ᠵᠠᠯᠠᠴᠢᠳ ᠤᠪᠤᠭ ᠤᠨ ᠤᠪᠤᠭ᠎ᠠ
ᠨᠡᠶᠢᠲᠡᠯᠡᠭᠰᠡᠨ ᠴᠠᠭ᠄
2020-07-25
    2017 ᠤᠨ ᠤ ᠤᠯᠠᠭᠴᠢᠨ ᠲᠠᠬᠢᠶ᠎ᠠ ᠵᠢᠯ ᠤᠨ ᠪᠢᠯᠢᠭ ᠤᠨ 2 ᠰᠠᠷ᠎ᠠ ᠶᠢᠨ 8 ᠳᠤ  ᠵᠠᠯᠠᠴᠢᠳ ᠤᠪᠤᠭᠳᠠᠨ ᠤᠪᠤᠭ᠎ᠠ ᠪᠠᠨ ᠪᠤᠰᠬᠠᠭᠰᠠᠨ ᠵᠢᠯ ᠤᠨ ᠤᠢ ᠳᠤ ᠵᠤᠷᠢᠭᠤᠯᠪᠠ                                ᠵ᠊  ᠂ ᠪᠦᠷᠢᠨ ᠤᠯᠤᠰ ᠦᠨᠳᠦᠰᠦᠳᠡᠨ ᠤ ᠪᠠᠨ ᠮᠠᠨᠳᠤᠯ ᠬᠦᠭᠵᠢᠯ ᠳᠤ ᠤᠤᠬᠠᠢ ᠲᠠᠭᠤ ᠲᠠᠢ ᠵᠢᠳᠬᠦᠵᠦ ᠢᠷᠡᠭᠰᠡᠨ᠂ ᠤᠭᠰᠠᠭ᠎ᠠ ᠤᠳᠤᠮ ᠤᠨ ᠵᠠᠯᠠᠴᠢᠳ ᠠᠶᠢᠮᠠᠭ ᠤᠰᠤᠨ ᠤ ᠪᠠᠨ ᠰᠢᠪᠠᠭᠤᠳ ᠰᠢᠭ᠋ ᠢᠩᠭᠢᠵᠦ ᠴᠤᠭᠯᠠᠷᠠᠪᠠ᠃ ᠬᠤᠶᠠᠷ ᠰᠠᠷ᠎ᠠ   ᠶᠢᠨ ᠰᠢᠨ᠎ᠠ ᠶᠢᠨ ᠨᠠᠢᠮᠠᠨ ᠭᠡᠵᠦ ᠬᠤᠷᠸ᠎ᠠ ᠳᠤ ᠬᠤᠪᠤᠷᠬᠠᠨ ᠰᠠᠶᠢᠨ ᠡᠳᠦᠷ ᠬᠤᠪᠤᠷᠠᠭ ᠭᠡᠭᠡᠨᠳᠡᠨ ᠢᠶᠠᠷ ᠠᠶᠢᠯᠠᠳᠤᠭᠤᠯᠤᠭᠠᠳ ᠬᠤᠷᠠᠵᠦ ᠪᠦᠯᠬᠦᠮᠳᠡᠬᠦ ᠶᠢᠨ ᠦᠯᠵᠡᠶᠢᠳᠦ ᠡᠳᠦᠷ᠃ ᠵᠠᠯᠠᠴᠢᠳ ᠤᠪᠤᠭ ᠤᠨ ᠦᠷ᠎ᠡ ᠬᠤᠶᠢᠴᠢᠰ ᠤᠨ ᠵᠠᠯᠪᠠᠷᠢᠵᠦ ᠲᠠᠭᠠᠳᠬᠠᠭᠰᠠᠨ  ᠡᠨᠡ ᠡᠳᠦᠷ ᠵᠦᠭ ᠵᠦᠭ   ᠤᠨ ᠵᠠᠯᠠᠴᠢᠳ ᠴᠤᠭᠯᠠᠷᠠᠭᠰᠠᠨ ᠵᠦᠩ ᠰᠤᠪᠢᠩ   ᠤᠨ ᠪᠠᠶᠠᠷᠳᠤ ᠡᠳᠦᠷ᠃ ᠪᠠᠶᠠᠨᠬᠠᠨ ᠠᠭᠤᠯᠠ ᠪᠠᠷ ᠲᠦᠰᠢᠯᠭᠡ ᠪᠤᠯᠭᠠᠭᠰᠠᠨ ᠪᠢᠳᠡᠨ ᠤ  ᠵᠠᠯᠠᠴᠢᠳ ᠤᠨ ᠤᠪᠤᠭ᠎ᠠ ᠪᠤᠰᠤᠯ᠎ᠠ ᠪᠤᠮᠪᠠ ᠲᠠᠷᠤᠵᠦ᠂ ᠨᠤᠮ ᠤᠩᠰᠢᠭᠤᠯᠤᠭᠠᠳ ᠪᠠᠳᠠᠷᠠᠯ ᠬᠦᠭᠵᠢᠯ ᠤᠨ ᠤᠪᠤᠭ᠎ᠠ ᠪᠤᠰᠤᠯ᠎ᠠ  ᠃ ᠰᠢᠷᠠᠮᠦ᠋ᠷᠡᠨ ᠤ ᠢᠶᠠᠨ ᠲᠡᠨᠵᠢᠨ ᠲᠡᠭᠡᠷ᠎ᠡ ᠰᠢᠨᠡᠬᠡᠨ ᠤᠪᠤᠭ᠎ᠠ ᠢᠩᠭᠢᠵᠦ ᠪᠤᠰᠤᠯ᠎ᠠ᠂ ᠱᠦᠩᠰᠢᠭ ᠵᠠᠯᠠᠵᠦ᠂ ᠵᠤᠯᠠ ᠠᠰᠭᠠᠭᠠᠳ ᠰᠢᠳᠦᠭᠡᠨ ᠪᠤᠯᠤᠨ ᠰᠦᠯᠳᠡ ᠪᠠᠨ ᠪᠤᠰᠬᠠᠯ᠎ᠠ᠃ ᠲᠠᠯ᠎ᠠ ᠶᠢᠨ ᠢᠶᠠᠨ  ᠲᠤᠮᠳᠠᠬᠢ ᠵᠠᠯᠠᠴᠢᠳ ᠤᠪᠤᠭ᠎ᠠ ᠲᠠᠩᠰᠤᠭ ᠰᠠᠶᠢᠬᠠᠨ ᠲᠠᠪᠤᠨ ᠤᠪᠤᠭ᠎ᠠ  ᠂ ᠲᠠᠨᠢᠯ ᠲᠠᠰᠤᠯ  ᠨᠢᠭᠡᠨ ᠤᠭᠰᠠᠭ᠎ᠠ ᠶᠢ ᠲᠠᠳᠠᠵᠦ ᠴᠤᠭᠯᠠᠭᠤᠯᠤᠭᠰᠠᠨ ᠵᠢᠷᠤᠬᠡᠨ ᠤ ᠬᠤᠯᠪᠤᠭ᠎ᠠ᠃ ᠠᠭᠤᠯᠠᠰ ᠤᠨ ᠲᠤᠮᠳᠠ ᠪᠠᠨ ᠵᠠᠯᠠᠴᠢᠳ ᠤᠪᠤᠭ᠎ᠠ ᠤᠷᠭᠤᠵᠦ ᠮᠠᠨᠳᠤᠭᠰᠠᠨ ᠬᠡᠶᠢᠮᠦᠷᠢ ᠶᠢᠨ ᠤᠪᠤᠭ᠎ᠠ᠂ ᠤᠳᠤᠮ ᠰᠤᠳᠤᠷ ᠦᠷ᠎ᠡ ᠬᠤᠶᠢᠴᠢᠰ ᠤᠨ ᠤᠷᠤᠭᠰᠢᠯᠡᠨ ᠲᠠᠪᠰᠢᠬᠤ ᠶᠢᠨ ᠪᠡᠯᠭᠡᠳᠡᠯ ᠤᠨ ᠤᠪᠤᠭ᠎ᠠ᠃ ᠬᠤᠵᠢᠮ ᠬᠤᠶᠢᠰᠢ ᠶᠢᠨ ᠦᠷ᠎ᠡ ᠤᠭᠰᠠᠭ᠎ᠠ ᠪᠠᠨ ᠬᠤᠷᠤᠶᠢᠯᠠᠨ ᠲᠠᠭᠤᠳᠠᠬᠤ  ᠲᠠᠯᠠᠯᠭ᠎ᠠ ᠶᠢᠨ ᠤᠪᠤᠭ᠎ᠠ ᠬᠤᠯᠠ ᠤᠶᠢᠷ᠎ᠠ ᠶᠢᠨ ᠠᠶᠢᠮᠠᠭ ᠤᠭᠰᠠᠭ᠎ᠠ ᠪᠠᠨ ᠬᠤᠯᠪᠤᠵᠦ ᠲᠠᠯᠪᠢᠭᠰᠠᠨ‌‍ᠰᠠᠶᠢᠬᠠᠨ ᠤᠪᠤᠭ᠎ᠠ᠃ ᠰᠠᠨᠰᠠᠷ ᠤᠨ ᠲᠠᠩᠨᠠᠢ ᠳᠤ ᠭᠠᠯᠠᠭᠤ ᠰᠢᠪᠠᠭᠤᠬᠠᠢ ᠴᠦ ᠰᠠᠶᠢᠨ ᠤ  ᠪᠡᠯᠭᠡ ᠪᠠᠷ ᠲᠡᠭᠡᠰᠦᠯᠡᠨ ᠨᠢᠰᠦᠨ᠎ᠡ᠂ ᠰᠠᠳᠤᠨ ᠲᠦᠷᠦᠯ ᠵᠠᠯᠠᠴᠢᠳ ᠤᠨ ᠬᠤᠶᠢᠴᠢᠰ ᠢ ᠱᠠᠭᠰᠢᠨ ᠱᠠᠭᠰᠢᠨ  ᠭᠠᠩᠭᠠᠨᠠᠯᠳᠤᠬᠤ ᠰᠢᠭ᠋᠃ ᠭᠠᠵᠠᠷ ᠤᠨ ᠬᠤᠯᠠ ᠠᠴᠠ  ᠭᠠᠯᠠᠭᠤ  ᠰᠢᠪᠠᠭᠤᠬᠠᠢ ᠭᠠᠩᠭᠠᠨ ᠨᠤᠳᠤᠭ ᠢᠶᠠᠨ ᠵᠤᠷᠢᠭᠠᠳ  ᠢᠷᠡᠵᠡᠢ᠂ ᠭᠠᠷ ᠢᠶᠠᠨ ᠲᠠᠯᠠᠯᠤᠨ᠂ ᠲᠠᠭᠤ ᠪᠠᠨ ᠠᠪᠤᠯᠴᠠᠨ ᠭᠠᠷᠣᠯ ᠢᠶᠠᠨ ᠡᠷᠢᠭᠡᠳ ᠵᠠᠯᠠᠴᠢᠳ ᠴᠤᠭᠯᠠᠷᠠᠵᠠᠢ  ᠃ ᠪᠠᠶᠢᠭᠠᠯᠢ ᠶᠢᠷᠳᠢᠨᠴᠦ ᠴᠦ ᠠᠮᠢ ᠲᠠᠢ ᠭᠡᠳᠡᠭ ᠢ ᠪᠤᠳᠠᠷ ᠤᠨ ᠴᠢᠯᠠᠭᠤᠳ ᠴᠤᠭᠯᠠᠷᠠᠭᠠᠳ  ᠬᠦᠤᠷᠨᠢᠨ᠎ᠡ᠂ ᠪᠦᠮᠬᠦᠮᠳᠡᠯ ᠤᠨ ᠤᠷᠠᠢ ᠶᠢ ᠵᠠᠯᠠᠴᠢᠳ ᠠᠶᠢᠮᠠᠭ ᠪᠤᠰᠤᠭ᠎ᠠ ᠲᠠᠮᠠᠭ᠎ᠠ  ᠰᠢᠭ᠋ ᠠᠳᠡ ᠱᠤᠭᠤᠪᠠ᠃ ᠡᠪᠦᠭᠡ ᠲᠡᠭᠡᠳᠦᠰ ᠤᠨ ᠲᠠᠷᠢᠭᠰᠠᠨ ᠬᠠᠶᠢᠯᠠᠰᠤ ᠪᠠᠨ ᠴᠦ ᠦᠨᠦᠳᠦᠷ ᠤᠩᠭᠤᠯᠠᠨ ᠬᠠᠳᠠᠭ ᠲᠠᠳᠠᠭᠠᠳ ᠤᠷᠳᠤ ᠤᠳᠠᠭᠠᠨ ᠲᠡᠤᠬᠡ ᠶᠢᠨ ᠠᠶᠠᠨ ᠳᠤ ᠦᠨᠳᠦᠰᠦ ᠨᠠᠮᠠᠭ᠎ᠠ ᠨᠢ  ᠲᠡᠯᠭᠡᠷᠡᠬᠦ ᠶᠢ ᠪᠡᠯᠭᠡᠳᠡᠨ᠎ᠡ᠃ ᠲᠠᠷᠴᠤᠭ ᠪᠤᠰᠬᠠᠨ᠂ ᠬᠡᠶᠢᠮᠦᠷᠢ ᠰᠡᠷᠭᠦᠭᠡᠯ᠎ᠡ ᠲᠠᠯᠠᠯᠭ᠎ᠠ ᠠᠪᠴᠦ ᠷᠠᠰᠢᠶᠠᠨ ᠠᠮᠰᠠᠯ᠎ᠠ᠂ ᠲᠡᠯᠡᠬᠡᠢ ᠪᠠᠶᠠᠰᠬᠠᠨ ᠪᠦᠬᠡ ᠴᠦ ᠪᠠᠷᠢᠯᠳᠤᠯ᠎ᠠ᠂ ᠲᠡᠯᠭᠡᠷᠡᠵᠦ ᠪᠠᠳᠠᠷᠠᠬᠤ ᠶᠢᠨ ᠬᠡᠶᠢᠮᠦᠷᠢ ᠢᠶᠠᠨ ᠬᠤᠷᠤᠶᠢᠯᠠᠯ᠎ᠠ᠃ ᠵᠠᠭᠤᠳᠠᠯ ᠬᠠᠳᠠᠭᠤ ᠤᠭᠰᠠᠭ᠎ᠠ ᠠᠶᠢᠮᠠᠭ ᠤᠨ ᠵᠢᠷᠦᠬᠡᠨ ᠳᠤ ᠯᠤᠭᠰᠢᠭᠰᠠᠨ  ᠨᠢᠭᠡᠨ ᠰᠤᠳᠠᠰᠤ ᠵᠠᠭᠤᠨ ᠵᠠᠭᠤᠨ ᠤ ᠤᠳᠤᠮ ᠰᠤᠳᠤᠷ ᠲᠤ ᠵᠤᠭᠰᠤᠭ᠎ᠠ  ᠪᠢᠴᠢᠭᠳᠡᠬᠦ ᠬᠦᠮᠦᠨ ᠦᠰᠦᠭ᠃ ᠤᠪᠤᠭ᠎ᠠ ᠳᠠᠭᠠᠨ ᠢᠷᠡᠵᠦ ᠴᠤᠭᠯᠠᠷᠠᠬᠤ ᠭᠡᠳᠡᠭ ᠦᠪᠡᠷ ᠢ ᠪᠠᠨ᠂ ᠦᠪᠡᠷ ᠢᠶᠠᠨ ᠲᠠᠨᠢᠬᠤ ᠭᠡᠳᠡᠭ ᠦᠭᠡ  ᠃ ᠤᠯᠤᠰ ᠤᠷᠤᠨ ᠤ ᠢᠶᠠᠨ ᠬᠦᠭᠵᠢᠯᠳᠡ ᠳᠤ ᠤᠯᠠᠮ ᠢᠯᠡᠭᠦᠦ ᠦᠢᠯᠡᠴᠢᠯᠡᠬᠦ ᠭᠡᠰᠡᠨ ᠰᠠᠨᠠᠭ᠎ᠠ᠃ ᠪᠢᠳᠡ ᠬᠠᠮᠢᠭ᠎ᠠ ᠠᠴᠠ ᠢᠷᠡᠭᠰᠡᠨ ᠪᠤᠢ ᠭᠡᠵᠦ ᠪᠡᠶ᠎ᠡ ᠪᠠᠨ ᠲᠠᠨᠢᠬᠤ ᠡᠷᠬᠢᠮ ᠤᠪᠤᠭ᠎ᠠ᠂ ᠪᠠᠰᠠ ᠬᠠᠮᠢᠭᠠᠰᠢ ᠶᠠᠪᠤᠬᠤ ᠪᠤᠢ ᠭᠡᠵᠦ ᠪᠡᠯᠡᠳᠬᠡᠵᠦ  ᠪᠠᠶᠢᠭ᠎ᠠ ᠬᠦᠰᠡᠯ ᠤᠨ ᠤᠪᠤᠭ᠎ᠠ᠃ᠨᠠᠷᠠᠨ ᠵᠦᠭ   ᠤᠨ ᠵᠠᠯᠠᠴᠢᠳ ᠤᠨ ᠤᠪᠤᠭ᠎ᠠ ᠨᠠᠮᠪᠠ ᠰᠦᠷ ᠲᠠᠢ ᠦᠭᠡᠳᠡ ᠪᠠᠨ ᠪᠤᠰᠤᠯ᠎ᠠ᠂ ᠨᠢᠭᠤᠴᠠ ᠲᠤᠪᠴᠢᠶᠠᠨ ᠤ ᠪᠠᠰᠠ ᠨᠢᠭᠡᠨ ᠦᠷᠭᠦᠯᠵᠢᠯᠡᠯ ᠨᠤᠭᠤᠭᠠᠨ ᠲᠠᠯ᠎ᠠ ᠳᠤ ᠢᠩᠭᠢᠵᠦ ᠪᠢᠴᠢᠭᠳᠡᠯ᠎ᠠ᠃                ᠳ᠋ᠠᠪᠠᠨ ᠤ ᠮᠤᠩᠭᠤᠯ  ᠪᠠᠭ᠎ᠠ ᠰᠤᠷᠭᠠᠭᠤᠯᠢ                         13847658178
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号