ᠦᠨᠲᠦᠷᠯᠢᠭ ᠤᠨ ᠴᠡᠩᠭᠡᠷ ᠨᠢᠲᠦᠨ
ᠨᠡᠶᠢᠲᠡᠯᠡᠭᠰᠡᠨ ᠴᠠᠭ᠄
2020-07-25
                  ᠬᠦᠬᠡ ᠨᠠᠭᠤᠷ ᠢᠶᠠᠷ ᠵᠤᠭᠠᠴᠠᠭᠰᠠᠨ ᠲᠡᠮᠳᠡᠭᠯᠡᠯ                1 ᠤᠳᠬᠤᠨ ᠲᠡᠭᠷᠢ ᠶᠢᠨ ᠤᠳᠤᠨ ᠴᠡᠩᠬᠡᠷ ᠤᠰᠤᠨ —  ᠬᠦᠬᠡ ᠨᠠᠭᠤᠷ ᠤᠨ ᠢᠶᠠᠷ ᠢᠶᠠᠨ ᠴᠡᠩᠬᠡᠷᠲᠦᠨ᠎ᠡ᠂ ᠤᠡᠭᠭᠤᠨ ᠪᠠᠶᠢᠭᠠᠯᠢ ᠶᠢᠨ ᠨᠢᠲᠦᠨ ᠴᠡᠩᠬᠡᠷ ᠵᠢᠰᠦᠨ — ᠬᠦᠬᠡ ᠨᠠᠭᠤᠷ ᠬᠤᠨ ᠢᠶᠠᠷ ᠢᠶᠠᠨ ᠴᠡᠩᠬᠡᠷᠲᠦᠨ᠎ᠡ᠃ ᠤᠰᠤᠨ ᠤ ᠬᠢᠨᠢ ᠬᠦᠨ ᠢ ᠵᠢᠭᠠᠰᠤ ᠨᠢ ᠬᠡᠯᠡᠬᠦ ᠦᠬᠡᠢ ᠴᠡᠩᠬᠡᠷ ᠵᠢᠰᠦᠨ ᠤ ᠬᠢᠨᠢ ᠬᠦᠨ ᠢ ᠵᠡᠬᠡᠰᠦ ᠨᠢ ᠬᠡᠯᠡᠬᠦ ᠦᠬᠡᠢ ᠴᠡᠩᠬᠡᠷ ᠤᠷᠤᠰᠬᠠᠯ ᠤᠨ ᠬᠢᠨᠢ ᠬᠦᠨ ᠢ ᠲᠡᠯᠡᠬᠡᠢ ᠨᠢ ᠬᠡᠮᠵᠢᠬᠦ ᠦᠬᠡᠢ ᠴᠡᠩᠬᠡᠷ ᠤᠳᠬ᠎ᠠ ᠶᠢᠨ ᠬᠢᠨᠢ ᠬᠦᠨ ᠢ ᠲᠡᠭᠷᠢ ᠨᠢ ᠬᠡᠮᠵᠢᠬᠦ ᠦᠬᠡᠢ ᠴᠡᠩᠬᠡᠷ᠃              2 ᠬᠤᠨ ᠢᠶᠠᠷ ᠢᠶᠠᠨ ᠴᠡᠩᠬᠡᠷᠲᠦᠭᠰᠡᠨ ᠬᠦᠬᠡ ᠨᠠᠭᠤᠷ ᠤᠨ ᠬᠢᠨᠢ ᠴᠢᠮ᠎ᠠ ᠳᠤ ᠨᠠᠭᠤᠷ ᠢᠶᠠᠨ ᠬᠡᠬᠡᠬᠦ ᠪᠠᠳᠠᠭ ᠡᠷᠬᠦᠬᠦ ᠦᠬᠡᠢ ᠤᠨ ᠢᠶᠠᠷ ᠢᠶᠠᠨ ᠴᠡᠩᠬᠡᠯᠲᠦᠭᠰᠡᠨ ᠬᠦᠬᠡ ᠤᠰᠤᠨ ᠤ ᠬᠢᠨᠢ ᠴᠢᠮ᠎ᠠ ᠳᠤ ᠨᠢᠭᠤᠷ ᠢᠶᠠᠨ ᠬᠡᠬᠡᠬᠦ ᠬᠠᠳᠠᠭ ᠪᠠᠷᠢᠬᠤ ᠦᠬᠡᠢ᠃ ᠠᠯᠳᠠᠨ ᠶᠤ᠋ ᠬᠤᠨᠳᠠᠭ᠎ᠠ ᠠᠳᠡ ᠠᠰᠬᠠᠷᠠᠬᠤ ᠦᠬᠡᠢ ᠠᠯᠳᠠᠨ ᠨᠠᠷ᠎ᠡ ᠪᠠᠨ ᠬᠤᠭᠤᠯᠵᠦ ᠬᠦᠬᠡ ᠨᠠᠭᠤᠷ ᠴᠢᠮ᠎ᠠ ᠳᠤ ᠰᠦᠬᠦᠳᠬᠦ ᠦᠬᠡᠢ᠂ ᠮᠦᠡᠭᠬᠦᠨ ᠶᠤ᠋ ᠠᠶᠠᠭ᠎ᠠ ᠠᠳᠡ ᠮᠡᠯᠮᠡᠷᠡᠬᠦ ᠦᠬᠡᠢ ᠮᠦᠡᠭᠬᠡ ᠶᠢᠨ ᠶᠤᠰᠤ ᠪᠠᠨ ᠶᠠᠯᠠᠯᠠᠵᠦ ᠬᠦᠬᠡ ᠤᠰᠤᠨ ᠤ ᠬᠢᠨᠢ ᠴᠢᠮ᠎ᠠ ᠳᠤ ᠮᠦᠷᠬᠦᠬᠦ ᠦᠬᠡᠢ᠃ ᠬᠦᠭ ᠠᠯᠳᠠᠷᠠᠬᠤ ᠦᠬᠡᠢ ᠬᠦᠬᠡ ᠤᠰᠤᠨ ᠳᠤ ᠬᠦᠯ  ᠠᠯᠳᠠᠬᠤ ᠦᠬᠡᠢ᠂ ᠵᠢᠰᠦ ᠪᠠᠯᠠᠷᠠᠬᠤ ᠦᠬᠡᠢ ᠬᠦᠬᠡ ᠨᠠᠭᠤᠷ ᠲᠤ ᠵᠢᠷᠦᠬᠡ ᠡᠪᠡᠳᠬᠦ ᠦᠬᠡᠢ᠃           3 ᠨᠠᠭᠤᠷ ᠤᠨ ᠬᠦᠨᠲᠦ ᠪᠠᠨ ᠠᠴᠠᠵᠦ ᠲᠡᠯᠡᠬᠡᠢ ᠲᠤᠭᠤᠷᠢᠭᠰᠡᠨ ᠠᠶᠢᠯᠴᠢᠨ ᠰᠢᠪᠠᠭᠤᠳ ᠲᠠᠭᠤᠤ ᠪᠠᠷ ᠢᠶᠠᠨ ᠴᠡᠩᠬᠡᠷᠲᠦᠨ᠎ᠡ᠂ ᠨᠤᠳᠤᠭ ᠤᠨ ᠬᠦᠨᠲᠦ ᠪᠠᠨ ᠡᠬᠦᠷᠴᠦ ᠲᠡᠭᠷᠢ ᠬᠠᠷᠠᠭᠰᠠᠨ ᠲᠦᠪᠡᠳ ᠮᠠᠯᠴᠢᠨ ᠵᠠᠩ ᠢᠶᠠᠷ ᠢᠶᠠᠨ ᠴᠡᠩᠬᠡᠷᠲᠦᠨ᠎ᠡ᠃ ᠦᠨᠲᠦᠷᠯᠢᠭ ᠤᠨ ᠴᠡᠩᠬᠡᠷ ᠨᠢᠲᠦᠨ — ᠬᠦᠬᠡ ᠨᠠᠭᠤᠷ ᠦᠪᠡᠷ ᠤᠨ ᠵᠢᠰᠦ ᠪᠠᠷ ᠢᠶᠠᠨ ᠴᠡᠩᠬᠡᠷᠲᠦᠨ᠎ᠡ᠂ ᠦᠨᠢᠳᠡ ᠶᠢᠨ ᠴᠡᠯᠮᠡᠭ ᠴᠢᠷᠠᠢ — ᠬᠦᠬᠡ ᠤᠰᠤᠨ ᠡᠪᠦᠬᠡᠳ ᠤᠨ ᠵᠢᠰᠦ ᠪᠠᠷ ᠢᠶᠠᠨ ᠴᠡᠩᠬᠡᠷᠲᠦᠨ᠎ᠡ᠃ ᠠᠮᠢᠵᠢᠷᠠᠯ ᠢᠶᠠᠷ ᠴᠠᠯᠬᠢᠯᠠᠭᠰᠠᠨ ᠬᠦᠬᠡ ᠤᠰᠤᠨ᠂ ᠪᠠᠶᠠᠷᠳᠠᠢ︕ ᠠᠬᠢᠭᠠᠳ ᠢᠷᠡᠬᠦ ᠳᠡᠭᠡᠨ ᠠᠮᠢᠵᠢᠷᠠᠯ ᠢᠶᠠᠷ ᠴᠢᠨᠢ ᠵᠢᠷᠭᠠᠶ᠎ᠠ︕ ᠠᠮᠢᠳᠤᠷᠠᠯ ᠢᠶᠠᠷ ᠴᠠᠯᠬᠢᠯᠠᠭᠰᠠᠨ ᠲᠦᠪᠡᠳ ᠮᠠᠯᠴᠢᠨ᠂ ᠪᠠᠶᠠᠷᠳᠠᠢ︕ ᠲᠠᠬᠢᠭᠠᠳ ᠵᠤᠯᠭᠠᠬᠤ ᠳᠠᠭᠠᠨ ᠠᠮᠢᠳᠤᠷᠠᠯ ᠢᠶᠠᠷ ᠴᠢᠨᠢ ᠨᠠᠷᠬᠢᠶ᠎ᠠ︕ ᠵᠤᠬᠢᠶᠠᠭᠴᠢ — ᠬᠡᠰᠢᠭᠳᠡᠨ ᠬᠤᠰᠢᠭᠤᠨ ᠤ ᠪᠢᠷᠠᠭᠤ ᠶᠢᠨ ᠮᠤᠩᠭᠤᠯ ᠪᠠᠭ᠎ᠠ ᠰᠤᠷᠭᠠᠭᠤᠯᠢ ᠶᠢᠨ ᠤᠳᠬᠤᠨᠪᠠᠭᠠᠳᠤᠷ᠂ ᠤᠳᠠᠰᠤ —15047655292
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号