ᠪᠢ ᠭᠡᠵᠤ ᠡᠶᠢᠮᠤ ᠯᠠ ᠬᠦᠮᠦᠨ
ᠨᠡᠶᠢᠲᠡᠯᠡᠭᠰᠡᠨ ᠴᠠᠭ᠄
2020-07-29
★ ᠵᠢᠷᠤᠭ                          ᠪᠢ ᠭᠡᠵᠤ ᠡᠶᠢᠮᠤ ᠯᠠ ᠬᠦᠮᠦᠨ  ᠡᠬᠡ ᠤᠷᠤᠨ  ᠤ  ᠪᠠᠨ ᠡᠯᠢᠭᠡᠨ ᠳᠤ ᠪᠠᠶᠢᠭᠰᠠᠨ ᠴᠦ       ᠦᠪᠡᠷ  ᠢ  ᠪᠠᠨ  ᠲᠦᠭᠡᠷᠢᠴᠢᠬᠡᠬᠦ ᠪᠤᠢ ᠭᠡᠵᠤ           ᠬᠢᠴᠢᠶᠡᠵᠤ ᠶᠠᠪᠤᠳᠠᠭ ᠶᠤᠮ ᠡ ᠪᠢ᠂  ᠡᠷᠬᠡ ᠬᠤᠩᠭᠤᠷ ᠨᠠᠰᠤᠨ  ᠤ  ᠪᠠᠨ ᠲᠤᠷᠠᠰᠤᠮᠵᠢ  ᠤᠳ  ᠢ   ᠠᠮᠢᠳᠤ ᠵᠢᠷᠤᠭ ᠢᠶᠠᠷ ᠨᠢ ᠠᠭᠢᠵᠤ ᠬᠠᠷᠠᠬᠤ ᠶᠤᠮᠰᠠᠨ ᠭᠡᠵᠤ    ᠪᠤᠳᠤᠳᠠᠭ ᠶᠤᠮ ᠡ ᠪᠢ᠂  ᠦᠷᠦᠭᠡᠯ ᠲᠠᠢ ᠮᠤᠷᠢ  ᠴᠦ ᠦᠵᠡᠭᠰᠡᠨ ᠦᠭᠡᠢ ᠬᠡᠥᠬᠡᠳ  ᠤᠳ  ᠲᠤ  ᠪᠠᠨ   ᠡᠮᠡᠭᠡᠯ  ᠤᠨ ᠪᠦᠭᠦᠷᠭᠡ ᠲᠠᠪᠠᠭ᠋ᠤ ᠤᠬᠠᠭᠠᠨ  ᠢ    ᠤᠶᠢᠯᠠᠭᠠᠭᠤᠯᠬᠤ ᠭᠡᠵᠤ ᠮᠤᠩᠭᠠᠨᠢᠳᠠᠭ ᠶᠤᠮ ᠡ ᠪᠢ᠂  ᠡᠪᠦᠷ  ᠲᠤ  ᠪᠠᠨ ᠬᠠᠳᠠᠭ ᠲᠠᠢ ᠡᠵᠢ ᠳᠤ  ᠪᠠᠨ   ᠲᠡᠪᠡᠯ ᠲᠠᠢ ᠭᠤᠶᠤᠯᠠᠵᠤ ᠵᠤᠯᠭᠠᠬᠤ  ᠪᠠᠷ  ᠢᠶᠠᠨ    ᠰᠡᠳᠬᠢᠯ ᠪᠠᠶᠠᠷᠬᠠᠵᠤ ᠲᠤᠭᠳᠤᠯᠳᠠᠭ ᠶᠤᠮ ᠡ ᠪᠢ᠃ ᠰᠠᠶᠢᠬᠠᠨ ᠮᠤᠩᠭᠤᠯ  ᠡᠷᠡᠴᠦᠳ ᠨᠢ   ᠰᠠᠷᠬᠤᠳ  ᠢᠶᠠᠷ ᠰᠢᠯᠳᠠᠵᠤ ᠤᠶᠢᠴᠢᠬᠤ ᠦᠭᠡᠢ ᠯᠠ ᠪᠠᠶᠢᠪᠠᠯ    ᠮᠢᠨᠤ ᠲᠡᠯᠡᠬᠡᠢ ᠨᠠᠶᠢᠷᠠᠭ  ᠢᠶᠠᠷ  ᠲᠤᠳᠠᠬᠤ ᠦᠭᠡᠢ ᠶᠤᠮ᠂ ᠰᠡᠳᠬᠢᠯ  ᠢᠶᠠᠷ  ᠢᠶᠠᠨ ᠲᠤᠶᠠᠭᠠᠷᠠᠳᠠᠭ ᠪᠦᠰᠡᠭᠦᠶᠢᠴᠤᠳ ᠨᠢ   ᠮᠦᠩᠭᠦ  ᠪᠠᠷ ᠰᠢᠯᠳᠠᠵᠤ ᠲᠦᠭᠡᠷᠢᠬᠦ ᠦᠭᠡᠢ ᠯᠠ ᠪᠠᠶᠢᠪᠠᠯ    ᠮᠢᠨᠤ ᠤᠯᠠᠷᠢᠯ ᠴᠡᠴᠡᠭ  ᠢᠶᠠᠷ  ᠭᠤᠨᠳᠠᠬᠤ ᠦᠭᠡᠢ ᠶᠤᠮ᠃ ᠪᠤᠭᠤᠷᠤᠯ  ᠤᠨ  ᠢᠶᠠᠨ ᠢᠷᠦᠭᠡᠯ  ᠢ   ᠰᠡᠳᠬᠢᠯ  ᠢᠶᠠᠷ  ᠢᠶᠠᠨ ᠰᠦᠬᠦᠷᠡᠵᠤ  ᠲᠤᠰᠬᠤ ᠤᠬᠠᠭᠠᠨ  ᠢ    ᠬᠡᠥᠬᠡᠳ  ᠤᠳ ᠮᠢᠨᠢ  ᠰᠤᠪᠢᠳᠠᠭ ᠪᠠᠶᠢᠪᠠᠯ ᠪᠤᠴᠠᠰᠢ ᠦᠭᠡᠢ ᠤᠨ ᠵᠢᠯ  ᠤᠨ ᠲᠦᠯᠦᠭᠡ   ᠪᠢ ᠲᠠᠩᠴᠢ ᠡᠷᠳᠡ  ᠭᠤᠨᠢᠬᠤ  ᠦᠭᠡᠢ᠂   ᠪᠢ ᠭᠡᠵᠤ ᠡᠶᠢᠮᠤ  ᠬᠦᠮᠦᠨ︕   ᠪᠢ ᠭᠡᠵᠤ ᠡᠶᠢᠮᠤ ᠯᠠ ᠬᠦᠮᠦᠨ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号