ᠭᠡᠷᠡᠯ ᠤᠨ  ᠲᠣᠭᠤᠷᠠᠭ
ᠨᠡᠶᠢᠲᠡᠯᠡᠭᠰᠡᠨ ᠴᠠᠭ᠄
2020-07-25
    ᠭᠡᠷᠡᠯ ᠤᠨ  ᠲᠣᠭᠤᠷᠠᠭ                          ᠰ᠊  ᠮᠦᠩᠬᠡᠪᠠᠶᠠᠷ ᠣᠳᠣᠮ ᠢᠵᠠᠭᠤᠷ ᠤᠨ ᠴᠢᠳᠠᠮᠣᠨᠢ ᠡᠷᠳᠡᠨᠢ  ᠭᠤᠯᠣᠮᠳᠠ ᠲᠣᠯᠭ᠎ᠠ ᠪᠠᠨ ᠲᠣᠭᠤᠷᠠᠭ ᠭᠡᠭᠡᠯᠡᠵᠦ ᠣᠶᠠᠬᠠᠨ ᠲᠡᠯᠡᠬᠡᠢ ᠶᠢ ᠡᠷᠬᠡᠯᠡᠨ ᠲᠣᠭᠤᠶᠢᠷᠠᠭᠤᠯᠣᠭᠰᠠᠨ ᠭᠡᠷᠡᠯ ᠤᠨ ᠲᠣᠣᠯᠢ ᠳᠤ ᠨᠡᠪᠳᠡᠷᠡᠨᠡᠮ ᠪᠢ ᠣᠭᠤᠷᠠᠭ ᠰᠢᠷᠭᠠᠯ ᠢᠯᠴᠢ ᠪᠠᠷ ᠢᠶᠠᠨ ᠠᠮᠢ ᠬᠦᠯᠬᠦᠭᠦᠯᠳᠡᠭ ᠠᠮᠠᠷᠠᠭ ᠴᠠᠭᠠᠨ  ᠨᠠᠷᠠᠨ ᠦᠪ  ᠲᠡᠦᠬᠡ ᠶᠢ  ᠡᠷᠢᠭᠳᠡᠭᠦᠯᠦᠨ ᠲᠣᠷᠠᠰᠣᠭᠤᠯᠵᠦ ᠡᠮᠡᠭᠡᠯ ᠲᠡᠭᠡᠷ᠎ᠡ ᠭᠠᠨᠭ᠍ᠭᠠᠠᠷᠬᠠᠨ᠎ᠠ ᠪᠦᠭᠦᠷᠭᠡᠨ ᠬᠤᠶᠠᠷ ᠲᠣᠯᠢᠨ ᠳᠤ ᠨᠢ ᠪᠦᠰᠡᠭᠦᠢ ᠬᠤᠨᠭ᠍ᠭᠤᠷ ᠤᠨ ᠮᠢᠨᠢ ᠵᠢᠰᠦᠨ ᠰᠭᠦᠳᠡᠭᠨᠡᠨ ᠲᠣᠷᠣᠯᠵᠠᠨ᠎ᠠ ᠪᠦᠷ ᠨᠠᠭᠠᠨ᠎ᠠ ᠨᠢ  ᠡᠵᠢ ᠮᠢᠨᠢ ᠡᠮᠰᠡᠶᠢᠵᠦ ᠰᠠᠭᠤᠭᠠᠳ ᠬᠠᠷᠠᠴᠠ ᠨᠢ ᠲᠠᠭᠠᠯᠠᠨ ᠦᠬᠦᠭᠡᠷᠳᠡᠨ᠎ᠠ ᠪᠠᠷᠢᠨᠳᠠᠭ ᠢ ᠮᠢᠨᠢ ᠡᠰᠭᠡᠰᠡᠨ ᠲᠡᠷᠡ ᠯᠡ ᠭᠠᠷ ᠢᠶᠠᠷ ᠢᠶᠠᠨ ᠪᠠᠶᠢᠨ ᠲᠠᠬᠢᠭᠠᠳ ᠯᠡ ᠪᠦᠭᠦᠷᠭᠡᠨ ᠲᠣᠯᠢ ᠶᠢ ᠡᠭᠬᠦᠷᠠᠶᠢᠯᠠᠨ ᠢᠯᠪᠢᠨ᠎ᠡ ᠪᠠᠷᠢᠨ ᠲᠡᠭᠡᠭᠡᠳ ᠰᠠᠨᠠᠯ  ᠬᠠᠶᠢᠷ᠎ᠠ ᠨᠢ  ᠭᠦᠶᠦᠭᠰᠡᠨ ᠮᠡᠳᠦ ᠰᠦᠨ ᠲᠣᠶᠠᠭ᠎ᠠ ᠣᠶᠢᠵᠦ ᠰᠠᠮᠣᠷᠠᠭᠰᠠᠨ ᠴᠠᠢ ᠪᠠᠨ ᠮᠡᠳᠦ ᠢᠳᠡᠭᠡᠰᠢᠭᠡᠳ ᠪᠦᠰᠡᠭᠦᠢ ᠮᠢᠨᠢ ᠦᠵᠡᠰᠬᠦᠯᠡᠭ ᠤᠨ ᠲᠣᠶᠢᠯ ᠳᠤ ᠬᠦᠷᠦᠨ᠎ᠡ ᠪᠣᠷᠬᠠᠨ ᠤ  ᠮᠡᠯᠮᠡᠢ   ᠠᠴᠠ ᠠᠰᠬᠠᠷᠠᠭᠰᠠᠨ ᠭᠡᠷᠡᠯ ᠤᠨ ᠵᠦᠭᠡᠯᠡᠨ ᠣᠰᠣᠨ ᠠᠴᠠ ᠪᠣᠯᠪᠠᠣ ᠬᠡᠮᠡᠷ ᠪᠣᠷᠣ ᠭᠡᠷ ᠤᠨ ᠬᠤᠶᠢᠮᠣᠷ ᠲᠤ  ᠡᠮᠡᠭᠡᠯ ᠤᠨ ᠵᠢᠷᠤᠭ  ᠲᠡᠯᠭᠡᠷᠡᠵᠦ ᠪᠠᠶᠢᠪᠠ ᠨᠠᠷᠢᠨ  ᠰᠠᠪᠠᠭ᠋ᠠᠨ ᠭᠠᠨᠵᠤᠭ᠎ᠠ ᠨᠢ ᠱᠢᠷᠦᠨ ᠣᠨᠵᠢᠯᠭ᠎ᠠ ᠲᠡᠭᠦᠵᠢᠯᠡᠭᠰᠡᠨ ᠮᠡᠳᠦ ᠨᠠᠪᠴᠢᠨ ᠬᠤᠶᠠᠷ  ᠬᠠᠷᠣᠣ ᠨᠢ ᠴᠡᠴᠡᠭ ᠤᠨ ᠬᠡᠯᠳᠡᠰ ᠬᠤᠪᠢᠯᠣᠭᠰᠠᠨ  ᠪᠠᠶᠢᠪᠠ ᠨᠡᠷ᠎ᠡ ᠶᠣᠰᠣ ᠬᠤᠶᠠᠷ ᠢ ᠡᠮᠡᠭᠡᠯ ᠲᠡᠭᠡᠷ᠎ᠡ ᠠᠴᠠ ᠪᠠᠨ  ᠣᠷᠭᠤᠭᠤᠯᠣᠭᠰᠠᠨ ᠨᠠᠷᠠ ᠪᠠᠨ ᠲᠣᠭᠤᠶᠢᠯᠠᠭᠰᠠᠨ ᠮᠢᠨᠦ ᠲᠡᠯᠡᠬᠡᠢ ᠳᠤ ᠦᠷᠯᠦᠭᠡ ᠢᠡᠭᠬᠢᠵᠦ ᠰᠡᠷᠢᠭᠰᠡᠨ ᠪᠠᠶᠢᠪᠠ ᠡᠷᠳᠡ ᠶᠢᠨ ᠵᠢᠪᠠᠷ ᠢᠶᠠᠷ ᠬᠦᠭᠯᠡᠬᠦ ᠰᠠᠷᠠᠪᠴᠢᠨ ᠤ ᠬᠤᠶᠠᠷ ᠲᠠᠭᠳᠠᠭ᠎ᠠ ᠡᠯᠢᠭᠡ ᠪᠠᠷ ᠢᠶᠠᠨ ᠨᠠᠯᠠᠯᠴᠠᠵᠦ ᠦᠷ᠎ᠡ ᠶᠢᠨ   ᠢᠶᠠᠨ ᠲᠣᠬᠠᠢ ᠶᠠᠷᠢᠯᠴᠠᠨ᠎ᠠ ᠡᠪᠡᠰᠦ ᠢᠳᠡᠰᠢ ᠬᠤᠪᠣᠷᠳᠠᠭᠰᠠᠨ ᠲᠣᠬᠠᠢ ᠡᠰᠡᠭᠦᠯ᠎ᠡ ᠡᠮᠡᠭᠡᠯ ᠶᠠᠭᠠᠬᠢᠭᠠᠳ ᠠᠳᠡ ᠪᠠᠶᠢᠬᠤ ᠲᠣᠬᠠᠢ ᠡᠷᠬᠡᠯᠡᠭᠦᠯᠦᠨ ᠲᠠᠰᠬᠠᠭᠰᠠᠨ ᠡᠨᠡ ᠠᠶᠢᠯ ᠤᠨ ᠠᠴᠢ ᠬᠠᠷᠢᠭᠤ ᠶᠢᠨ ᠲᠣᠬᠠᠢ ᠡᠷᠭᠢᠭᠡᠳ ᠴᠡᠩᠬᠡᠷ ᠠᠭᠠᠷ ᠲᠤ ᠨᠢᠰᠬᠦ ᠦᠳᠦ ᠵᠢᠭᠦᠷ ᠤᠨ ᠲᠣᠬᠠᠢ ᠠᠰᠣᠷᠣ ᠴᠢᠩᠨᠠᠭᠰᠠᠨ ᠡᠮᠡᠭᠡ ᠮᠢᠨᠢ ᠠᠨᠢᠰᠬ᠎ᠠ ᠨᠢ ᠵᠣᠳᠣᠯᠳᠣᠭᠰᠠᠨ ᠨᠢᠳᠦ ᠪᠠᠨ ᠠᠬᠢᠭᠠᠳ ᠠᠨᠢᠨ᠎ᠠ ᠠᠯᠳᠠᠨ ᠭᠦᠡᠭᠭᠦᠷᠸ᠎ᠠ ᠳᠤ ᠵᠠᠯᠪᠢᠷᠠᠨ ᠰᠠᠭᠤᠭᠰᠠᠨ ᠳ᠋ᠠᠷ᠎ᠠ ᠡᠬᠡ   ᠶᠢᠨ ᠲᠦᠷᠢ ᠪᠦᠳᠦᠭᠡᠳ ᠠᠯᠢ ᠣᠵᠣᠭᠤᠷ ᠤᠨ ᠦᠯᠢᠭᠡᠷ ᠲᠤ ᠪᠠᠨ ᠪᠣᠴᠠᠭᠠᠳ ᠶᠠᠪᠣᠴᠢᠬᠠᠭᠰᠠᠨ ᠴᠦ ᠮᠡᠳᠦ ᠠᠭᠠᠳᠠᠷ ᠪᠣᠷᠦᠭᠠᠨ ᠤ ᠬᠦᠡᠭᠬᠦᠭᠦᠷ ᠲᠡᠭᠷᠢ ᠶᠢ ᠭᠢᠯᠠᠰᠣᠨ ᠵᠣᠷᠠᠬᠤ ᠴᠠᠬᠤᠯᠠᠢ  ᠰᠢᠪᠠᠭᠤᠨ ᠮᠡᠳᠦ ᠠᠳᠣᠭᠤᠨ ᠲᠡᠯ ᠳᠤ ᠪᠠᠨ ᠲᠣᠸᠠᠯᠠᠨ ᠨᠣᠴᠣᠭᠰᠠᠨ ᠠᠪᠤ ᠶᠢᠨ ᠲᠡᠨᠳᠡ ᠣᠴᠢᠴᠢᠬᠠᠭᠰᠠᠨ ᠴᠦ ᠮᠡᠳᠦ ᠣᠷᠳᠣ ᠭᠡᠭᠴᠢ ᠰᠠᠨᠠᠭ᠎ᠠ ᠠᠯᠳᠠᠬᠤ ᠳᠤ ᠨᠢ ᠭᠡᠷᠡᠯ   ᠤᠨ ᠦᠡᠭᠭᠡ ᠰᠣᠴᠢᠮᠠᠭᠳᠠᠨ᠎ᠠ ᠠᠬᠢᠭᠠᠳ ᠲᠠᠶᠢᠪᠣᠰᠢᠷᠠᠬᠤ ᠳᠤ ᠭᠡᠷ   ᠤᠨ ᠦᠷᠦᠴᠡ ᠪᠦᠯᠢᠶᠡᠰᠦᠨ᠎ᠡ ᠣᠨ ᠵᠢᠯ ᠤᠨ ᠪᠣᠴᠠᠰᠢ ᠦᠭᠡᠢ ᠣᠳᠣᠭᠰᠠᠨ ᠡᠳᠦᠷ ᠬᠤᠨᠤᠭ ᠢᠶᠠᠨ ᠪᠣᠴᠠᠭᠠᠬᠤ ᠴᠦ ᠮᠡᠳᠦ ᠣᠮᠣᠭᠤᠯᠳᠣᠭᠰᠠᠨ ᠣᠷᠣᠭᠤᠯ ᠢᠶᠠᠨ ᠲᠠᠮᠰᠢᠶᠠᠨ ᠪᠠᠶᠢᠵᠦ ᠣᠷᠣᠵᠣ ᠭᠠᠷᠬᠤ ᠭᠡᠷᠡᠯ ᠢ ᠡᠷᠢᠬᠡ ᠮᠡᠳᠦ ᠡᠷᠭᠢᠭᠦᠯᠦᠨ ᠢᠮᠡᠷᠴᠦ ᠲᠣᠭᠠᠯᠠᠨᠠᠮ ᠭᠠᠳᠠᠨ᠎ᠠ ᠠᠴᠠ ᠲᠡᠷᠡ ᠦᠶ᠎ᠡ ᠦᠬᠢᠨ ᠮᠢᠨᠢ ᠭᠠᠷ ᠲᠤ ᠪᠠᠨ ᠪᠠᠪᠣᠣ ᠶᠢᠨ ᠯᠾᠪᠬᠠᠰᠦᠷᠦ᠋ᠡᠭ ᠤᠨ                                                       ᠨᠣᠮ ᠲᠠᠢ ᠣᠷᠣᠵᠣ ᠢᠷᠡᠨ᠎ᠡ ᠭᠠᠳᠠᠷ ᠲᠡᠭᠡᠷ᠎ᠡ ᠨᠢ ᠦᠷ ᠢᠶᠠᠷ ᠣᠡᠭᠰᠢᠭ᠌ᠰᠠᠨ ᠰᠣᠷᠣᠭᠴᠢᠳ ᠤᠨ ᠬᠢᠨᠢ                                   ᠨᠢᠳᠦᠨ ᠤ ᠬᠢᠨᠢ ᠭᠡᠷᠡᠯ ᠨᠢ ᠠᠷᠢᠯᠤᠭ᠎ᠠ ᠦᠭᠡᠢ ᠪᠠᠶᠢᠪᠠ ᠪᠠᠭᠰᠢ ᠬᠦᠮᠦᠨ ᠤ ᠪᠢᠷ ᠲᠣᠯᠢᠶᠠᠭᠰᠠᠨ ᠭᠠᠷ ᠯᠡ ᠳ᠋ᠠ ᠠᠩᠭᠢᠷ ᠮᠢᠨᠢ ᠬᠦᠭᠡᠷᠦᠬᠡᠢ ᠬᠡᠮᠡᠨ ᠡᠵᠢ ᠪᠢᠴᠢᠬᠠᠨ ᠬᠡᠣᠬᠡᠳ ᠠᠷᠭᠠᠳᠠᠭ᠎ᠠ ᠴᠦ  ᠰᠢᠭ᠋ ᠠᠯᠠᠭ᠎ᠠ ᠶᠢ ᠨᠢ ᠪᠢᠳᠡᠭᠦᠯᠡᠵᠦ ᠲᠣᠯᠠᠭᠠᠯᠠᠨ ᠡᠷᠭᠢᠭᠦᠯᠦᠨ  ᠲᠣᠭᠠᠯᠠᠭᠰᠠᠨ ᠡᠷᠢᠬᠡ ᠪᠦᠬᠦᠨ ᠤ ᠪᠠᠨ ᠰᠢᠳᠢ ᠶᠢ ᠨᠢ ᠦᠭᠬᠦ ᠬᠡᠮᠡᠨ ᠨᠢᠯᠬᠠᠷᠠᠬᠤ ᠳᠤ ᠡᠷᠦᠬᠡ ᠶᠢᠨ ᠰᠠᠷᠠᠪᠴᠢᠨ ᠤ ᠬᠤᠶᠠᠷ ᠲᠠᠭᠳᠠᠭ᠎ᠠ ᠴᠦ ᠪᠦᠯᠢ ᠪᠠᠷ ᠢᠶᠠᠨ ᠪᠠᠭᠤᠴᠠ ᠲᠣᠭᠤᠶᠢᠯᠠᠨ  ᠬᠦᠭᠡᠷᠦᠨᠡᠮ ᠣᠳᠣᠮ ᠢᠵᠠᠭᠤᠷ ᠤᠨ ᠴᠢᠳᠠᠮᠣᠨᠢ ᠡᠷᠳᠡᠨᠢ ᠭᠤᠯᠣᠮᠳᠠ ᠲᠣᠯᠭ᠎ᠠ ᠪᠠᠨ ᠲᠣᠭᠤᠷᠢᠭ ᠭᠡᠭᠡᠯᠡᠵᠦ ᠣᠶᠠᠬᠠᠨ ᠲᠡᠯᠡᠬᠡᠢ ᠳᠤ ᠪᠠᠨ ᠡᠷᠬᠡᠯᠡᠨ  ᠲᠣᠭᠤᠶᠢᠷᠠᠵᠣ ᠲᠠᠭᠳᠠᠭ᠎ᠠ ᠮᠡᠳᠦ ᠭᠡᠷᠡᠯ ᠤᠨ ᠲᠣᠣᠯᠢ ᠳᠤ ᠨᠡᠪᠳᠡᠷᠡᠬᠦ ᠨᠢ ᠪᠢ                             ᠪᠠᠭᠠᠷᠢᠨ  ᠵᠡᠭᠦᠨ  ᠬᠤᠰᠢᠭᠤᠨ ᠤ ᠮᠣᠩᠭᠤᠯ ᠲᠣᠮᠳᠠᠳᠣ ᠰᠣᠷᠭᠠᠭᠤᠯᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号