ᠬᠤᠷ᠎ᠠ ᠲᠠᠢ ᠦᠷᠯᠦᠭᠡ
ᠨᠡᠶᠢᠲᠡᠯᠡᠭᠰᠡᠨ ᠴᠠᠭ᠄
2020-07-29
                        ᠰᠠᠴᠤᠷᠠᠯ ᠵᠣᠬᠢᠶᠠᠪᠠ ᠠᠭᠤᠳᠠᠮ ᠲᠠᠯ᠎ᠠ ᠶᠢᠨ ᠬᠦᠨᠳᠡᠢ ᠪᠠᠷ ᠦᠳᠭᠡᠨ ᠤᠨᠢᠶᠠᠷ ᠮᠠᠨᠠᠯᠵᠠᠵᠦ ᠤᠳᠠᠨ ᠤ ᠴᠡᠯᠭᠡᠮ᠎ᠡ ᠮᠦᠴᠢᠷ ᠢᠶᠠᠷ ᠪᠣᠯᠤᠷ ᠰᠤᠪᠤᠳ ᠭᠢᠯᠳᠠᠭᠠᠨᠠᠨ᠎ᠠ ᠤᠷᠤᠭᠤᠯ ᠤᠨ ᠬᠡ ᠲᠠᠢ ᠴᠡᠴᠡᠭ ᠤᠨ ᠲᠡᠯᠪᠢ ᠰᠢᠭᠦᠳᠡᠷᠢ ᠡᠮᠬᠦᠨ ᠵᠤᠮᠠᠯᠵᠠᠵᠦ ᠤᠳᠤᠮ ᠤᠨ ᠲᠠᠮᠠᠭ᠎ᠠ ᠲᠠᠢ ᠨᠤᠳᠤᠭ ᠤᠨ ᠲᠡᠨᠳᠡ ᠠᠴᠠ ᠰᠦ ᠤᠨ ᠦᠨᠦᠷ ᠬᠠᠩᠬᠤᠯᠤᠨ᠎ᠠ ᠦᠳᠦ ᠨᠢ ᠨᠤᠶᠢᠳᠠᠨ ᠤᠯᠠᠷᠢᠯ ᠤᠨ ᠰᠢᠪᠠᠭᠤ ᠬᠠᠶᠠ ᠨᠢᠭᠡ ᠲᠡᠷᠪᠡᠰᠬᠢᠵᠦ ᠦᠨᠡᠭᠡᠴᠢᠯᠡᠵᠦ ᠰᠡᠷᠢᠭᠰᠡᠨ ᠵᠢᠭᠠᠯ ᠬᠦᠦ ᠶᠢᠨ ᠲᠤᠩᠭᠠᠯᠠᠭ ᠨᠢᠳᠦ ᠲᠤᠷᠮᠤᠰᠬᠢᠨ᠎ᠠ ᠡᠷᠦᠬᠡ ᠪᠠᠨ ᠰᠡᠭᠦᠭᠰᠡᠨ ᠴᠡᠮᠴᠡᠭᠡᠷ ᠪᠦᠰᠡᠭᠦᠢ ᠪᠣᠳᠤᠯ ᠠᠴᠠ ᠪᠠᠨ ᠢᠴᠢᠨ ᠭᠤᠩᠬᠤᠰᠬᠢᠵᠦ ᠦᠭᠡᠳᠡᠯᠡᠬᠦ ᠵᠦᠩ ᠲᠠᠢ ᠠᠮᠢᠳᠤᠷᠠᠯ ᠤᠨ ᠠᠶᠠᠯᠭᠤ ᠬᠠᠳᠠᠪᠴᠢ ᠲᠠᠪᠠᠨ ᠬᠠᠩᠭᠢᠨᠠᠰᠬᠢᠨ᠎ᠠ ᠰᠡᠷᠢᠭᠦᠨ ᠲᠠᠭᠠᠯᠠᠮᠵᠢᠲᠠᠢ ᠴᠢᠭᠢᠭᠯᠢᠭ ᠠᠭᠠᠷ ᠭᠠᠩᠳᠠᠭᠰᠠᠨ ᠰᠡᠳᠬᠢᠯ ᠢ ᠤᠮᠳᠠᠯᠠᠵᠦ ᠰᠡᠷᠭᠦᠯᠡᠩ ᠴᠤᠭ ᠲᠠᠢ ᠠᠳᠤᠭᠤᠨ ᠦᠣᠷᠰᠡᠯ ᠵᠢᠪᠬᠤᠭ᠎ᠠ ᠬᠡᠶᠢᠮᠣᠷᠢ ᠶᠢ ᠰᠡᠷᠭᠦᠭᠡᠨ᠎ᠡ ᠰᠡᠷᠮᠡᠭᠦᠨ ᠬᠠᠩᠭᠠᠢ ᠶᠢᠨ ᠤᠶᠠᠩᠭ᠎ᠠ ᠶᠢᠨ ᠨᠤᠲ ᠲᠡᠭᠷᠢ ᠶᠢᠨ ᠬᠤᠷᠮᠤᠢ ᠠᠴᠠ ᠰᠢᠪᠡᠷᠡᠵᠦ ᠰᠡᠪᠡᠭᠦᠨ ᠨᠣᠭᠤᠭᠠᠨ ᠡᠷᠢᠯ ᠬᠦᠰᠡᠯ ᠢ ᠲᠡᠯᠡᠬᠡᠢ ᠲᠡᠯᠡᠵᠦ ᠤᠷᠭᠤᠭᠤᠯᠤᠨ᠎ᠠ ᠪᠣᠯᠤᠷ ᠲᠤᠩᠭᠠᠯᠠᠭ ᠬᠤᠷ᠎ᠠ ᠶᠢᠨ ᠮᠦᠬᠦᠯᠢᠭ ᠪᠣᠷᠬᠠᠨ ᠤ ᠰᠠᠨᠠᠭ᠎ᠠ ᠰᠢᠭ᠋ ᠰᠡᠩᠰᠡᠷᠡᠵᠦ ᠪᠣᠭᠤ ᠶᠢᠨ ᠴᠤᠬᠤᠷ ᠨᠦᠷ᠎ᠡ ᠶᠢᠨ ᠤᠷᠤᠮᠳᠠᠯ ᠳᠤ ᠪᠣᠳᠢ ᠰᠡᠳᠭᠢᠯ ᠰᠡᠮᠡᠷᠡᠨ᠎ᠡ ᠪᠣᠳᠠᠷ ᠴᠢᠯᠠᠭᠤᠨ ᠤ ᠲᠣᠭᠤᠰᠦ ᠤᠬᠢᠶᠠᠭᠳᠠᠨ ᠤᠪᠣᠭᠠᠨ ᠤ ᠦᠩᠭᠡ ᠭᠢᠯᠠᠯᠵᠠᠵᠦ ᠪᠣᠷᠬᠠᠨ ᠬᠠᠯᠳᠤᠨ ᠤ ᠭᠡᠭᠡᠨ ᠰᠦᠭ ᠲᠠᠢ ᠠᠭᠤᠯᠠᠰ ᠤᠨ ᠪᠠᠷ᠎ᠠ ᠴᠡᠩᠬᠡᠷᠯᠡᠨ᠎ᠡ             地址:通辽市科左中旗舍伯吐中心校             实名:包锁柱             手机:15947447898
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号