᠠᠨ ᠠᠴᠠ ᠬᠤᠶᠢᠰᠢ ᠬᠦᠦ ᠪᠤᠯᠤᠨ ᠪᠡᠷᠢ ᠬᠤᠶᠠᠷ ᠨᠢ ᠡᠪᠦᠭᠡᠨ ᠤ ᠰᠠᠨᠠᠭ᠎ᠠ ᠠᠴᠠ ᠵᠦᠷᠢᠴᠡᠵᠦ ᠲᠡᠶᠢᠯᠬᠦ ᠦᠬᠡᠢ ᠪᠤᠯᠤᠭᠰᠠᠨ ᠪᠠᠶᠢᠯ᠎ᠠ᠃   — ᠠᠷᠭᠠᠮᠵᠢᠶ᠎ᠠ ᠭᠡᠵᠦ ᠬᠠᠶᠢᠷ᠎ᠠ ᠪᠦᠬᠡᠷ᠎ᠡ ᠲᠠᠢ ᠨᠡᠷ᠎ᠡ ᠦᠭᠭᠦᠭᠡᠳ ᠠᠷᠭᠠᠮᠵᠢᠵᠤ ᠲᠡᠶᠢᠯᠦᠭᠰᠡᠨ ᠦᠬᠡᠢ ᠪᠤᠯᠪᠠᠴᠤ ᠤᠮᠪᠤᠯᠤ ᠪᠠᠨ ᠶᠠᠭᠠᠬᠢᠭᠰᠠᠨ ᠴᠤ ᠦᠪᠡᠷ ᠤᠨ ᠬᠢᠨ ᠦᠬᠡ ᠬᠡᠯᠡ ᠲᠠᠢ ᠪᠤᠯᠭᠠᠨ ᠠᠷᠭᠠᠮᠵᠢᠵᠤ ᠠᠪᠤᠨ᠎ᠠ᠃ ᠬᠡᠯᠡ ᠪᠠᠨ ᠠᠯᠳᠠᠪᠠᠯ ᠬᠦᠯ ᠢᠶᠠᠨ ᠠᠯᠲᠠᠭᠰᠠᠨ ᠭᠡᠵᠦ ᠮᠡᠳᠡ᠂ ᠬᠡᠯᠡ ᠦᠬᠡᠢ ᠬᠦᠮᠦᠨ ᠳᠤ ᠡᠬᠡ ᠨᠤᠳᠤᠭ ᠭᠡᠵᠦ ᠬᠠᠮᠢᠭ᠎ᠠ ᠪᠠᠶᠢᠳᠠᠭ ᠶᠤᠮ ᠪᠤᠢ︖ ᠡᠬᠡ ᠨᠤᠳᠤᠭ ᠪᠠᠰᠠ ᠦᠬᠡᠢ ᠬᠦᠮᠦᠨ ᠳᠤ ᠡᠪᠦᠭᠡ ᠲᠡᠭᠡᠳᠦᠰ ᠭᠡᠵᠦ ᠬᠠᠮᠢᠭ᠎ᠠ ᠪᠠᠶᠢᠬᠤ ᠶᠤᠮ ᠪᠤᠢ︖ ᠲᠡᠷᠡ ᠴᠢᠨᠢ ᠮᠠᠰᠢ ᠠᠶᠤᠯᠳᠠᠢ ᠶᠠᠪᠤᠳᠠᠯ ᠶᠤᠮ︕  ᠭᠠᠨᠳᠢᠭᠪᠦ᠋ᠷᠬᠦᠳ ᠤᠨ ᠦᠬᠡ ᠢᠩᠬᠢᠵᠤ ᠵᠠᠯᠭᠠᠪᠠ᠃     —  ᠲᠡᠶᠢᠮᠦ ᠦᠬᠡᠢ ᠨᠢ ᠶᠠᠭᠠᠬᠢᠬᠤ ᠪᠤᠢ᠃ ᠮᠠᠨ ᠤ ᠤᠮᠪᠤᠯᠤ ᠭᠡᠵᠦ ᠡᠪᠦᠭᠡ ᠲᠡᠭᠡᠳᠦᠰ ᠤᠨ ᠢᠶᠠᠨ ᠤᠢ ᠪᠢᠯᠢᠭ ᠢ ᠠᠪᠴᠤ ᠲᠦᠷᠦᠭᠰᠡᠨ  ᠠᠪᠬᠠᠯᠵᠢ ᠰᠡᠷᠬᠦᠯᠡᠩ ᠬᠡᠦᠬᠡᠳ ᠶᠤᠮ᠃ ᠲᠡᠭᠡᠷ᠎ᠡ ᠨᠢ ᠮᠠᠨ ᠲᠠᠢ ᠵᠠᠢ ᠦᠬᠡᠢ ᠲᠠᠰᠤᠭᠰᠠᠨ ᠲᠡᠳᠦᠢ ᠦᠬᠡᠢ ᠮᠤᠩᠭᠤᠯ ᠦᠬᠡ ᠬᠡᠯᠡ ᠲᠠᠢ ᠪᠠᠨ ᠴᠤᠭᠠᠷ ᠦᠰᠴᠦ ᠲᠤᠮᠤᠭᠤᠵᠢᠭᠰᠠᠨ ᠨᠢ ᠦᠨᠡᠭᠡᠷ ᠨᠢᠭᠡ ᠵᠢᠷᠭᠠᠯ ᠤᠨ ᠲᠤᠲᠤᠷᠠᠬᠢ ᠵᠢᠷᠭᠠᠯ ᠶᠤᠮ ᠡ︕ ᠨᠠᠷᠠᠨᠰᠠᠶᠢᠬᠠᠨ ᠡᠶᠢᠨᠬᠦ ᠨᠡᠮᠡᠵᠦ ᠬᠡᠯᠡᠨ᠎ᠡ᠃     ᠨᠠᠷᠠ ᠪᠠᠷᠠᠭᠤᠨᠰᠢ ᠬᠡᠯᠪᠡᠶᠢᠵᠦ ᠴᠠᠭ ᠤᠨ ᠵᠡᠬᠦᠦ ᠲᠦᠷᠪᠡ ᠬᠠᠭᠠᠰ ᠲᠡᠭᠡᠷ᠎ᠡ ᠵᠢᠭᠠᠵᠤ ᠪᠠᠶᠢᠯ᠎ᠠ᠃ ᠭᠠᠨᠳᠢᠭᠪᠦ᠋ᠷᠬᠦᠳ᠂ ᠨᠠᠷᠠᠨᠰᠠᠶᠢᠬᠠᠨ ᠬᠤᠶᠠᠭᠤᠯᠠ ᠠᠳᠬᠤᠨ ᠳᠠᠭᠠᠨ ᠪᠠᠶᠢᠭᠰᠠᠨ ᠪᠦᠬᠦ ᠶᠠᠭᠤᠮ᠎ᠠ ᠪᠠᠨ ᠠᠵᠢᠭ ᠦᠬᠡᠢ ᠴᠠᠰᠢ ᠲᠦᠯᠬᠢᠭᠡᠳ ᠤᠮᠪᠤᠯᠤ ᠳᠠᠭᠠᠨ ᠲᠠᠪᠬᠤᠷᠯᠠᠨ ᠡᠮᠦᠰᠭᠡᠬᠦ ᠬᠦᠬᠡ ᠲᠤᠷᠭᠠᠨ ᠲᠡᠷᠯᠢᠭ ᠢ ᠨᠢ ᠪᠠᠭᠯᠠᠵᠤ ᠠᠪᠤᠭᠰᠠᠨ  ᠢᠶᠠᠨ ᠶᠠᠭ ᠵᠠᠯᠠᠭᠤ ᠽᠠᠨᠳᠠᠨ ᠨᠠᠰᠤᠨ ᠳᠠᠭᠠᠨ ᠵᠢᠯᠤᠭᠤ ᠨᠡᠶᠢᠯᠡᠬᠦᠯᠦᠨ ᠬᠠᠮᠳᠤ ᠳᠠᠭᠠᠨ ᠲᠠᠪᠬᠢᠭᠤᠯᠳᠠᠭ ᠲᠠᠢ ᠪᠠᠨ ᠠᠳᠠᠯᠢ ᠦᠷᠢᠶ᠎ᠡ ᠮᠤᠷᠢᠨ ᠲᠤᠪᠲᠤᠯᠤᠭ᠎ᠠ ᠪᠠᠷ ᠦᠭᠡᠳᠡᠯᠡᠬᠦ ᠵᠠᠶᠠᠭ᠎ᠠ ᠨᠢ ᠮᠠᠨᠳᠤᠭᠰᠠᠨ ᠮᠤᠩᠭᠤᠯ ᠴᠡᠴᠡᠷᠯᠢᠭ ᠵᠦᠭ ᠲᠤ  ᠭᠠᠷᠴᠤ ᠬᠦᠶᠦᠯᠭᠡᠪᠡ᠃            ᠬᠠᠶ᠋ᠢᠭ᠄  内蒙古赤峰市图书馆  ︔  伟丽嗣                   赤峰学院环境与资源科学学院:                     金 翠 叶 ︵ ᠳᠤ ᠲᠠᠮᠵᠢᠭᠤᠯᠤᠨ᠎ᠠ︶                            ᠰᠢᠦᠳᠠᠨ᠄ 024000                            ᠤᠳᠠᠰᠤ᠄ 15848999841      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号